ᠰᠢᠨ᠎ᠡ ᠵᠢᠯ ᠤᠨ ᠮᠣᠩᠭᠤᠯ ᠬᠤᠪᠴᠠᠰᠣᠨ ᠤ ᠵᠠᠬᠢᠶᠠᠯᠠᠭ᠎ᠠ ᠬᠦᠭᠵᠢᠶᠡᠨ ᠲᠠᠢ ᠪᠠᠶᠢᠨ᠎ᠠ
ᠨᠡᠶᠢᠲᠡᠯᠡᠭᠰᠡᠨ ᠴᠠᠭ᠄
2021/2/7
     ᠰᠢᠨ᠎ᠡ ᠵᠢᠯ ᠤᠨ ᠮᠣᠩᠭᠤᠯ ᠬᠤᠪᠴᠠᠰᠣᠨ ᠤ ᠵᠠᠬᠢᠶᠠᠯᠠᠭ᠎ᠠ ᠬᠦᠭᠵᠢᠶᠡᠨ ᠲᠠᠢ ᠪᠠᠶᠢᠨ᠎ᠠ                                       ᠮᠣᠩᠭᠤᠯ ᠬᠤᠪᠴᠠᠰᠣ ᠪᠣᠯ ᠮᠣᠩᠭᠤᠯᠴᠣᠳ ᠤᠨ ᠠᠵᠢᠯ ᠠᠮᠢᠳᠣᠷᠠᠯ ᠤᠨ ᠣᠨᠴᠠᠯᠢᠭ ᠰᠢᠨᠵᠢ ᠳᠤ ᠵᠣᠬᠢᠴᠠᠭᠰᠠᠨ ᠬᠠᠯᠠᠭᠤᠨ ᠬᠦᠢᠳᠡᠨ ᠠᠴᠠ ᠬᠠᠯᠬᠠᠯᠠᠬᠤ  ᠂ ᠮᠣᠷᠢ ᠣᠨᠤᠭ᠎ᠠ᠂ ᠣᠳᠣᠷ ᠨᠡᠬᠦᠳᠡᠯ ᠳᠤ ᠵᠣᠬᠢᠴᠠᠭᠰᠠᠨ ᠡᠮᠦᠰᠬᠡᠯ ᠵᠠᠰᠠᠯ ᠪᠠᠶᠢᠵᠣ ᠂ ᠡᠩ ᠤᠨ ᠠᠮᠢᠳᠣᠷᠠᠯ ᠠᠴᠠ ᠡᠬᠢᠯᠡᠭᠡᠳ  ᠬᠤᠷᠢᠮ ᠲᠦᠷᠦ ᠶᠢᠨ ᠶᠣᠰᠣᠯᠠᠯ ᠳᠤ ᠥᠷᠭᠡᠨ ᠢᠶᠠᠷ ᠡᠳ᠋ᠯᠡᠭᠰᠡᠭᠡᠷ ᠢᠷᠡᠭᠰᠡᠨ ᠪᠢᠯᠡ
        ᠪᠠᠷᠠᠭᠤᠨ ᠦᠵᠦᠮᠦᠴᠢᠨ ᠬᠤᠰᠢᠭᠤᠨ ᠳᠤ ︿ᠨᠠᠷᠠᠨ ᠵᠦᠪ﹀ ᠮᠣᠩᠭᠤᠯ ᠣᠶᠣᠳᠠᠯ ᠤᠨ ᠭᠠᠵᠠᠷ ᠨᠡᠭᠡᠭᠡᠨ ᠠᠵᠢᠯᠯᠠᠭᠤᠯᠳᠠᠭ ᠵᠠᠯᠠᠭᠤᠬᠠᠨ ᠪᠦᠰᠡᠭᠦᠢ ᠰᠣᠶᠣᠯᠴᠢᠮᠡᠭ᠂ ᠴᠠᠭᠠᠨ ᠰᠠᠷ᠎ᠠ ᠶᠢᠨ ᠲᠡᠪᠡᠯ ᠬᠤᠪᠴᠠᠰᠣᠨ ᠤ  ᠵᠠᠬᠢᠶᠠᠯᠠᠭ᠎ᠠ ᠪᠠᠨ ᠲᠠᠭᠤᠰᠬᠠᠬᠤ ᠭᠡᠵᠦ ᠣᠶᠣᠳᠠᠯ ᠤᠨ ᠲᠠᠰᠤᠭ ᠤᠨ ᠬᠡᠳᠦ ᠲᠠᠢ ᠪᠠᠨ ᠡᠳᠦᠷ ᠰᠦᠨᠢ ᠶᠢᠨ ᠡᠭᠡᠯᠵᠢᠨ ᠳᠤ ᠶᠠᠭᠠᠷᠠᠣᠬᠠᠨ ᠠᠵᠢᠯᠯᠠᠨ᠎ᠠ᠃
     ᠣᠳᠠᠰᠣ ᠵᠡᠭᠦᠦ ᠶᠢᠨ ᠵᠦᠭ ᠢ ᠮᠡᠳᠡᠭᠰᠡᠨ ᠴᠠᠭ ᠠᠴᠠ ᠯᠡ ᠣᠷᠠᠨ ᠣᠶᠣᠳᠠᠯ ᠳᠤ ᠣᠶᠢᠷᠠᠬᠠᠨ ᠶᠠᠪᠣᠭᠰᠠᠨ ᠲᠡᠷᠡᠪᠡᠷ᠂ 2004   ᠤ ᠣᠨ ᠤ  ᠦᠶ᠎ᠡ ᠪᠠᠷ ᠬᠠᠷᠢ ᠬᠤᠯᠠ ᠶᠠᠫᠣᠨ ᠣᠯᠣᠰ ᠲᠤ ᠠᠵᠣ ᠠᠬᠤᠢ ᠶᠢᠨ ᠮᠡᠷᠭᠡᠵᠢᠯ ᠰᠣᠷᠴᠣ ᠠᠵᠢᠯᠯᠠᠵᠣ ᠪᠠᠶᠢᠭᠰᠠᠨ ᠪᠣᠯ᠂ ᠬᠠᠷᠢᠵᠣ ᠢᠷᠡᠭᠰᠡᠨ ᠤ ᠪᠠᠨ ᠲᠠᠷᠠᠭ᠎ᠠ ᠬᠦᠭᠡᠬᠤᠳᠠ᠂ ᠰᠢᠯᠣᠭᠤᠨ ᠬᠦᠭᠡ ᠬᠤᠰᠢᠭᠤᠨ ᠳᠤ ᠣᠶᠣᠳᠠᠯ ᠤᠨ ᠮᠡᠷᠭᠡᠵᠢᠯ ᠢᠶᠠᠷ ᠢᠶᠠᠨ ᠦᠢᠯᠡᠰ ᠤᠨ ᠵᠠᠮ ᠢᠶᠠᠨ ᠡᠬᠢᠯᠡᠬᠦᠯᠵᠦ ᠪᠠᠶᠢᠭᠰᠠᠨ ᠪᠦᠭᠡᠳ ᠮᠣᠩᠭᠤᠯ ᠬᠤᠪᠴᠠᠰᠣ ᠣᠷᠠᠯᠠᠵᠣ ᠡᠰᠬᠡᠬᠦ᠂ ᠵᠢᠷᠣᠵᠣ ᠲᠦᠰᠦᠪᠯᠡᠬᠦ᠂ ᠥᠩᠭᠡ ᠪᠣᠳᠤᠭ ᠲᠠᠭᠠᠷᠠᠭᠤᠯᠬᠤ ᠵᠡᠷᠭᠡ ᠬᠠᠮᠢᠶᠠᠲᠠᠢ ᠮᠡᠷᠭᠡᠵᠢᠯ ᠢᠶᠠᠷ ᠥᠪᠡᠷ ᠢ ᠪᠠᠨ ᠴᠡᠨᠡᠭᠯᠡᠵᠦ᠂ ᠮᠡᠳᠡᠯᠭᠡ ᠮᠡᠷᠭᠡᠵᠢᠯ ᠢᠶᠠᠷ ᠣᠷ᠎ᠠ ᠣᠶᠣᠳᠠᠯ ᠤᠨ ᠥᠷᠭᠡᠨ ᠵᠠᠢ ᠳᠤ  ᠥᠪᠡᠷ ᠤᠨ ᠬᠡᠰᠡᠨ  ᠣᠨᠴᠠᠯᠢᠭᠲᠠᠢ ᠬᠤᠪᠴᠠᠰᠣ ᠵᠠᠰᠠᠯ ᠢ ᠬᠦᠮᠦᠰ ᠲᠤ ᠲᠠᠨᠢᠭᠤᠯᠵᠣ  ᠢᠷᠡᠵᠡᠢ᠃
    ᠵᠢᠯ ᠤᠨ ᠲᠦᠷᠪᠡᠨ ᠣᠯᠠᠷᠢᠯ ᠢᠶᠠᠷ ᠢᠶᠠᠨ ᠲᠡᠷᠯᠢᠭ ᠬᠤᠪᠴᠠᠰᠣᠨ ᠤ ᠵᠠᠬᠢᠶᠠᠯᠠᠭ᠎ᠠ ᠲᠠᠰᠣᠷᠠᠳᠠᠭ ᠦᠭᠡᠢ ᠡᠳᠡᠨ ᠤ ᠳᠤ ᠵᠢᠯ ᠴᠠᠭᠠᠨ ᠰᠠᠷ᠎ᠠ ᠭᠡᠪᠡᠯ ᠣᠶᠣᠳᠠᠯ ᠬᠢᠳᠡᠯ ᠭᠡᠵᠦ ᠨᠣᠶᠢᠷ ᠬᠤᠭᠤᠯᠠ ᠶᠢ ᠨᠢ ᠬᠠᠰᠣᠬᠤ ᠠᠷᠪᠢᠨ ᠠᠵᠢᠯ ᠤᠳ ᠪᠣᠯᠵᠣ᠂ ᠪᠢᠳᠡᠭᠦᠨ ᠬᠦᠷᠳᠡᠯ᠎ᠡ ᠣᠳᠠᠰᠣ ᠵᠡᠭᠦᠦ ᠠᠴᠠ ᠰᠠᠯᠬᠤ ᠶᠢᠨ ᠵᠠᠪ ᠦᠭᠡᠢ ᠪᠠᠶᠢᠳᠠᠭ ᠪᠣᠯ ᠡᠨᠡ ᠵᠢᠯ ᠴᠦ ᠠᠳᠠᠯᠢᠬᠠᠨ ᠪᠠᠶᠢᠯ᠎ᠠ᠃    ᠵᠢᠯ ᠴᠠᠭᠠᠨ ᠰᠠᠷ᠎ᠠ ᠥᠩᠭᠡᠷᠡᠭᠰᠡᠭᠡᠷ ᠯᠡ ᠰᠢᠨ᠎ᠡ ᠣᠨ ᠤ ᠵᠠᠬᠢᠶᠠᠯᠠᠭ᠎ᠠ ᠪᠠᠨ ᠳᠣᠰᠠᠳᠠᠭ ᠡᠳᠡᠨᠡᠶᠢᠬᠢ ᠵᠢᠯ ᠳᠤ ᠬᠡᠴᠢᠨᠡᠨ ᠵᠠᠬ᠎ᠠ ᠬᠤᠪᠴᠠᠰᠣ ᠣᠶᠣᠭᠰᠠᠨ ᠢᠶᠠᠨ ᠲᠣᠭᠠᠯᠠᠭ᠎ᠠ ᠦᠭᠡᠢ ᠴᠣ᠋ ᠪᠦᠬᠦ ᠵᠢᠯ ᠤᠨ ᠵᠠᠬᠢᠶᠠᠯᠠᠭ᠎ᠠ ᠡᠨᠡ ᠬᠡᠳᠦᠨ ᠲᠡᠪᠳᠡᠷ ᠲᠤ ᠪᠠᠶᠢᠭ᠎ᠠ ᠭᠡᠵᠦ ᠭᠤᠷᠪᠠ ᠲᠦᠷᠪᠡᠨ ᠵᠠᠬᠢᠶᠠᠯᠠᠭ᠎ᠠ ᠶᠢᠨ ᠲᠡᠮᠳᠡᠭᠯᠡᠯ ᠢᠶᠠᠨ ᠪᠢᠳᠡᠨ ᠳᠤ ᠦᠵᠡᠭᠦᠯᠵᠣ ᠪᠠᠶᠢᠭᠰᠠᠨ ᠶᠣᠮ᠃
    ᠬᠡᠷᠡᠭᠯᠡᠭᠴᠢᠳ ᠤᠨ ᠬᠡᠷᠡᠭᠴᠡᠭᠡ ᠱᠠᠭᠠᠷᠳᠠᠯᠭ᠎ᠠ ᠵᠢᠯ ᠠᠴᠠ ᠵᠢᠯ ᠠᠷᠪᠢᠵᠢᠵᠣ᠂ ᠮᠣᠩᠭᠤᠯ ᠬᠤᠪᠴᠠᠰᠣ ᠵᠠᠰᠠᠯ ᠢ  ᠡᠯᠪᠡᠭ ᠡᠳ᠋ᠯᠡᠬᠦ ᠪᠣᠯᠣᠭᠰᠠᠨ ᠥᠨᠥᠳᠦᠷ᠂ ᠶᠠᠭᠠᠷᠠᠦᠬᠠᠨ ᠠᠵᠢᠯ ᠤᠨ ᠢᠶᠠᠨ ᠳᠣᠮᠳᠠᠭᠤᠷ ᠣᠶᠣᠳᠠᠯᠴᠢᠨ ᠰᠣᠶᠣᠯᠴᠢᠮᠡᠭ ᠮᠠᠨᠢ ᠮᠣᠩᠭᠤᠯ ᠬᠤᠪᠴᠠᠰᠣ ᠵᠠᠰᠠᠯ ᠤᠨ ᠢᠶᠠᠨ ᠲᠣᠬᠠᠢ ᠨᠣᠮ ᠪᠢᠴᠢᠭ ᠢ ᠣᠯᠠᠨ ᠣᠩᠰᠢᠵᠣ᠂ ᠮᠣᠩᠭᠤᠯ ᠬᠤᠪᠴᠠᠰᠣ ᠵᠠᠰᠠᠯ ᠤᠨ ᠦᠦᠭᠡ ᠲᠡᠦᠭᠡ᠂ ᠣᠶᠣᠵᠣ ᠣᠷᠠᠯᠠᠬᠤ ᠶᠣᠰᠣ ᠵᠠᠶ᠋ᠢᠭ᠂ ᠬᠡᠮ ᠬᠡᠮᠵᠢᠶ᠎ᠡ ᠶᠢ ᠣᠯᠠᠮ ᠴᠢᠨᠠᠭᠰᠢ  ᠰᠣᠷᠣᠯᠴᠠᠨ᠂ ᠵᠣᠷᠢᠵᠣ ᠶᠠᠪᠣᠭ᠎ᠠ ᠦᠢᠯᠡᠰ ᠲᠤ ᠪᠠᠨ  ᠢᠳᠡᠭᠡᠯ ᠲᠡᠮᠡᠦᠯᠡᠯ ᠲᠠᠢ ᠭᠠᠨᠵᠤᠭ᠎ᠠ ᠲᠦᠭᠦᠷᠡᠩ ᠶᠠᠪᠣᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号