ᠪᠦᠭᠡ ᠶᠢᠨ ᠨᠠᠶᠢᠷ ᠰᠠᠶᠢᠬᠠᠨ ᠪᠤᠯᠤᠯ᠎ᠠ
ᠨᠡᠶᠢᠲᠡᠯᠡᠭᠰᠡᠨ ᠴᠠᠭ᠄
2020/12/18
              ᠪᠦᠭᠡ ᠶᠢᠨ ᠨᠠᠶᠢᠷ ᠰᠠᠶᠢᠬᠠᠨ ᠪᠤᠯᠤᠯ᠎ᠠ                                12 ᠰᠠᠷ᠎ᠠ ᠶᠢᠨ 17 ᠤ ᠡᠳᠦᠷ᠂ ᠬᠤᠰᠢᠭᠤᠨ ᠤ ᠠᠵᠢᠯ ᠤᠨ ᠴᠢᠯᠦᠭᠡᠨ ᠤ ᠲᠠᠮᠢᠷ ᠤᠨ ᠰᠣᠷᠭᠠᠭᠤᠯᠢ ᠠᠴᠠ ᠡᠷᠬᠢᠯᠡᠭᠰᠡᠨ 64 ᠬᠦᠴᠦᠲᠦ ᠪᠦᠬᠡ ᠶᠢᠨ ᠪᠠᠷᠢᠯᠳᠣᠭᠠᠨ ᠬᠤᠰᠢᠭᠤ ᠰᠣᠶᠣᠯ ᠲᠠᠮᠢᠷ ᠤᠨ ᠣᠷᠳᠣᠨ ᠳᠤ  ᠶᠠᠪᠣᠭᠳᠠᠯ᠎ᠠ᠃
      ᠪᠦᠬᠡᠴᠢᠳ ᠤᠨ ᠡᠨᠡ ᠡᠪᠣᠯ ᠤᠨ ᠰᠣᠷᠢᠭ᠎ᠠ ᠪᠣᠯᠪᠠᠰᠣᠷᠠᠯ 10 ᠰᠠᠷ᠎ᠠ ᠶᠢᠨ 20 ᠠᠴᠠ  ᠡᠬᠢᠯᠡᠨ ᠡᠷᠴᠢᠮᠳᠠᠢ ᠶᠠᠪᠣᠭᠳᠠᠵᠦ᠂ ᠬᠦᠯᠦᠨ ᠪᠤᠶᠢᠷ᠂ ᠪᠠᠷᠠᠭᠤᠨ ᠪᠠᠭᠠᠷᠢᠨ᠂ ᠠᠷᠦ ᠬᠤᠷᠴᠢᠨ ᠵᠡᠷᠭᠡ ᠪᠣᠰᠣᠳ ᠠᠶᠢᠮᠠᠭ ᠬᠤᠰᠢᠭᠤᠨ   ᠤ ᠠᠪᠣᠷᠭᠤ ᠪᠦᠬᠡᠴᠣᠳ ᠣᠷᠣᠯᠴᠠᠵᠦ᠂ ᠬᠠᠮᠳᠣᠷᠠᠭᠰᠠᠨ ᠪᠡᠯᠡᠳᠭᠡᠯ ᠬᠢᠵᠠᠢ᠃ ᠡᠶᠢᠨᠬᠦ 50 ᠰᠢᠬᠠᠮ ᠡᠳᠦᠷ ᠤᠨ ᠰᠢᠰᠲ᠋ᠧᠮ ᠲᠠᠢ ᠪᠣᠯᠪᠠᠰᠣᠷᠠᠯ ᠢᠶᠠᠨ ᠰᠢᠯᠭᠠᠨ ᠦᠵᠡᠬᠦ ᠶᠢᠨ ᠬᠠᠮᠲᠦ ᠠᠷᠠᠳ ᠣᠯᠠᠨ ᠢᠶᠠᠨ ᠪᠠᠶᠠᠰᠬᠠᠬᠤ ᠵᠣᠷᠢᠯᠭ᠎ᠠ  ᠠᠴᠠ ᠰᠣᠷᠢᠭᠠᠨ ᠤ ᠨᠠᠶᠢᠷ ᠡᠷᠬᠢᠯᠡᠨ ᠶᠠᠪᠣᠭᠳᠠᠭᠤᠯᠣᠨ᠂ ᠪᠠᠷᠢᠯᠳᠣᠭᠠᠨ ᠤ ᠡᠴᠦᠰ ᠲᠤ ᠪᠠᠷᠠᠭᠤᠨ ᠪᠠᠭᠠᠷᠢᠨ ᠤ ᠬᠡᠬᠡᠷᠡᠬᠦ ᠲᠡᠷᠢᠭᠦᠯᠡᠨ᠂ ᠪᠠᠷᠠᠭᠤᠨ ᠦᠵᠦᠮᠦᠴᠢᠨ ᠤ ᠴᠠᠭᠠᠨᠵᠠᠭᠠᠨ᠎ᠠ ᠲᠡᠳ᠋ᠯᠡᠨ᠂ ᠵᠡᠬᠦᠨ ᠦᠵᠦᠮᠦᠴᠢᠨ ᠤ ᠰᠡᠴᠡᠠᠪᠢᠯᠢᠭ᠌᠂ ᠠᠷᠦ ᠬᠤᠷᠴᠢᠨ ᠤ ᠮᠦᠩᠭᠡᠳᠦ᠋ᠬᠦᠷᠡᠩ᠂ ᠵᠡᠬᠦᠨ ᠦᠵᠦᠮᠦᠴᠢᠨ ᠤ ᠪᠦᠷᠢᠨᠮᠡᠨᠲᠦ᠂ ᠠᠷᠦ ᠬᠤᠷᠴᠢᠨ ᠤ ᠪᠠᠶᠠᠰᠬᠤᠯᠠᠩ ᠂ ᠵᠡᠬᠦᠨ ᠦᠵᠦᠮᠦᠴᠢᠨ ᠤ ᠪᠠᠳᠣᠵᠢᠷᠭᠠᠯ᠂ ᠬᠦᠯᠦᠨ ᠪᠣᠶᠢᠷ ᠤᠨ ᠰᠢᠨ᠎ᠡ ᠪᠠᠷᠭᠤ ᠵᠡᠭᠦᠨ ᠬᠤᠰᠢᠭᠤᠨ ᠤ ᠠᠯᠳᠠᠨᠱᠠᠭ᠎ᠠ ᠲᠡᠭᠡᠷ᠎ᠡ‌ᠨᠠᠢᠮᠠ ᠳᠤ ᠵᠣᠳᠣᠭᠯᠠᠭᠰᠠᠨ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号