ᠦᠵᠦᠮᠦᠴᠢᠨ ᠮᠣᠩᠭᠤᠯᠴᠤᠳ ᠤᠨ ᠬᠠᠮ ᠲᠡᠷᠭᠡ
ᠨᠡᠶᠢᠲᠡᠯᠡᠭᠰᠡᠨ ᠴᠠᠭ᠄
2021/2/5
           ᠦᠵᠦᠮᠦᠴᠢᠨ ᠮᠣᠩᠭᠤᠯᠴᠤᠳ ᠤᠨ ᠬᠠᠮ ᠲᠡᠷᠭᠡ   ᠬᠠᠮ ᠲᠡᠷᠭᠡ ᠪᠣᠯ ᠴᠦᠷᠬᠡᠯᠡᠭᠡ ᠨᠡᠭᠦᠳᠡᠯ ᠤᠨ ᠲᠡᠷᠭᠡ ᠶᠢᠨ ᠪᠤᠬ᠎ᠠ ᠲᠡᠷᠭᠡ᠂ ᠵᠢᠯᠤᠭᠤᠳᠬᠤ ᠲᠥᠪ ᠪᠤᠯᠤᠨ᠎ᠠ᠃ ᠲᠡᠭᠦᠨ ᠢ ᠦᠷᠭᠦᠯᠵᠢ ᠨᠡᠭᠦᠳᠡᠯ ᠤᠨ ᠡᠮᠦᠨ᠎ᠡ ᠭᠠᠷᠯᠠᠵᠦ᠂ ᠪᠦᠬᠦ ᠲᠡᠷᠭᠡ ᠪᠠᠨ ᠲᠡᠭᠦᠨ ᠤ ᠠᠷᠤ ᠠᠴᠠ ᠴᠦᠷᠬᠡᠯᠡᠵᠦ ᠶᠠᠪᠤᠳᠠᠭ᠃ ᠬᠠᠮ ᠲᠡᠷᠭᠡ ᠳᠤ ᠬᠦᠳᠡᠷ ᠪᠦᠳᠦᠭᠦᠨ᠂ ᠬᠠᠰᠢᠷ ᠳᠦᠪᠯᠡᠬᠦᠨ ᠭᠠᠷ ᠤᠨ ᠱᠠᠷ ᠠᠷᠠᠯᠳᠠᠵᠦ᠂ ᠭᠡᠷ ᠤᠨ ᠡᠵᠡᠭᠳᠡᠢ ᠪᠦᠰᠡᠭᠦᠢ ᠦᠪᠡᠷ ᠢᠶᠠᠨ ᠬᠡᠯᠢᠳᠡᠭ᠃ ᠲᠡᠷᠡ ᠨᠢ ᠲᠤᠰᠬᠠᠢ ᠬᠦᠮᠦᠨ ᠰᠠᠭᠤᠵᠦ᠂ ᠪᠦᠬᠦ ᠴᠦᠷᠭᠡᠯᠡᠭᠡ ᠪᠠᠨ ᠵᠢᠯᠤᠭᠤᠳᠬᠤ ᠳᠤ ᠵᠤᠷᠢᠭᠤᠯᠤᠭᠰᠠᠨ ᠲᠡᠷᠭᠡ ᠪᠣᠯᠬᠤ ᠤᠴᠢᠷ ᠠᠴᠠ ︽ ᠦᠨᠳᠦᠷ ᠠᠷᠠᠯ ᠲᠠᠢ ᠠᠯᠠᠮ᠂ ᠦᠷᠭᠡᠨ ᠮᠦᠬᠡᠷ ᠲᠠᠢ ᠬᠦᠷᠳᠦ︾ ᠲᠠᠢ᠂ ᠠᠷᠦ ᠳᠡᠭᠡᠷ᠎ᠡ ᠨᠢ ᠵᠢᠶᠠᠰᠠ ᠪᠤᠰᠬᠠᠨ ᠮᠦᠬᠦᠭᠡ ᠳᠠᠷᠤᠵᠦ ᠤᠨᠢᠯᠠᠭᠠᠳ ᠬᠤᠶᠠᠷ ᠬᠠᠵᠠᠭᠤ ᠳᠤᠨᠢ ᠲᠣᠯᠢ ᠪᠠᠨᠰᠠ᠂ ᠬᠤᠶᠢᠨ᠎ᠠ ᠨᠢ ᠢᠰᠬᠦᠯᠦᠬᠦᠷ ᠳᠠᠭᠠᠷᠠᠭᠤᠯᠵᠦ᠂ ᠢᠷᠤᠭᠠᠷ ᠢ ᠨᠢ ᠤᠷᠲᠦ ᠪᠠᠨᠰᠠ ᠪᠠᠷ ᠴᠢᠭᠯᠡᠭᠡᠳ ᠥᠩᠭᠡ ᠢᠯᠭᠠᠷᠠᠭᠰᠠᠨ ᠵᠡᠭᠡᠭ ᠴᠢᠮᠬᠢᠶᠡᠷᠢ ᠲᠠᠷᠤᠭᠤᠯᠤᠭᠰᠨᠨ ᠲᠤᠩ ᠴᠠᠭᠠᠨ ᠢᠰᠡᠭᠡᠢ ᠪᠠᠷ ᠪᠦᠷᠢᠶᠡᠰᠦᠯᠡᠳᠡᠭ᠃ ᠳᠡᠭᠦᠨ ᠤ ᠬᠡᠷᠡᠭᠴᠡᠭᠡ ᠨᠢ ᠤᠯᠠᠨ ᠪᠠᠶᠢᠳᠠᠭ᠃ ᠨᠢᠭᠡ ᠴᠦᠷᠬᠡᠯᠡᠭᠡ ᠨᠡᠭᠦᠳᠡᠯ ᠤᠨ ᠲᠡᠷᠭᠡ ᠳᠤ ᠭᠠᠷᠯᠠᠵᠤ ᠠᠷᠠᠯᠳᠠᠬᠤ ᠳᠠᠭᠠᠨ ᠬᠤᠯᠠ ᠤᠶᠢᠷ᠎ᠠ ᠶᠢᠨ ᠨᠡᠭᠦᠳᠡᠯ ᠳᠤ ᠪᠦᠷ ︽ᠨᠠᠰᠤᠳᠠᠨ ᠤ ᠦᠷᠭᠦᠭᠡ︾᠂ ︽ᠨᠢᠯᠬᠠᠰ ᠤᠨ ᠭᠡᠷ︾ ᠪᠤᠯᠭᠠᠨ ᠲᠤᠰᠠᠬᠠᠶᠢᠯᠠᠨ ᠲᠡᠳᠡᠨ ᠢ ᠰᠠᠭᠤᠯᠭᠠᠵᠦ ᠬᠠᠯᠠᠭᠤᠨ ᠳᠤ ᠨᠠᠷᠠᠰᠢᠭᠤᠯᠬᠤ ᠦᠭᠡᠢ᠂ ᠬᠦᠢᠳᠡᠨ ᠳᠤ ᠳᠠᠭᠠᠷᠠᠭᠤᠯᠬᠤ ᠦᠭᠡᠢ᠂ ᠰᠠᠯᠬᠢᠨ ᠳᠤ ᠰᠠᠪᠠᠭᠤᠯᠬᠤ ᠦᠭᠡᠢ᠂ ᠪᠤᠷᠤᠭᠠᠨ ᠳᠤ ᠨᠤᠷᠠᠭᠠᠬᠤ ᠦᠭᠡᠢ᠂ ᠠᠮᠦᠷ ᠳᠦᠪᠰᠢᠨ ᠠᠮᠤᠭᠤᠯᠠᠩ ᠲᠠᠶᠢᠪᠤᠩ ᠠᠪᠴᠦ ᠶᠠᠪᠤᠳᠠᠭ᠃ ᠲᠡᠷᠡ ᠨᠢ ᠪᠠᠰᠠ ᠬᠤᠨᠢᠨ ᠤ ᠮᠠᠨᠠᠭᠠᠨ ᠳᠤ ᠭᠠᠷᠤᠭ᠎ᠠ ᠬᠤᠩᠭᠤᠷ ᠬᠤᠶᠠᠷ ᠤᠨ ᠤᠷᠳᠤᠨ᠂ ᠠᠶᠠᠨ ᠵᠢᠩ ᠤᠳᠤᠷ ᠬᠠᠶᠢᠳᠠᠭ ᠲᠤ ᠶᠠᠪᠤᠭᠰᠠᠳ ᠤᠨ ᠠᠶᠠᠳᠠᠢ ᠰᠠᠶᠢᠬᠠᠨ ᠦᠷᠦᠭᠡ ᠪᠤᠯᠳᠠᠭ ᠪᠠᠶᠢᠨ᠎ᠠ᠃ ᠬᠠᠮ ᠲᠡᠷᠭᠡ ᠦᠵᠦᠮᠦᠴᠢᠨ ᠮᠣᠩᠭᠤᠯᠴᠤᠳ ᠤᠨ ᠨᠢᠭᠡ ᠡᠷᠦᠬᠡ ᠳᠤ ᠬᠤᠶᠠᠷ ᠪᠠᠶᠢᠪᠠᠯ ᠬᠠᠮᠤᠭ ᠠᠴᠠ ᠳᠤᠬᠢᠷᠠᠮᠵᠢᠳᠠᠢ ᠶᠤᠮ᠃
 
ᠢᠷᠡᠯᠲᠡ᠄ ᠦᠵᠦᠮᠦᠴᠢᠨ ᠠᠶᠢᠮᠠᠭ ᠨᠣᠮ ᠠᠴᠠ ᠪᠠᠭᠤᠯᠭᠠᠪᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号