ᠮᠠᠯ ᠤᠨ ᠤᠩᠭᠠᠰᠤ ᠨᠤᠤᠰᠤ ᠪᠤᠯᠪᠠᠰᠤᠷᠠᠭᠤᠯᠵᠦ ᠡᠳ᠋ᠯᠡᠬᠦ
ᠨᠡᠶᠢᠲᠡᠯᠡᠭᠰᠡᠨ ᠴᠠᠭ᠄
2020/12/18
            ᠮᠠᠯ ᠤᠨ ᠤᠩᠭᠠᠰᠤ ᠨᠤᠤᠰᠤ ᠪᠤᠯᠪᠠᠰᠤᠷᠠᠭᠤᠯᠵᠦ ᠡᠳ᠋ᠯᠡᠬᠦ     ᠤᠩᠭᠠᠰᠤ ᠨᠣᠣᠰᠣ ᠶᠢ ᠪᠣᠯᠪᠠᠰᠤᠷᠠᠭᠤᠯᠵᠤ ᠦᠢᠯᠳᠪᠤᠷᠢᠯᠡᠬᠦ ᠪᠣᠯ ᠮᠣᠩᠭᠤᠯᠴᠤᠳ ᠤᠨ ᠡᠷᠲᠡᠨ ᠤ ᠬᠥᠭᠵᠢᠭᠰᠡᠨ ᠭᠠᠷ ᠦᠢᠯᠡᠳᠪᠦᠷᠢ ᠶᠢᠨ ᠴᠢᠬᠤᠯᠠ ᠨᠢᠭᠡ ᠲᠦᠷᠦᠯ ᠮᠦᠨ᠃《 ᠮᠣᠩᠭᠤᠯ ᠤᠨ ᠨᠢᠭᠤᠴᠠ ᠲᠣᠪᠴᠢᠶᠠᠨ》 ᠳᠤ  ᠄《 ᠡᠶᠢᠨ ᠬᠦ ᠢᠰᠡᠭᠡᠢ ᠲᠤᠭᠤᠷᠭᠠᠲᠠᠨ ᠤᠯᠤᠰ ᠢ ᠲᠦᠪᠰᠢᠳᠬᠡᠭᠡᠳ ᠪᠠᠷᠰ ᠵᠢᠯ ᠣᠨᠣᠨ ᠭᠤᠣᠯ ᠤᠨ ᠡᠬᠢᠨ ᠳᠤ ᠶᠡᠭᠡ ᠬᠤᠷᠠᠯ ᠬᠤᠷᠠᠯᠳᠤᠵᠤ ᠶᠢᠰᠤᠨ ᠬᠦᠯᠲᠤ ᠴᠠᠭᠠᠨ ᠲᠤᠭ ᠢ  ᠮᠠᠨᠳᠤᠭᠤᠯᠤᠭᠠᠳ ᠲᠡᠮᠦᠵᠢᠨ ᠳᠤ ᠴᠢᠩᠭᠢᠰ ᠬᠠᠭᠠᠨ ᠭᠡᠬᠦ ᠴᠤᠯᠠ ᠦᠭᠴᠦ ᠮᠣᠩᠭᠤᠯ ᠤᠯᠤᠰ ᠵᠢᠩᠬᠢᠨᠢ ᠪᠠᠷ ᠪᠠᠶᠢᠭᠤᠯᠤᠭᠳᠠᠵᠤ ᠬᠠᠭᠠᠨ ᠡᠷᠭᠦᠮᠵᠢᠯᠡᠪᠡ᠃》 ︵︽ᠮᠣᠩᠭᠤᠯ ᠤᠨ ᠨᠢᠭᠤᠴᠠ ᠲᠣᠪᠴᠢᠶᠠᠨ ︾ ᠤ  ᠬᠠᠷᠭᠤᠭᠤᠯᠤᠨ ᠬᠢᠨᠠᠭᠰᠠᠨ ᠳᠡᠪᠲᠡᠷ᠂175 ᠳ᠋ᠤᠭᠠᠷ ᠨᠢᠭᠤᠷ ᠲᠤ︶ ᠭᠡᠳᠡᠭ᠃ ᠠᠳᠡ ᠬᠡᠯᠡᠭᠰᠡᠨ᠄ ︽ᠢᠰᠡᠭᠡᠢ ᠲᠤᠭᠤᠷᠭᠠᠲᠠᠨ ᠣᠯᠣᠰ︾ ᠭᠡᠳᠡᠭ ᠪᠣᠯ ᠮᠣᠩᠭᠤᠯᠴᠤᠳ ᠤᠨ ᠤᠩᠭᠠᠰᠤ ᠨᠣᠣᠰᠣ ᠪᠣᠯᠪᠠᠰᠤᠷᠠᠭᠤᠯᠬᠤ ᠭᠠᠷ ᠦᠢᠯᠡᠳᠪᠦᠷᠢ ᠠᠯᠢ ᠡᠷᠲᠡ ᠬᠦᠭᠵᠢᠭᠡᠳ ᠲᠡᠯᠡᠬᠡᠢ ᠳᠡᠭᠡᠷ᠎ᠡ᠂ ᠮᠠᠯ ᠤᠨ ᠤᠩᠭᠠᠰᠤ ᠨᠣᠣᠰᠣ ᠶᠢ ᠦᠢᠯᠡᠳᠪᠦᠷᠢᠯᠡᠵᠦ ᠬᠠᠮᠤᠭ ᠠᠩᠬ᠎ᠠ ᠭᠡᠷ ᠣᠷᠤᠨ ᠰᠠᠭᠤᠴᠠ ᠳᠤ ᠬᠡᠷᠡᠭᠯᠡᠭᠰᠡᠨ ᠠᠴᠠ ︽ᠢᠰᠡᠭᠡᠢ ᠲᠤᠭᠤᠷᠭᠠᠲᠠᠨ︾ ᠭᠡᠵᠤ ᠬᠤᠷᠸ᠎ᠠ ᠳᠤ ᠦᠢᠯᠡᠳᠦᠯᠭᠡ ᠪᠠᠷ ᠢᠶᠠᠨ ᠴᠣᠯᠠᠯᠠᠭᠳᠠᠭᠰᠠᠨ ᠢᠷᠠᠭᠤ ᠠᠯᠲᠠᠷᠲᠦ ᠨᠡᠷᠡᠶᠢᠳᠤᠯ ᠮᠦᠨ᠃    ᠮᠣᠩᠭᠤᠯᠴᠤᠤᠳ ᠤᠨ ᠮᠠᠯ ᠤᠨ ᠠᠰᠢᠭ ᠰᠢᠮ᠎ᠡ ᠶᠢ ᠠᠰᠢᠭᠯᠠᠨ ᠦᠢᠯᠡᠳᠪᠦᠷᠢᠯᠡᠬᠦ ᠳᠤᠮᠳᠠᠬᠢ ᠤᠩᠭᠠᠰᠤ ᠨᠣᠣᠰᠣ ᠶᠢ ᠶᠡᠭᠡ ᠪᠠᠷ ᠪᠣᠯᠪᠠᠰᠤᠷᠠᠭᠤᠯᠳᠠᠭ ᠦᠢᠯᠡᠰ᠂ ᠦᠵᠦᠮᠦᠴᠢᠨ ᠳᠤ ᠳᠣᠶᠢᠯᠪᠤᠷᠢᠲᠠᠢ ᠤᠯᠠᠮᠵᠢᠯᠠᠭᠳᠠᠭᠰᠠᠨ ᠮᠦᠷᠲᠡᠭᠡᠨ ᠴᠢᠨᠠᠭᠰᠢᠲᠠ ᠬᠦᠭᠵᠢᠭᠡᠳ ᠦᠵᠦᠮᠦᠴᠢᠨ ᠤ ᠭᠠᠷ ᠦᠢᠯᠡᠳᠪᠦᠷᠢ ᠶᠢᠨ ᠪᠦᠲᠦᠴᠡ ᠶᠢᠨ ᠴᠢᠬᠤᠯᠠ ᠪᠦᠷᠢᠯᠳᠦᠭᠦᠨ ᠪᠣᠯᠵᠠᠢ᠃ ᠨᠡᠩ ᠴᠤ ᠭᠠᠷ ᠦᠢᠯᠡᠳᠪᠦᠷᠢᠯᠡᠯ ᠠᠴᠠ ᠴᠠᠰᠢ ᠳᠠᠪᠰᠢᠵᠤ᠂ ᠢᠰᠡᠭᠡᠢ ᠬᠢᠬᠦ ᠳᠤ ᠲᠡᠳᠠ ᠮᠣᠷᠢ ᠶᠢᠨ ᠬᠦᠴᠤ ᠶᠢ ᠬᠡᠷᠡᠭᠯᠡᠭᠰᠡᠨ ᠠᠴᠠ ︽ᠬᠠᠭᠠᠰ ᠮᠣᠷᠢᠴᠢᠯᠠᠭᠰᠠᠨ ᠦᠢᠯᠡᠳᠪᠦᠷᠢ︾ ᠪᠣᠯᠤᠭᠰᠠᠨ ᠪᠠᠶᠢᠨ᠎ᠠ᠃    ᠦᠵᠦᠮᠦᠴᠢᠨ ᠳᠤ᠂ ᠬᠤᠨᠢᠨ ᠤ ᠤᠩᠭᠠᠰᠤ ᠶᠢ ᠬᠠᠮᠤᠭ ᠦᠷᠭᠡᠨ ᠬᠡᠮᠵᠢᠶ᠎ᠡ ᠪᠠᠷ ᠦᠢᠯᠡᠳᠪᠦᠷᠢᠯᠡᠵᠦ ᠢᠷᠡᠵᠠᠢ᠃ ᠲᠡᠳᠡ ᠮᠠᠯ ᠠᠵᠦ ᠠᠬᠤᠢ ᠶᠢᠨ ᠣᠨᠴᠠᠯᠢᠭ ᠪᠠ ᠬᠤᠨᠢᠨ ᠤ ᠤᠩᠭᠠᠰᠤ ᠶᠢ ᠬᠡᠷᠡᠭᠯᠡᠬᠦ ᠬᠡᠷᠡᠭᠴᠡᠭᠡ ᠠᠴᠠ ᠪᠣᠯᠵᠤ᠂ ᠡᠷᠲᠡᠨ ᠠᠴᠠ ᠪᠠᠨ ᠬᠤᠨᠢᠨ ᠤ ᠤᠩᠭᠠᠰᠤ ᠶᠢ ᠨᠢᠭᠡ ᠵᠢᠯ ᠳᠤ ᠭᠤᠷᠪᠠ ᠤᠳᠠᠭ᠎ᠠ ᠬᠠᠶᠢᠴᠢᠯᠠᠵᠤ ᠠᠪᠤᠳᠠᠭ ᠪᠠᠶᠢᠨ᠎ᠠ᠃ ᠵᠤᠨ ᠤ ᠡᠬᠢᠨ ᠤ ᠰᠠᠷ᠎ᠠ ᠳᠤ ᠬᠤᠨᠢᠨ ᠤ ᠤᠷᠲᠤ ᠶᠢᠨ ᠤᠩᠭᠠᠰᠤ ᠶᠢ ᠠᠪᠦᠨ᠎ᠠ᠃ ᠡᠭᠦᠨ ᠢ《 ᠬᠤᠨᠢ ᠵᠣᠯᠭᠠᠨ᠎ᠠ》ᠭᠡᠬᠦ ᠪᠣᠶᠣ ︽ᠬᠤᠨᠢᠨ ᠤ ᠤᠷᠲᠦ ᠶᠢ ᠬᠠᠶᠢᠴᠢᠯᠠᠨ᠎ᠠ︾ ᠭᠡᠨ᠎ᠡ᠃ ᠵᠣᠨ ᠤ ᠳᠤᠮᠳᠠ ᠰᠠᠷ᠎ᠠ ᠳᠤ ᠬᠤᠷᠠᠭᠠᠨ ᠤᠩᠭᠠᠰᠤ ᠶᠢ ᠬᠠᠶᠢᠴᠢᠯᠠᠵᠤ ᠠᠪᠤᠨ᠎ᠠ  ᠃ ᠡᠭᠦᠨ ᠢ ︽ᠬᠤᠷᠠᠭ᠎ᠠ ᠬᠠᠶᠢᠴᠢᠯᠠᠨ᠎ᠠ︾ ᠭᠡᠳᠡᠭ᠃ ᠨᠠᠮᠤᠷ ᠤᠨ ᠳᠤᠮᠳᠠ ᠰᠠᠷ᠎ᠠ ᠶᠢᠨ ᠰᠢᠨᠡᠳ ᠢᠶᠠᠷ ᠬᠤᠨᠢᠨ ᠤ ᠠᠬᠠᠷ ᠤᠨ ᠤᠩᠭᠠᠰᠤ ᠶᠢ ᠬᠠᠶᠢᠴᠢᠯᠠᠵᠤ ᠠᠪᠤᠨ᠎ᠠ᠃ ᠡᠭᠦᠨ ᠢ ︽ᠬᠤᠨᠢ ᠠᠬᠠᠷᠯᠠᠨ᠎ᠠ︾ ᠭᠡᠨ᠎ᠡ  ᠃  ᠬᠤᠷᠠᠭ᠎ᠠ ᠠᠬᠠᠷᠯᠠᠬᠤ᠂ ᠬᠤᠨᠢ ᠬᠠᠶᠢᠴᠢᠯᠠᠬᠤ ᠪᠣᠯ ᠦᠵᠦᠮᠦᠴᠢᠨ ᠳᠤ ᠣᠩᠭᠠᠰᠤ ᠨᠣᠣᠰᠣ ᠨᠠᠷᠢᠯᠢᠭ ᠬᠢᠬᠦ ᠱᠠᠭᠠᠷᠳᠠᠯᠭ᠎ᠠ ᠠᠴᠠ ᠳᠣᠭᠲᠠᠭᠠᠭᠳᠠᠭᠰᠠᠨ ᠶᠤᠮ᠃     ᠬᠤᠨᠢᠨ ᠤ ᠣᠩᠭᠠᠰᠤ ᠪᠣᠯ ᠢᠰᠡᠭᠡᠢ ᠬᠢᠬᠦ ᠶᠢᠨ ᠲᠦᠭᠦᠬᠡᠢ ᠮᠠᠲ᠋ᠧᠷᠢᠶᠠᠯ ᠮᠦᠨ᠃ ᠦᠵᠦᠮᠦᠴᠢᠨ ᠳᠤ ︽ᠠᠬᠠᠷ  ︾᠂ ︽ᠬᠤᠷᠠᠭᠠᠨ ᠣᠩᠭᠠᠰᠤ  ︾ ᠪᠠᠷ ᠭᠤᠣᠯ ᠪᠣᠯᠭᠠᠵᠤ᠂ ︽ᠣᠷᠲᠦ ᠶᠢᠨ ᠣᠩᠭᠠᠰᠤ︾ ᠪᠠᠷ ᠬᠠᠪᠰᠤᠷᠤᠮᠵᠢ ᠪᠣᠯᠭᠠᠵᠤ ᠢᠰᠡᠭᠡᠢ ᠬᠢᠨ᠎ᠡ᠂ ᠢᠰᠡᠭᠡᠢ ᠬᠢᠬᠦ ᠳᠤ ᠴᠠᠭ ᠤᠯᠠᠷᠢᠯ ᠤᠨ ᠬᠡᠷᠡᠭᠴᠡᠭᠡ ᠠᠴᠠ ᠪᠣᠯᠵᠣ ᠲᠦᠷᠦᠭᠦᠦ ᠵᠢᠯ ᠤᠨ ︽ᠠᠬᠠᠷ ᠤᠨ ᠤᠩᠭᠠᠰᠤ︾ ᠂ ᠲᠤᠰ ᠵᠢᠯ ᠤᠨ ︽ᠬᠤᠷᠭᠠᠨ ᠤᠩᠭᠠᠰᠤ  ︾᠂ ︽ᠤᠷᠲᠦ ᠶᠢᠨ ᠣᠩᠭᠠᠰᠤ︾ ᠪᠠᠷ ᠰᠢᠨ᠎ᠡ ᠵᠢᠯ ᠤᠨ ᠢᠰᠡᠭᠡᠢ ᠶᠢ ᠬᠢᠳᠡᠭ᠃     ︽ᠠᠬᠠᠷ︾᠂ ︽ᠬᠤᠷᠠᠭᠠᠨ ᠤᠩᠭᠠᠰᠤ  ︾ ᠶᠢ ᠪᠦᠷ ᠰᠠᠪᠠᠵᠤ ᠬᠡᠷᠡᠭᠯᠡᠨ᠎ᠡ᠃ ᠡᠭᠦᠨ ᠢ ᠤᠩᠭᠠᠰᠦ ᠰᠠᠪᠠᠭ᠋ᠤ ᠭᠡᠳᠡᠭ᠃ ᠣᠩᠭᠠᠰᠤ ᠶᠢ ᠵᠤᠨ ᠤ ᠳᠣᠮᠳᠠ ᠰᠠᠷ᠎ᠠ ᠳᠤ ᠳᠤᠯᠠᠶᠢᠭᠰᠠᠨ ᠨᠠᠷᠠ ᠲᠠᠢ ᠬᠠᠯᠠᠭᠤᠨ ᠡᠳᠤᠷ ᠰᠠᠪᠠᠳᠠᠭ᠃ ᠤᠩᠭᠠᠰᠤ ᠰᠠᠪᠠᠭ᠋ᠤ ᠠᠵᠢᠯ ᠪᠠᠰᠠ ᠦᠪᠡᠷ ᠤᠨ ᠣᠨᠴᠠᠯᠢᠭ ᠲᠠᠢ᠃ ︽ᠭᠡᠷ ᠤᠨ ᠪᠠᠭᠤᠴᠢ︾ ᠶᠢᠨ ᠴᠢᠨᠡᠭᠡ ᠳᠡᠭᠰᠢ ᠭᠠᠵᠠᠷ ᠲᠤ ᠭᠤᠣᠯ ᠳᠤᠨᠢ ᠰᠢᠷᠣᠢ ᠬᠢᠵᠤ ᠭᠦᠳᠦᠶᠢᠯᠭᠡᠨ ᠵᠠᠰᠠᠭᠠᠳ ᠳᠡᠭᠡᠷ᠎ᠡ ᠨᠢ ᠦᠬᠡᠷ ᠮᠣᠷᠢ ᠶᠢᠨ ᠴᠣᠯᠭᠤᠢ ᠰᠢᠷᠢ ᠳᠡᠭᠡᠷ᠎ᠡ ᠪᠠᠨ ᠠᠬᠠᠷ ᠤᠩᠭᠠᠰᠤ ᠪᠠᠨ ᠪᠦᠯᠦᠭ ᠪᠦᠯᠦᠭ ᠰᠠᠪᠠᠭ᠋ᠤ ᠬᠡᠮᠵᠢᠶ᠎ᠡ ᠪᠠᠷ ᠳᠠᠰᠤᠯᠵᠤ ᠲᠠᠯᠪᠢᠨ᠂ ᠰᠠᠪᠠᠭ᠋ᠤ ᠬᠦᠮᠦᠰ ᠨᠢ ᠰᠢᠷᠢ ᠪᠠᠨ ᠳᠣᠭᠤᠷᠢᠵᠤ ᠰᠠᠭᠤᠭᠠᠳ ᠣᠩᠭᠠᠰᠤ ᠪᠠᠨ ᠴᠣᠬᠢᠵᠤ ᠰᠠᠪᠠᠯᠴᠢᠨ᠎ᠠ᠃  ᠬᠦᠮᠦᠨ ᠪᠦᠷᠢ 2.5—3 ᠳᠣᠬᠤᠢ ᠦᠨᠳᠤᠷ ᠨᠢᠭᠡ ᠬᠤᠣᠰ ᠮᠣᠶᠢᠯ ᠤᠨ ᠮᠣᠳᠤᠨ ︵ᠮᠣᠶᠢᠯ ᠤᠨ ᠮᠣᠳᠣ ᠬᠠᠮᠤᠭ ᠤᠨ ᠰᠠᠶᠢᠨ︶ ᠰᠠᠪᠠᠭ᠎ᠠ ᠪᠠᠷᠢᠵᠤ ᠰᠠᠪᠠᠳᠠᠭ᠃ ᠰᠠᠪᠠᠭ᠎ᠠ ᠶᠢᠨ ᠪᠦᠳᠦᠭᠦᠨ ᠨᠢ ᠡᠷᠡᠬᠡᠢ ᠬᠤᠷᠤᠭᠤ ᠶᠢᠨ ᠬᠢᠷᠢ ᠲᠠᠢ ᠪᠦᠳᠦᠭᠦᠨ ᠳᠤᠰᠬᠠᠢ ᠤᠩᠭᠠᠰᠤ ᠰᠠᠪᠠᠭ᠋ᠤ ᠦᠢᠯᠡᠳᠪᠦᠷᠢᠯᠡᠯ ᠤᠨ ᠪᠠᠭᠠᠵᠢ ᠶᠢᠨ ᠨᠢᠭᠡ ᠪᠣᠯᠤᠨ᠎ᠠ᠃ ᠬᠡᠳᠤᠢ ᠭᠦᠯᠢᠭᠡᠷ ᠬᠡᠳᠦᠢ ᠠᠰᠬᠠᠨ ᠪᠣᠯ ᠲᠡᠳᠦᠢ ᠰᠠᠶᠢᠨ᠃ ᠤᠷᠲᠦ ᠶᠢᠨ ᠤᠩᠭᠠᠰᠤ ᠶᠢ ᠪᠠᠰᠠ ᠴᠦᠬᠡᠪᠦᠷᠢ  ᠪᠦᠯᠦᠭ ᠰᠠᠪᠠᠳᠠᠭ᠃ ᠶᠡᠬᠡᠩᠬᠢ ᠭᠡᠰᠡᠭ ᠢ ᠨᠢ ᠰᠠᠪᠠᠭ᠋ᠤ ᠦᠭᠡᠢ᠃ ᠢᠰᠡᠭᠡᠢ ᠬᠢᠬᠦ ᠳᠤ ︽ᠬᠦᠭᠡᠪᠦᠷᠢ︾ ᠲᠠᠯᠪᠢᠨ᠎ᠠ᠃ ︽ᠬᠦᠭᠡᠪᠦᠷᠢ︾ ᠲᠠᠯᠪᠢᠬᠤ ᠳᠤ ᠢᠰᠡᠭᠡᠢ ᠵᠤᠵᠠᠭᠠᠷᠠᠳᠠᠭ ᠪᠦᠭᠡᠳ ᠬᠤᠷᠠᠭᠠᠨ ᠠᠬᠠᠷ ᠲᠤ ᠠᠷᠪᠢᠲᠠᠢ ᠶᠤᠮ᠃ ᠤᠩᠭᠠᠰᠤ ᠰᠠᠪᠠᠭ᠋ᠤ ᠳᠤ ︽ᠰᠠᠪᠠᠯᠴᠠᠬᠤ︾᠂ ︽ᠡᠷᠬᠢᠭᠦᠯᠭᠦ︾᠂ ︽ᠨᠡᠶᠢᠯᠡᠭᠦᠯᠭᠦ  ︾᠂ ︽ᠮᠣᠰᠬᠢᠬᠤ︾ ᠵᠡᠷᠭᠡ ᠳᠣᠭᠲᠠᠭᠰᠠᠨ ᠠᠯᠬᠤᠮ ᠳᠠᠷᠠᠭ᠎ᠠ ᠪᠠᠷ ᠶᠠᠪᠤᠭᠳᠠᠳᠠᠭ᠃ ᠤᠩᠭᠠᠰᠤ ᠰᠠᠪᠠᠭ᠋ᠤ ᠳᠤ ᠵᠢᠭᠳᠡ ᠴᠣᠬᠢᠬᠤ ᠪᠦᠭᠡᠳ ᠬᠤᠶᠠᠷ ᠭᠠᠷ ᠰᠣᠯᠢᠵᠤ ᠴᠣᠬᠢᠬᠤ ᠵᠡᠷᠭᠡ ᠬᠤᠶᠠᠷ ᠶᠠᠩᠵᠤ ᠪᠠᠶᠢᠳᠠᠭ᠃ ᠰᠠᠪᠠᠴᠢᠬᠤ ᠳᠤ ᠰᠣᠯᠢᠵᠤ  ᠴᠣᠬᠢᠵᠤ ᠨᠡᠶᠢᠯᠡᠭᠦᠯᠭᠦ ᠳᠤ ᠵᠡᠷᠭᠡ ᠴᠤᠬᠢᠨ᠎ᠠ᠃     ᠦᠵᠦᠮᠦᠴᠢᠨ ᠳᠤ ᠢᠰᠡᠭᠡᠢ ᠶᠢ ᠲᠠᠪᠤᠨ ᠰᠠᠷ᠎ᠠ ᠶᠢᠨ ᠰᠡᠭᠦᠯ ᠳᠤ ᠬᠢᠳᠡᠭ᠃ 3—5 ᠬᠤᠨᠤᠭ ᠬᠡᠷᠡᠭᠯᠡᠨ᠎ᠡ᠃ ᠡᠨᠡ ᠬᠤᠭᠤᠴᠠᠭ᠎ᠠ ᠪᠣᠯ ᠢᠰᠡᠭᠡᠢ ᠬᠢᠬᠦ ᠬᠠᠮᠤᠭ ᠤᠨ ᠲᠣᠬᠢᠷᠠᠮᠵᠢᠲᠠᠢ ᠴᠠᠭ ᠬᠤᠭᠤᠴᠠᠭ᠎ᠠ ᠮᠦᠨ᠃ ᠡᠨᠡ ᠦᠶ᠎ᠡ ᠳᠤ ᠠᠬᠠᠷ᠂ ᠬᠤᠷᠠᠭ᠎ᠠ᠂ ᠤᠷᠲᠦ ᠶᠢᠨ ᠤᠩᠭᠠᠰᠤ ᠪᠦᠷᠢ ᠪᠦᠷᠢᠳᠦᠨ ᠢᠰᠡᠭᠡᠢ ᠬᠢᠬᠦ ᠲᠦᠭᠦᠬᠡᠢ ᠡᠳ᠋ ᠭᠦᠢᠴᠡᠳ ᠪᠣᠯᠳᠠᠭ᠃ ᠲᠦᠯ ᠳᠣᠰᠴᠤ ᠭᠠᠷᠤᠯᠲᠠ ᠬᠤᠷᠢᠶᠠᠬᠤ ᠠᠵᠢᠯ ᠲᠡᠭᠦᠰᠴᠤ᠂ ᠬᠦᠮᠦᠰ ᠵᠠᠪ ᠵᠠᠢ ᠲᠠᠢ ᠲᠡᠨᠢᠭᠦᠨ ᠴᠠᠭ᠂ ᠤᠯᠠᠷᠢᠯ ᠰᠠᠶᠢᠬᠠᠨ᠂ ᠡᠳᠤᠷ ᠬᠠᠯᠠᠭᠤᠨ ᠢᠰᠡᠭᠡᠢ ᠤᠩᠭᠠᠰᠤ ᠨᠡᠶᠢᠯᠡᠮᠵᠢ ᠰᠠᠶᠢᠨ᠂ ᠣᠨᠴᠠᠭᠠᠶᠢᠯᠠᠨ ᠰᠦ ᠴᠠᠭᠠᠨ ᠢᠳᠡᠭᠡ ᠭᠦᠢᠴᠡᠳ᠂ ᠦᠷᠦᠮ᠎ᠡ ᠵᠦᠬᠡᠬᠡᠢ ᠡᠯᠪᠡᠭ᠂ ᠮᠠᠯ ᠲᠠᠷᠭᠤᠯᠠᠵᠤ ︽ᠢᠰᠡᠭᠡᠢ ᠶᠢᠨ ᠴᠠᠪ  ︾ ᠭᠡᠵᠤ ᠮᠠᠯ ᠪᠠᠵᠠᠭᠠᠵᠤ ᠲᠦᠭᠦᠷᠦᠬᠦ ᠳᠤ ᠳᠤᠬᠢᠲᠠᠢ᠃ ᠠᠳᠤᠭᠤ ᠤᠰᠤᠨ ᠲᠠᠷᠭᠤ ᠠᠪᠴᠤ ᠳᠣᠰᠤᠨ ᠲᠠᠷᠭᠤ ᠰᠠᠭᠤᠭᠠᠳᠦᠢ᠂ ᠢᠰᠡᠭᠡᠢ ᠳᠠᠲᠠᠬᠤ ᠳᠤ ᠤᠨᠤᠯᠭ᠎ᠠ ᠤᠨᠤᠰᠢ ᠳᠤ ᠲᠤᠶᠢᠯ ᠤᠨ ᠠᠰᠢᠭᠲᠠᠢ᠃ ᠡᠶᠢᠮᠦ ᠠᠴᠠ ︽ᠲᠠᠪᠤᠨ ᠰᠠᠷ᠎ᠠ  ︾ ᠢᠰᠡᠭᠡᠢ ᠬᠢᠬᠦ ᠦᠢᠯᠡᠳᠪᠦᠷᠢᠯᠡᠯ ᠤᠨ ᠵᠠᠩᠭᠢᠯᠠᠭ᠎ᠠ ᠶᠢᠨ ᠴᠠᠭ ᠮᠦᠴᠡ ᠪᠠᠶᠢᠵᠤ᠂ ᠨᠤᠮᠢᠨ ᠨᠣᠭᠤᠭᠠᠨ ᠲᠠᠯ᠎ᠠ ᠳᠡᠭᠡᠷ᠎ᠡ ᠮᠦᠩᠭᠦᠨ ᠴᠠᠭᠠᠨ ᠢᠰᠡᠭᠡᠢ ᠮᠡᠨᠳᠦᠯᠡᠳᠡᠭ᠃    
 
ᠢᠷᠡᠯᠲᠡ᠄ ᠦᠵᠦᠮᠦᠴᠢᠨ ᠠᠶᠢᠮᠠᠭ ᠨᠣᠮ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号