ᠵᠣ ᠲᠠᠢ ᠠᠪᠳᠠᠷ᠎ᠠ ᠲᠡᠷᠭᠡ
ᠨᠡᠶᠢᠲᠡᠯᠡᠭᠰᠡᠨ ᠴᠠᠭ᠄
2021/2/5
                 ᠵᠣ ᠲᠠᠢ ᠠᠪᠳᠠᠷ᠎ᠠ ᠲᠡᠷᠭᠡ      ᠵᠣ ᠲᠠᠢ ᠠᠪᠳᠠᠷ᠎ᠠ ᠲᠡᠷᠭᠡ ᠶᠢ ᠦᠵᠦᠮᠦᠴᠢᠨ ᠮᠣᠩᠭᠤᠯᠴᠤᠳ ᠪᠠᠰᠠ ᠭᠠᠳᠠᠭ᠎ᠠ ᠠᠪᠳᠠᠷ᠎ᠠ᠂ ᠠᠪᠳᠠᠷ᠎ᠠ ᠲᠡᠷᠭᠡ ᠭᠡᠵᠦ ᠨᠡᠷᠡᠯᠡᠳᠡᠭ᠃ ᠡᠨᠡ ᠨᠢ ᠦᠵᠦᠮᠦᠴᠢᠨ ᠮᠣᠩᠭᠤᠯᠴᠤᠳ ᠤᠨ ᠨᠡᠭᠦᠳᠡᠯ ᠤᠨ ᠠᠮᠢᠳᠤᠷᠠᠯ ᠤᠨ ᠬᠡᠷᠡᠭᠴᠡᠭᠡ ᠳᠡᠭᠡᠨ ᠲᠤᠬᠢᠷᠠᠭᠤᠯᠵᠦ᠂ ᠡᠳ᠋ ᠪᠤᠳᠠᠰ ᠤᠨ ᠪᠠᠶᠢᠩᠭᠤ ᠶᠢᠨ ᠴᠢᠨᠠᠷ ᠲᠠᠢ ᠪᠠᠷ ᠳᠡᠷᠭᠡᠨ ᠳᠡᠭᠡᠷ᠎ᠡ ᠪᠠᠨ ᠬᠦᠮᠦᠷᠭᠡᠯᠡᠵᠦ ᠬᠠᠳᠠᠭᠠᠯᠠᠬᠤ ᠳᠤ ᠵᠤᠷᠢᠭᠤᠯᠤᠨ ᠦᠬᠡᠷ ᠲᠡᠷᠭᠡᠨ ᠤ ᠠᠯᠠᠮ ᠳᠤ ᠳᠠᠭᠠᠷᠠᠭᠤᠯᠵᠦ ᠬᠢᠭᠰᠡᠨ ᠠᠪᠳᠠᠷ᠎ᠠ ᠶᠤᠮ᠃ ᠳᠡᠷᠨ ᠨᠢ ᠳᠡᠷᠭᠡᠨ ᠠᠷᠠᠯ ᠳᠠᠭᠠᠨ ᠬᠠᠰᠢᠭᠤᠷᠭ᠎ᠠ ᠵᠢᠶᠠᠰᠠ ᠲᠠᠢ ᠠᠪᠳᠠᠷ᠎ᠠ ᠪᠤᠯᠤᠭᠰᠠᠨ ᠪᠠᠶᠢᠨ᠎ᠠ᠃ ᠵᠣ ᠲᠠᠢ ᠠᠪᠳᠠᠷ᠎ᠠ ᠶᠢ ᠬᠠᠷ᠎ᠠ ᠮᠤᠳᠤ᠂ ᠬᠠᠶᠢᠯᠠᠰᠤ᠂ ᠤᠯᠢᠶᠠᠰᠤ᠂ ᠲᠥᠮ ᠵᠡᠷᠭᠡ ᠪᠠᠨᠰᠠ ᠪᠠᠷ ᠪᠠᠬᠢᠯᠢᠭ᠌ ᠬᠢᠵᠦ᠂ ᠳᠡᠭᠡᠷ᠎ᠡ ᠨᠢ ᠪᠤᠷᠤᠭᠠᠨ ᠴᠠᠰᠤᠨ ᠤ ᠤᠰᠤ ᠲᠤᠭᠲᠠᠵᠤ ᠨᠡᠪᠲᠡᠷᠡᠬᠦ ᠠᠴᠠ ᠰᠡᠷᠭᠡᠶᠢᠯᠡᠨ ᠪᠠᠶᠢᠰᠢᠩ ᠤᠨ ᠤᠷᠤᠢ ᠰᠢᠭ᠋ ᠵᠣ ᠭᠠᠷᠭᠠᠭᠰᠠᠨ ᠪᠠᠶᠢᠳᠠᠭ᠃ ᠵᠣ ᠲᠠᠢ ᠠᠪᠳᠠᠷ᠎ᠠ ᠶᠢ ᠮᠦᠨ ᠰᠠᠶᠢᠬᠠᠨ ᠴᠠᠭᠠᠨ ᠢᠰᠡᠭᠡᠢ ᠪᠠᠷ ᠪᠦᠷᠢᠶᠡᠰᠦᠯᠡᠵᠦ᠂ ᠬᠠᠷ᠎ᠠ ᠥᠩᠭᠡ ᠶᠢᠨ ᠵᠡᠭᠡᠭ ᠴᠢᠮᠬᠢᠶᠡᠷᠢ ᠪᠠᠷ ᠬᠦᠪᠡᠭᠡᠯᠡᠵᠦ ᠭᠤᠶᠤᠯᠠᠳᠠᠭ᠃ ᠵᠣ ᠲᠠᠢ ᠠᠪᠳᠠᠷ᠎ᠠ ᠲᠡᠷᠭᠡ ᠨᠢ ᠨᠢᠭᠡ ᠡᠷᠦᠬᠡ ᠶᠢᠨ ᠰᠠᠩ ᠬᠦᠮᠦᠷᠭᠡ ᠪᠤᠯᠤᠭᠰᠠᠨ ᠤ ᠬᠤᠪᠢ ᠳᠤ ᠬᠤᠶᠠᠷ ᠵᠦᠢᠯ ᠤᠨ ᠭᠤᠣᠯ ᠡᠭᠦᠷᠭᠡ ᠶᠢ ᠭᠦᠢᠴᠡᠳᠬᠡᠳᠡᠭ᠃  ᠨᠢᠭᠡ ᠳᠤ᠂ ᠡᠳ᠋ ᠪᠤᠳᠠᠰ ᠬᠦᠮᠦᠷᠭᠡᠯᠡᠳᠡᠭ᠃ ᠡᠭᠦᠨ ᠳᠤ ᠲᠣᠷᠭ᠎ᠠ ᠲᠤᠷᠳᠤᠩ᠂ ᠬᠤᠷᠭᠤᠢ ᠮᠠᠩᠨᠤᠭ᠂ ᠪᠥᠰ᠂ ᠬᠠᠯᠢᠭᠤ ᠪᠤᠯᠠᠭ᠎ᠠ᠃ ᠬᠤᠷᠠᠭᠠᠨ ᠰᠡᠩᠰᠡ ᠴᠢᠨᠠᠭᠰᠢᠯᠠᠪᠠᠯ ᠠᠯᠲᠠ ᠮᠦᠩᠭᠦ᠂ ᠬᠠᠰ᠂ ᠱᠢᠷᠦ ᠰᠤᠪᠤᠳ ᠵᠡᠷᠭᠡ ᠬᠤᠪᠤᠷ ᠨᠠᠨᠳᠢᠨ ᠡᠷᠳᠡᠨᠢᠰ ᠤᠨ ᠵᠦᠢᠯ ᠢ ᠬᠠᠳᠠᠭᠠᠯᠠᠳᠠᠭ᠃ ᠬᠤᠶᠠᠷ ᠲᠤ᠂ ᠡᠳᠦᠷ ᠳᠤᠲᠤᠮ ᠤᠨ ᠠᠮᠢᠳᠤᠷᠠᠯ ᠤᠨ ᠬᠡᠷᠡᠭᠰᠡᠯ᠂ ᠢᠳᠡᠭᠡᠨ ᠤᠮᠳᠠᠭᠠᠨ᠂ ᠴᠠᠢ᠂ ᠴᠠᠭᠠᠨ ᠢᠳᠡᠭᠡ ᠴᠢᠨᠠᠭᠰᠢᠯᠠᠪᠠᠯ ᠪᠤᠤᠪᠤ ᠪᠤᠭᠤᠷᠰᠤᠭ᠂ ᠭᠤᠯᠢᠷ ᠪᠤᠳᠠᠭ᠎ᠠ᠂ ᠰᠠᠪᠠ ᠰᠠᠭᠤᠯᠭᠠᠨ ᠵᠡᠷᠭᠡ ᠶᠢ ᠬᠢᠳᠡᠭ᠃ ᠵᠣ ᠲᠠᠢ ᠠᠪᠳᠠᠷ᠎ᠠ ᠲᠡᠷᠭᠡ ᠶᠢ ᠦᠵᠦᠮᠦᠴᠢᠨ ᠠᠶᠢᠯ ᠡᠷᠦᠬᠡ ᠶᠢᠨ ᠪᠦᠰᠡᠬᠦᠶᠢᠴᠳ ᠬᠠᠮᠢᠶᠠᠷᠴᠦ᠂ ᠤᠨᠢᠰᠦ ᠴᠦᠭᠴᠦᠷᠭᠡ ᠶᠢ ᠨᠢ ᠶᠠᠪ ᠴᠠᠪ ᠲᠤᠬᠢᠷᠠᠭᠤᠯᠵᠦ᠂ ᠦᠨᠡᠬᠡᠷ ᠨᠡᠷ᠎ᠡ ᠨᠢᠳᠡᠷ ᠲᠡᠭᠡᠨ ᠲᠤᠬᠢᠷᠠᠭᠰᠠᠨ ᠬᠦᠳᠡᠯᠭᠡᠪᠡᠯ ᠰᠢᠯᠵᠢᠴᠢᠬᠡᠳᠡᠭ᠂ ᠬᠦᠯᠪᠡᠯ ᠶᠠᠪᠤᠴᠢᠬᠠᠳᠠᠭ ᠠᠮᠢᠳᠦ ᠬᠦᠮᠦᠷᠬᠡ ᠪᠣᠯᠬᠤ ᠶᠤᠮ᠃ ᠵᠣ ᠲᠠᠢ ᠠᠪᠳᠠᠷ᠎ᠠ ᠲᠡᠷᠭᠡ ᠦᠵᠦᠮᠦᠴᠢᠨ ᠤ ᠡᠷᠦᠬᠡ ᠨᠢᠭᠡᠪᠦᠷᠢ ᠳᠤ 2 — 3 ᠪᠠᠶᠢᠳᠠᠭ᠃
 
ᠢᠷᠡᠯᠲᠡ᠄ ᠦᠵᠦᠮᠦᠴᠢᠨ ᠠᠶᠢᠮᠠᠭ ᠨᠣᠮ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号