ᠦᠵᠦᠮᠦᠴᠢᠨ ᠮᠣᠩᠭᠤᠯᠴᠤᠳ ᠤᠨ ᠬᠥᠬᠡᠭᠡ ᠰᠠᠷ᠎ᠠ ᠶᠢᠨ ᠬᠤᠷᠢᠨ ᠭᠤᠷᠪᠠᠨ ᠳᠤ ᠭᠠᠯ ᠲᠠᠬᠢᠬᠤ ᠶᠤᠰᠤᠨ
ᠨᠡᠶᠢᠲᠡᠯᠡᠭᠰᠡᠨ ᠴᠠᠭ᠄
2019/11/6
     ᠦᠵᠦᠮᠦᠴᠢᠨ ᠮᠣᠩᠭᠤᠯᠴᠤᠳ ᠤᠨ ᠬᠥᠬᠡᠭᠡ ᠰᠠᠷ᠎ᠠ ᠶᠢᠨ ᠬᠤᠷᠢᠨ ᠭᠤᠷᠪᠠᠨ ᠳᠤ ᠭᠠᠯ ᠲᠠᠬᠢᠬᠤ ᠶᠤᠰᠤᠨ     ᠭᠠᠯ ᠢ ᠰᠢᠳᠦᠵᠦ᠂ ᠭᠠᠯ ᠢ ᠲᠠᠬᠢᠬᠤ ᠨᠢ ᠮᠠᠨ ᠤ ᠮᠣᠩᠭᠤᠯ ᠦᠨᠳᠦᠰᠦᠳᠡᠨ ᠤ ᠡᠷᠲᠡ ᠳᠡᠭᠡᠷ᠎ᠡ ᠦᠶ᠎ᠡ ᠠᠴᠠ ᠤᠯᠠᠮᠵᠢᠯᠠᠭᠳᠠᠭᠰᠠᠭᠠᠷ ᠢᠷᠡᠭᠰᠡᠨ ᠵᠠᠩ ᠳᠠᠳᠬᠠᠯ ᠪᠠ ᠶᠤᠰᠤ ᠵᠢᠷᠤᠮ ᠤᠨ ᠨᠢᠭᠡ ᠪᠤᠯᠤᠨ᠎ᠠ᠃     ᠦᠵᠦᠮᠦᠴᠢᠨ ᠮᠣᠩᠭᠤᠯᠴᠤᠳ ᠪᠤᠰᠤᠳ ᠤᠯᠠᠩᠬᠢ ᠭᠠᠵᠠᠷ ᠤᠷᠤᠨ ᠲᠠᠢ ᠠᠳᠠᠯᠢ ᠪᠠᠷ ᠵᠢᠯ ᠪᠦᠷᠢ ᠶᠢᠨ ᠪᠢᠯᠢᠭ ᠤᠨ ᠣᠯᠠᠷᠢᠯ ᠤᠨ ᠡᠪᠦᠯ ᠤᠨ ᠰᠡᠭᠦᠯ ᠰᠠᠷ᠎ᠠ ᠶᠢᠨ ᠬᠤᠷᠢᠨ ᠭᠤᠷᠪᠠᠨ ᠤ ᠡᠳᠦᠷ ᠭᠠᠯ ᠢᠶᠠᠨ ᠲᠠᠬᠢᠳᠠᠭ ᠶᠤᠮ᠃ ᠡᠶᠢᠮᠦ ᠠᠴᠠ ᠳᠡᠲᠡ ᠡᠨᠡ ᠡᠳᠦᠷ ᠢ ︽ᠭᠠᠯ ᠲᠠᠬᠢᠬᠤ ᠶᠢᠨ ᠬᠤᠷᠢᠨ ᠭᠤᠷᠪᠠᠨ︾ ᠭᠡᠵᠡᠭᠡᠳᠡᠭ ᠪᠢᠯᠡ᠃ ᠬᠤᠷᠢᠨ ᠭᠤᠷᠪᠠᠨ ᠤ ᠡᠳᠦᠷ ᠪᠣᠯᠬᠤ ᠳᠤ ᠤᠯᠠᠩᠬᠢ ᠠᠶᠢᠯ ᠤᠳ ᠭᠡᠷ ᠤᠨ ᠤᠳᠤᠭ᠎ᠠ ᠪᠠᠨ ᠱᠦᠭᠦᠷᠳᠡᠨ ᠳᠤᠭᠤᠰᠤ ᠪᠠᠨ ᠭᠦᠪᠢᠵᠦ᠂  ᠭᠡᠷ ᠢᠶᠠᠨ ᠴᠡᠪᠡᠷᠯᠡᠨ ᠬᠤᠭ ᠢᠶᠠᠨ ᠠᠷᠢᠯᠭᠠᠳᠠᠭ ᠪᠣᠯᠬᠤᠷ ᠭᠠᠯ ᠲᠠᠬᠢᠬᠤ ᠨᠢ ᠬᠡᠷᠡᠭ ᠳᠡᠭᠡᠷ᠎ᠡ ᠪᠠᠨ ᠵᠢᠯ ᠴᠠᠭᠠᠨ ᠰᠠᠷ᠎ᠠ ᠪᠠᠨ ᠤᠭᠲᠤᠬᠤ ᠠᠵᠢᠯᠯᠠᠭᠠᠨ ᠤ ᠬᠦᠰᠢᠭᠡ ᠨᠡᠭᠡᠭᠡᠭᠳᠡᠭᠰᠡᠨ ᠢ ᠬᠠᠷᠠᠭᠤᠯᠵᠦ ᠪᠠᠶᠢᠭ᠎ᠠ ᠶᠤᠮ᠃ ᠦᠵᠦᠮᠦᠴᠢᠨᠴᠤᠳ ᠬᠤᠷᠢᠨ ᠭᠤᠷᠪᠠᠨ ᠤ ᠡᠳᠦᠷ ᠭᠠᠯ ᠢᠶᠠᠨ ᠲᠠᠬᠢᠭᠰᠠᠨ ᠤ ᠲᠠᠷᠠᠭ᠎ᠠ ᠴᠠᠭᠠᠨ ᠰᠠᠷ᠎ᠠ ᠪᠠᠨ ᠤᠭᠳᠤᠨ ᠪᠡᠯᠭᠡᠯᠡᠬᠦ ᠠᠵᠢᠯᠯᠠᠭ᠎ᠠ ᠪᠠᠨ ᠡᠬᠢᠯᠡᠬᠦᠯᠵᠦ᠂ ᠭᠡᠷ ᠢᠶᠠᠨ ᠴᠢᠮᠡᠭᠯᠡᠵᠦ ᠪᠤᠷᠬᠠᠨ ᠢᠶᠠᠨ ᠲᠠᠬᠢᠬᠤ᠂ ᠦᠨᠳᠦᠷ ᠨᠠᠰᠤᠳᠠᠨ ᠳᠠᠭᠠᠨ ᠨᠠᠰᠤᠨ ᠤ ᠪᠠᠶᠠᠷ ᠬᠢᠬᠦ᠂ ᠵᠢᠯ ᠤᠷᠤᠭᠰᠠᠳ ᠲᠠᠭᠠᠨ ᠵᠢᠯ ᠢ ᠨᠢ ᠤᠷᠤᠭᠤᠯᠬᠤ᠂ ᠪᠢᠳᠡᠭᠦᠦ ᠳᠤᠯᠤᠭᠠᠢ ᠪᠠᠨ ᠵᠢᠭᠠᠵᠦ ᠪᠢᠳᠡᠭᠦᠯᠡᠬᠦ ᠵᠡᠷᠭᠡ ᠠᠵᠢᠯᠯᠠᠭ᠎ᠠ ᠪᠠᠨ ᠬᠤᠶᠢᠨ᠎ᠠ ᠬᠤᠶᠢᠨ᠎ᠠ ᠠᠴᠠ ᠨᠢ ᠦᠷᠭᠦᠯᠵᠢᠯᠡᠬᠦᠯᠳᠡᠭ ᠪᠣᠯᠬᠤᠷ ᠰᠢᠨᠡᠯᠡᠬᠦ ᠤᠶᠢᠷᠠᠳᠬᠤ ᠲᠠᠢ ᠵᠡᠷᠭᠡ ᠦᠵᠦᠮᠦᠴᠢᠨ ᠨᠤᠲᠤᠭ ᠲᠤ ᠶᠠᠭ ᠯᠡ ᠬᠤᠷᠸ᠎ᠠ ᠶᠢᠷᠳᠢᠨᠴᠦ ᠭᠦᠨ ᠨᠦᠢᠷ ᠠᠴᠠ ᠪᠠᠨ ᠭᠡᠨᠡᠳᠲᠡ ᠰᠡᠷᠡᠭᠰᠡᠨ ᠰᠢᠭ ᠪᠣᠯᠵᠦ᠂ ᠭᠠᠯ ᠲᠠᠬᠢᠭᠰᠠᠨ ᠠᠴᠠ ᠠᠪᠤᠭᠠᠳ ᠴᠠᠭᠠᠨ ᠰᠠᠷ᠎ᠠ ᠶᠢᠨ ᠡᠬᠢ ᠪᠤᠯᠲᠠᠯᠠᠬᠢ ᠠᠷᠪᠠᠭᠠᠳ ᠬᠤᠨᠤᠭ ᠤᠨ ᠳᠤᠳᠤᠷ᠎ᠠ ᠠᠶᠢᠯ ᠪᠦᠬᠦᠨ ᠬᠦᠷ ᠬᠦᠭᠵᠢᠶᠡᠨ ᠢᠶᠠᠷ ᠪᠢᠯᠬᠠᠨ᠂ ᠬᠠᠬᠢᠷ ᠡᠪᠦᠯ ᠬᠠᠪᠤᠷ ᠤᠨ ᠠᠭᠤᠷ ᠢᠶᠠᠷ ᠰᠤᠯᠢᠭᠳᠠᠳᠠᠭ᠃ ᠡᠶᠢᠮᠦ ᠠᠴᠠ ᠬᠤᠷᠢᠨ ᠭᠤᠷᠪᠠᠨ ᠤ ᠭᠠᠯ ᠲᠠᠬᠢᠬᠤ ᠶᠤᠰᠤᠨ ᠪᠣᠯ ᠦᠵᠦᠮᠦᠴᠢᠨᠴᠤᠳ ᠤᠨ ᠬᠠᠤᠯᠢ ᠪᠠᠷ ᠲᠤᠭᠳᠠᠭᠠᠭᠰᠠᠨ ᠦᠭᠡᠢ ᠬᠠᠤᠯᠢ ᠮᠦᠨ ᠭᠡᠵᠦ ᠪᠤᠯᠤᠨ᠎ᠠ᠃    ᠦᠵᠦᠮᠦᠴᠢᠨ ᠮᠣᠩᠭᠤᠯᠴᠤᠳ ᠤᠨ ᠭᠠᠯ ᠲᠠᠬᠢᠬᠤ ᠶᠤᠰᠤ ᠨᠢ ᠮᠠᠰᠢ ᠨᠠᠷᠢᠨ ᠳᠦᠷᠢᠮ ᠲᠠᠢ᠂ ᠳᠡᠰ ᠲᠠᠷᠠᠭ᠎ᠠ ᠲᠠᠢ᠂ ᠡᠮᠬᠢ ᠲᠢᠭᠯᠢᠮ ᠲᠠᠢ ᠪᠠᠷ ᠶᠠᠪᠤᠭᠳᠠᠳᠠᠭ᠃ ᠡᠨᠡ ᠡᠳᠦᠷ ᠬᠦᠷᠴᠦ ᠢᠷᠡᠬᠦ ᠳᠤ ᠦᠵᠦᠮᠦᠴᠢᠨ ᠮᠠᠯᠴᠢᠳ ᠦᠥᠷ ᠤᠨ ᠴᠤᠯᠮᠤᠨ ᠢ ᠤᠭᠳᠤᠨ ᠪᠤᠰᠴᠦ᠂ ᠮᠣᠩᠭᠤᠯ ᠭᠡᠷ ᠤᠨ ᠢᠶᠠᠨ ᠲᠤᠭᠤᠨᠤ ᠪᠠᠷ ᠤᠳᠤᠭ᠎ᠠ ᠰᠤᠭᠤᠨᠠᠭᠯᠠᠭᠤᠯᠤᠨ᠂ ᠨᠢᠭᠡ ᠲᠠᠯ᠎ᠠ ᠪᠠᠷ ᠲᠤᠰ ᠡᠳᠦᠷ ᠤᠨ ᠦᠢᠯᠡᠳᠪᠤᠷᠢᠯᠡᠯ ᠢᠶᠠᠨ ᠲᠤᠬᠢᠳᠠᠢ ᠰᠠᠶᠢᠬᠠᠨ ᠪᠠᠶᠢᠷᠢᠯᠠᠭᠤᠯᠵᠦ᠂ ᠨᠦᠭᠦᠭᠡ ᠲᠠᠯ᠎ᠠ ᠪᠠᠷ ᠭᠠᠯ ᠲᠠᠬᠢᠬᠤ ᠪᠡᠯᠡᠳᠬᠡᠯ ᠠᠵᠢᠯ ᠢᠶᠠᠨ ᠬᠢᠵᠦ ᠡᠬᠢᠯᠡᠳᠡᠭ᠃   ᠦᠵᠦᠮᠦᠴᠢᠨ ᠮᠣᠩᠭᠤᠯᠴᠤᠳ ᠬᠤᠷᠢᠨ ᠭᠤᠷᠪᠠᠨ ᠤ ᠭᠠᠯ ᠲᠠᠬᠢᠬᠤ ᠠᠵᠢᠯᠯᠠᠭ᠎ᠠ ᠪᠠᠨ ᠭᠠᠯ ᠤᠨ ᠴᠠᠢ ᠤᠤᠭᠤᠯᠭᠠᠬᠤ ᠠᠴᠠ ᠡᠬᠢᠯᠡᠬᠦᠯᠳᠡᠭ ᠶᠤᠮ᠃ ᠬᠤᠲᠠ ᠤᠰᠤᠨ ᠤ ᠪᠠᠨ ᠬᠦᠮᠦᠰ ᠲᠡᠭᠡᠨ ᠭᠠᠯ ᠤᠨ ᠴᠠᠢ ᠤᠤᠭᠤᠯᠭᠠᠬᠤ ᠶᠢᠨ ᠲᠤᠯᠠᠳᠠ ᠲᠤᠰ ᠡᠳᠦᠷ ᠦᠵᠦᠮᠦᠴᠢᠨ ᠪᠦᠰᠡᠬᠦᠶᠢᠴᠤᠳ ᠤᠨ ᠪᠤᠷᠪᠢ ᠪᠤᠰᠤᠭ᠎ᠠ ᠪᠠᠷ ᠡᠷᠬᠢᠯᠳᠦᠵᠦ᠂ ᠨᠢᠭᠡ ᠨᠢᠭᠡᠨ ᠲᠠᠢ ᠪᠠᠨ ᠮᠦᠴᠡᠭᠡᠷᠭᠡᠨ ᠡᠨᠡ ᠨᠢᠭᠡ ᠨᠢ ︽ᠮᠠᠨᠠᠶᠢᠬᠢ ᠠᠴᠠ ᠡᠬᠢᠯᠡᠶ᠎ᠡ︾ ᠭᠡᠬᠦ ᠳᠤ᠂ ᠲᠡᠷᠡ ᠨᠢᠭᠡ ᠨᠢ ᠪᠠᠰᠠ ︽ᠮᠠᠨᠠᠶᠢᠬᠢ ᠠᠴᠠ ᠡᠬᠢᠯᠡᠶ᠎ᠡ︾ ᠭᠡᠵᠦ ᠬᠠᠷᠢᠯᠴᠠᠨ ᠪᠤᠯᠢᠶᠠᠯᠴᠠᠭᠠᠨ ᠪᠤᠯᠵᠦ ᠠᠶᠢᠯ ᠠᠶᠢᠮᠠᠭ᠂ ᠬᠤᠲᠠ ᠤᠰᠤ᠂ ᠠᠬ᠎ᠠ ᠳᠡᠭᠦᠦ ᠰᠠᠳᠤᠨ ᠤ ᠳᠠᠭᠠᠨ ᠬᠦᠷᠴᠦ᠄ ︽ᠭᠠᠯ ᠲᠠᠬᠢᠨ᠎ᠠ᠂ ᠴᠠᠢ ᠤᠤᠭᠤᠭᠠᠷᠠᠢ᠂ ᠲᠠᠨ ᠢ ᠵᠠᠯᠠᠵᠦ ᠪᠠᠶᠢᠨ᠎ᠠ︾ ᠭᠡᠵᠦ ᠬᠠᠷᠢᠯᠴᠠᠨ ᠵᠠᠯᠠᠯᠭ᠎ᠠ ᠲᠠᠯᠪᠢᠵᠦ᠂ ᠬᠠᠷᠢᠯᠴᠠᠨ ᠨᠢᠭᠡ ᠨᠢᠭᠡᠨ ᠳᠡᠭᠡᠨ ᠭᠠᠯ ᠤᠨ ᠴᠠᠢ ᠤᠤᠭᠤᠯᠭᠠᠳᠠᠭ᠃ ᠭᠠᠯ ᠤᠨ ᠴᠠᠢ ᠤᠤᠭᠤᠯᠭᠠᠬᠤ ᠳᠤ᠂ ᠬᠠᠮᠤᠭ ᠳᠦᠷᠦᠭᠦᠨ ᠳᠤ ᠪᠦᠰᠡᠬᠦᠶᠢᠴᠤᠳ ᠠᠯᠳᠠᠨ ᠰᠢᠷ᠎ᠠ ᠮᠤᠳᠤᠨ ᠠᠶᠠᠭ᠎ᠠ ᠪᠤᠶᠤ ᠤᠷᠠᠯᠢᠭ ᠬᠢᠴᠡ ᠲᠠᠢ ᠮᠦᠩᠭᠦᠨ ᠠᠶᠠᠭᠠᠨ  ᠳᠠᠭᠠᠨ ᠬᠠᠭᠤᠷᠤᠭᠰᠠᠨ ᠪᠤᠳᠠᠭ᠎ᠠ᠂ ᠦᠷᠦᠮ᠎ᠡ ᠲᠤᠰᠤ᠂ ᠪᠤᠷᠠᠮ ᠰᠢᠬᠢᠷ᠂ ᠬᠤᠷᠤᠳ ᠠᠭᠠᠷᠤᠤᠯ ᠢ ᠳᠦᠭᠦᠷᠳᠡᠯ᠎ᠡ ᠬᠢᠵᠦ᠂ ᠳᠡᠭᠡᠷ᠎ᠡ ᠠᠴᠠ ᠨᠢ ᠬᠠᠩᠬᠤᠯᠤᠮ᠎ᠠ ᠦᠨᠦᠷ ᠲᠠᠢ ᠰᠦ ᠲᠠᠢ ᠴᠠᠢ ᠪᠠᠨ ᠠᠶᠠᠭᠠᠯᠠᠭᠠᠳ ᠠᠬᠠᠮᠠᠳ ᠨᠠᠰᠤᠳᠠᠨ᠂ ᠬᠦᠨᠳᠤᠳᠤ ᠵᠣᠴᠢᠨ ᠠᠴᠠ ᠡᠬᠢᠯᠡᠨ ᠪᠠᠷᠢᠳᠠᠭ᠃ ᠳᠠᠷᠠᠭ᠎ᠠ ᠨᠢ ᠯᠤᠤ ᠶᠢᠨ ᠬᠤᠸᠠᠷ ᠲᠠᠢ ᠫᠢᠯᠡᠨ ᠳᠠᠭᠠᠨ ᠶᠠᠩᠵᠦ ᠶᠠᠩᠵᠦ ᠪᠠᠷ ᠦᠷᠦᠵᠦ ᠵᠠᠰᠠᠭᠰᠠᠨ ᠴᠠᠭᠠᠨ ᠢᠳᠡᠭᠡ ᠪᠠᠨ ᠬᠤᠶᠠᠷ ᠭᠠᠷ ᠢᠶᠠᠷ ᠢᠶᠠᠨ ᠪᠠᠷᠢᠵᠦ ᠬᠦᠮᠦᠨ ᠪᠦᠷᠢ ᠳᠤ ᠨᠢᠭᠡ ᠨᠢᠭᠡ ᠪᠠᠷ ᠠᠮᠰᠠᠭᠤᠯᠳᠠᠭ᠃ ᠢᠩᠭᠢᠭᠰᠡᠨ ᠤ ᠰᠡᠭᠦᠯᠡᠷ ᠰᠠᠭᠠᠯᠢ ᠶᠢᠨ ᠠᠷᠢᠬᠢ ᠰᠠᠷᠬᠤᠳ ᠤᠨ ᠳᠡᠭᠡᠵᠢ ᠪᠠᠨ ᠰᠦᠩᠨᠡᠨ ᠪᠠᠷᠢᠳᠠᠭ᠃ ᠡᠭᠦᠨ ᠢ ᠳᠡᠲᠡ ︽ᠴᠠᠢ ᠠᠶᠠᠭᠠᠯᠠᠨ᠂ ᠴᠠᠭᠠᠨ ᠢᠳᠡᠭᠡ ᠪᠠᠷᠢᠵᠦ᠂ ᠠᠷᠢᠬᠢ ᠬᠡᠮᠨᠡᠬᠦ ᠶᠤᠰᠤᠨ︾ ᠭᠡᠵᠦ ᠬᠡᠯᠡᠳᠡᠭ ᠶᠤᠮ᠃ ᠴᠢᠩᠭᠢᠭᠡᠳ ᠥᠳᠡ ᠦᠩᠭᠡᠷᠡᠵᠦ᠂ ᠨᠠᠷᠠ ᠪᠠᠷᠠᠭᠤᠨᠰᠢ ᠲᠠᠰᠢᠬᠤ ᠲᠠᠢ ᠵᠡᠷᠭᠡ ᠲᠡᠳᠡ ᠠᠯᠢ ᠡᠷᠲᠡ 10 ᠰᠠᠷ᠎ᠠ ᠶᠢᠨ ᠦᠶ᠎ᠡ ᠪᠠᠷ ᠡᠪᠦᠯ ᠤᠨ ᠢᠳᠡᠰᠢ ᠪᠠᠨ ᠪᠡᠯᠡᠳᠬᠡᠬᠦ ᠥᠶ᠎ᠡ ᠳᠤ ︽ᠭᠠᠯ ᠤᠨ ᠪᠤᠷᠬᠠᠨ ᠤ ᠬᠤᠷᠠᠭ᠎ᠠ︾ ᠬᠡᠮᠡᠨ ᠭᠠᠯ ᠲᠠᠬᠢᠬᠤ ᠳᠤ ᠵᠤᠷᠢᠭᠤᠯᠵᠦ ᠤᠷᠢᠳᠴᠢᠯᠠᠨ ᠪᠡᠯᠡᠳᠬᠡᠵᠦ ᠲᠠᠯᠪᠢᠭᠰᠠᠨ ᠪᠦᠬᠦᠯᠢ ᠬᠤᠷᠠᠭᠠᠨ ᠰᠢᠭᠦᠰᠦ ᠪᠠᠨ ᠡᠪᠳᠡᠵᠦ᠂ ᠭᠠᠯ ᠲᠠᠬᠢᠬᠤ ᠡᠪᠴᠢᠭᠦᠦ ᠪᠠ ᠲᠠᠶᠢᠯᠠᠯᠭ᠎ᠠ ᠳᠤ ᠬᠡᠷᠡᠭᠯᠡᠬᠦ ᠮᠢᠬ᠎ᠠ ᠪᠠᠨ ᠴᠢᠨᠠᠵᠦ ᠪᠤᠯᠭᠤᠳᠠᠭ᠃ ᠤᠷᠤᠢ ᠪᠤᠯᠵᠦ ᠡᠳᠦᠷ ᠤᠨ ᠠᠵᠢᠯ ᠦᠨᠳᠦᠷᠯᠡᠨ᠂ ᠠᠳᠤᠭᠤ ᠪᠠᠨ ᠵᠠᠯᠠᠵᠦ ᠬᠤᠨᠢ ᠪᠠᠨ ᠬᠤᠲᠠᠯᠠᠨ᠂ ᠦᠬᠡᠷ ᠢᠶᠠᠨ ᠬᠤᠷᠢᠶᠠᠵᠤ ᠠᠭᠲᠠ ᠪᠠᠨ ᠠᠷᠭᠠᠮᠵᠢᠴᠢᠬᠠᠪᠠᠯ᠂ ᠬᠤᠲᠠ ᠤᠰᠤᠨ ᠤ ᠵᠡᠷᠭᠡᠯᠡᠳᠡᠭᠡ ᠠᠶᠢᠯ ᠡᠷᠦᠬᠡ ᠨᠦᠭᠦᠳ ᠬᠤᠭᠤᠷᠤ ᠬᠤᠭᠤᠷᠤᠨᠳᠤ ᠪᠠᠨ᠄ ︽ᠭᠠᠯ ᠲᠠᠬᠢᠨ᠎ᠠ᠂ ᠬᠤᠭᠤᠯᠠ ᠢᠳᠡ︾ ᠬᠡᠮᠡᠨ ᠲᠠᠬᠢᠨ ᠨᠢᠭᠡᠨ ᠨᠢᠭᠡᠨ ᠢᠶᠠᠨ ᠤᠷᠢᠵᠦ᠂ ᠠᠯᠢ ᠨᠢᠭᠡ ᠠᠶᠢᠯ ᠠᠴᠠ ᠡᠬᠢᠯᠡᠨ ᠭᠠᠯ ᠲᠠᠬᠢᠬᠤ ᠶᠤᠰᠤᠯᠠᠯ ᠢᠶᠠᠨ ᠭᠦᠢᠴᠡᠳᠬᠡᠳᠡᠭ᠃    ᠦᠵᠦᠮᠦᠴᠢᠨ ᠮᠣᠩᠭᠤᠯᠴᠤᠳ ᠤᠨ ᠭᠠᠯ ᠲᠠᠬᠢᠬᠤ ᠶᠤᠰᠤᠯᠠᠯ ᠪᠣᠯ ᠦᠪᠡᠷᠮᠢᠴᠡ ᠤᠨᠴᠠᠯᠢᠭ ᠲᠠᠢ ᠮᠦᠷᠳᠡᠭᠡᠨ ᠲᠦᠪ ᠶᠡᠬᠡᠮᠰᠦᠭ ᠪᠠᠶᠢᠳᠠᠭ᠃ ᠤᠷᠢᠭᠰᠠᠨ ᠵᠤᠴᠢᠳ ᠨᠢ ᠴᠤᠭᠯᠠᠷᠠᠨ ᠢᠷᠡᠮᠡᠭᠴᠡ ᠶᠤᠰᠤᠯᠠᠯ ᠤᠨ ᠴᠠᠢ ᠠᠶᠠᠭᠠᠯᠠᠨ᠂ ᠪᠡᠯᠭᠡᠳᠡᠯ ᠤᠨ ᠴᠠᠭᠠᠨ ᠢᠳᠡᠭᠡ ᠲᠠᠯᠪᠢᠵᠦ᠂ ᠬᠦᠨᠳᠦᠳᠬᠡᠯ ᠤᠨ ᠠᠷᠢᠬᠢ ᠪᠠᠨ ᠡᠷᠬᠦᠵᠦ ᠲᠠᠭᠤᠰᠪᠠᠯ ᠳᠠᠷᠤᠢ ᠭᠠᠯ ᠤᠨ ᠲᠠᠬᠢᠯᠭ᠎ᠠ ᠡᠬᠢᠯᠡᠳᠡᠭ ᠶᠤᠮ᠃ ᠡᠨᠡ ᠦᠶ᠎ᠡ ᠳᠤ ᠡᠷᠡᠭᠳᠡᠶᠢᠴᠦᠳ ᠨᠢ ᠶᠤᠰᠤᠯᠠᠯ ᠤᠨ ᠮᠠᠯᠠᠭᠠᠢ ᠳᠡᠪᠡᠯ ᠬᠤᠪᠴᠠᠰᠤ᠂ ᠭᠤᠲᠤᠯ ᠢᠶᠠᠨ ᠡᠮᠦᠰᠬᠦ ᠶᠢᠨ ᠬᠠᠮᠳᠤ ᠳᠡᠭᠰᠢᠯᠡᠨ ᠵᠠᠰᠠᠵᠦ᠂ ᠪᠦᠰᠡ ᠪᠠᠨ ᠪᠦᠰᠡᠯᠡᠭᠰᠡᠨ ᠤ ᠳᠠᠷᠠᠭ᠎ᠠ ᠬᠤᠪᠴᠠᠰᠤᠨ ᠤ ᠪᠠᠨ ᠭᠠᠳᠠᠭᠤᠷ ᠬᠠᠨᠵᠢᠶᠠᠷ ᠡᠮᠦᠰᠴᠦ ᠂ ᠭᠡᠲᠡ ᠬᠢᠳᠤᠭ᠎ᠠ᠂ ᠬᠦᠬᠦᠷ ᠠᠴᠢᠮᠠᠭ ︵ᠬᠦᠬᠦᠷ ᠤᠨ ᠰᠠᠪᠠ︶ ᠵᠡᠷᠭᠡ ᠪᠠᠨ ᠵᠡᠭᠦᠵᠦ ᠵᠠᠰᠠᠨ ᠴᠢᠮᠡᠭᠯᠡᠬᠦ ᠳᠤ᠂ ᠡᠮᠡᠭᠳᠡᠶᠢᠴᠦᠳ  ᠨᠢ ᠪᠠᠰᠠ ᠳᠡᠪᠡᠯ ᠬᠤᠪᠴᠠᠰᠤ ᠪᠠᠨ ᠳᠡᠭᠰᠢᠯᠡᠨ ᠵᠠᠰᠠᠬᠤ ᠶᠢᠨ ᠬᠠᠮᠳᠤ ᠤᠤᠵᠠ ᠡᠮᠦᠰᠴᠦ ᠲᠠᠳᠠᠭᠤᠷ᠂ ᠰᠦᠢᠬᠡ᠂ ᠡᠭᠡᠮᠦᠭ ᠵᠡᠷᠭᠡ ᠶᠢ ᠵᠡᠭᠦᠳᠡᠭ᠃ ᠭᠡᠤᠭᠡᠳ ᠤᠳ ᠨᠢ ᠥᠩᠭᠡ ᠲᠠᠢ ᠰᠠᠶᠢᠬᠠᠨ ᠰᠢᠨ᠎ᠡ ᠬᠤᠪᠴᠠᠰᠤ ᠡᠮᠦᠰᠬᠦ ᠶᠢᠨ ᠬᠠᠮᠳᠤ ᠪᠠᠰᠠ ᠠᠯᠴᠢᠭᠤᠷ ᠪᠦᠰᠡ ᠪᠠᠷ ᠭᠤᠶᠤᠯᠠᠨ ᠵᠠᠰᠠᠳᠠᠭ᠃    ᠬᠤᠨᠢᠨ ᠤ ᠡᠪᠴᠢᠬᠦᠦ ᠪᠣᠯ ᠳᠡᠲᠡᠨ ᠤ ᠭᠠᠯ ᠲᠠᠬᠢᠬᠤ ᠳᠤ ᠬᠡᠷᠡᠭᠯᠡᠳᠡᠭ ᠬᠠᠮᠤᠭ ᠤᠨ ᠴᠢᠬᠤᠯᠠ ᠵᠦᠢᠯ ᠪᠤᠯᠤᠨ᠎ᠠ᠃ ᠶᠠᠰᠤ ᠶᠢ ᠨᠢ ᠰᠡᠪᠳᠦᠭᠡᠬᠦ ᠦᠭᠡᠢ᠂ ᠥᠶ᠎ᠡ ᠶᠢ ᠨᠢ ᠬᠡᠮᠳᠦᠭᠡᠬᠦ ᠦᠭᠡᠢ ᠪᠠᠷ ᠪᠤᠰᠤᠳ ᠶᠠᠰᠤᠨ ᠠᠴᠠ ᠨᠢ ᠰᠠᠶᠢᠬᠠᠨ ᠰᠠᠯᠭᠠᠭᠰᠠᠨ ᠡᠪᠴᠢᠭᠦᠨ ᠤ ᠪᠠᠨ ᠮᠢᠬ᠎ᠠ ᠶᠢ ᠪᠦᠬᠦᠨ ᠢ ᠱᠤᠯᠤᠵᠦ᠂ ︽ᠳᠠᠯᠠᠯᠭ᠎ᠠ ᠶᠢᠨ ᠭᠡᠰᠢᠭ︾ ᠢ ᠳᠦᠭᠦᠷᠳᠡᠯ᠎ᠡ ᠦᠷᠦᠵᠦ ᠲᠠᠯᠪᠢᠭᠰᠠᠨ ᠫᠢᠯᠠᠨ ᠳᠠᠭᠠᠨ ᠮᠢᠬ᠎ᠠ ᠶᠢ ᠨᠢ ᠳᠤᠤᠷ᠎ᠠ ᠨᠢ᠂ ᠡᠪᠴᠢᠭᠦᠦ ᠶᠢ ᠨᠢ ᠳᠡᠭᠡᠷ᠎ᠡ ᠨᠢ᠂ ᠳᠤᠳᠤᠷ᠎ᠠ ᠲᠠᠯ᠎ᠠ ᠶᠢ ᠨᠢ ᠳᠡᠭᠡᠭᠰᠢ ᠬᠠᠨᠳᠤᠭᠤᠯᠤᠨ ᠲᠠᠯᠪᠢᠵᠤ᠂ ᠡᠪᠴᠢᠬᠦᠨ ᠤ ᠶᠠᠰᠤ ᠪᠠᠷ ᠨᠢ ᠭᠠᠯ ᠢᠶᠠᠨ ᠲᠠᠬᠢᠵᠦ᠂ ᠮᠢᠬ᠎ᠠ ᠪᠠᠷ ᠨᠢ ᠭᠠᠯ ᠤᠨ ᠳᠠᠯᠠᠯᠭ᠎ᠠ ᠠᠪᠬᠤ ᠬᠡᠰᠢᠭ ᠪᠤᠯᠭᠠᠳᠠᠭ᠃ ᠡᠪᠴᠢᠬᠦᠨ ᠤ ᠶᠠᠰᠤ ᠶᠢ ᠳᠡᠭᠡᠷ᠎ᠡ ᠨᠢ ᠲᠠᠯᠪᠢᠳᠠᠭ ᠨᠢ ᠳᠡᠭᠦᠨ ᠢ ᠬᠠᠮᠤᠭ ᠤᠨ ᠳᠦᠷᠦᠭᠦᠨ ᠳᠤ ᠭᠠᠯ  ᠳᠠᠭᠠᠨ ᠡᠷᠭᠦᠨ᠎ᠡ ᠭᠡᠰᠡᠨ ᠤᠳᠬ᠎ᠠ ᠲᠠᠢ ᠶᠤᠮ᠃ ᠴᠢᠩᠭᠢᠭᠡᠳ ᠭᠠᠯ ᠢᠶᠠᠨ ᠲᠠᠬᠢᠬᠤ ᠦᠶ᠎ᠡ ᠳᠤ ᠡᠪᠴᠢᠬᠦᠦ ᠪᠠᠨ ᠳᠡᠭᠡᠭᠰᠢ ᠪᠠᠨ ᠬᠠᠷᠠᠭᠤᠯᠤᠨ ᠲᠠᠯᠪᠢᠭᠰᠠᠨ ᠤ ᠳᠠᠷᠠᠭ᠎ᠠ ᠳᠡᠭᠡᠷ᠎ᠡ ᠨᠢ ︽ᠦᠨᠳᠦᠷ ᠠᠭᠤᠯᠠ ᠶᠢᠨ ᠦᠷ᠎ᠡ ᠲᠠᠢ ᠮᠤᠳᠤ︾ ᠬᠡᠮᠡᠨ ᠦᠷᠢᠯ ᠪᠤᠶᠤ ᠮᠤᠶᠢᠯ ᠤᠨ ᠰᠠᠯᠠᠭ᠎ᠠ ᠮᠦᠴᠢᠷ᠂ ︽ᠦᠷᠭᠡᠨ ᠲᠠᠯ᠎ᠠ ᠶᠢᠨ ᠰᠤᠷ ᠲᠠᠢ ᠡᠪᠡᠰᠦ︾ ᠬᠡᠮᠡᠨ ᠬᠢᠯᠠᠭᠠᠨ᠎ᠠ ᠶᠢᠨ ᠨᠠᠮᠠᠭ᠎ᠠ ᠵᠢᠴᠢ ᠬᠤᠩᠭᠤᠯᠵᠠᠭᠤᠷ ᠤᠨ ᠳᠤᠯᠤᠭᠠᠢ᠂  ᠬᠠᠶᠢᠴᠢ ᠡᠪᠡᠰᠦ ᠪᠠ ᠢᠳᠡᠭᠡᠨ ᠤ ᠳᠡᠭᠡᠵᠢ ᠬᠡᠮᠡᠨ ᠰᠢᠷ᠎ᠠ ᠲᠤᠰᠤ᠂ ᠥᠭᠡᠬᠦ ᠵᠡᠷᠭᠡ ᠲᠠᠬᠢᠯᠭ᠎ᠠ ᠶᠢᠨ ᠵᠦᠢᠯᠡᠰ ᠢᠶᠠᠨ ᠦᠷᠦᠵᠦ ᠲᠠᠯᠪᠢᠭᠰᠠᠨ ᠤ ᠰᠡᠭᠦᠯᠡᠷ ᠪᠤᠤᠷ᠎ᠠ ᠶᠢᠨ ᠵᠣᠭᠳᠤᠷ ᠪᠤᠶᠤ ᠬᠤᠴᠠ ᠶᠢᠨ ᠨᠤᠤᠰᠤ ᠪᠠᠷ ᠡᠭᠡᠷᠡᠭᠰᠡᠨ ᠨᠤᠤᠰᠤᠨ ᠤᠳᠠᠰᠤ ᠪᠠᠷ ᠪᠤᠭᠤᠵᠦ᠂ ᠭᠠᠯ ᠳᠠᠭᠠᠨ ᠡᠷᠭᠦᠬᠦ ᠪᠠᠷ ᠪᠡᠯᠡᠳᠬᠡᠨ᠎ᠡ᠃ ᠦᠵᠦᠮᠦᠴᠢᠨ ᠤ ᠭᠠᠯ ᠤᠨ ᠪᠤᠷᠬᠠᠨ ᠤ ᠬᠤᠷᠠᠭ᠎ᠠ ᠭᠡᠳᠡᠭ ᠨᠢ ᠡᠪᠴᠢᠬᠦᠦ ᠶᠢ ᠨᠢ ᠭᠠᠯ ᠳᠠᠭᠠᠨ ᠡᠷᠭᠦᠵᠦ᠂ ᠳᠤᠯᠤᠭᠠᠢ ᠶᠢ ᠨᠢ ᠪᠢᠳᠡᠭᠦᠨ ᠤ ᠡᠳᠦᠷ ᠵᠢᠭᠠᠵᠦ ᠤᠭᠤᠴᠠ ᠲᠠᠢ ᠨᠢ ᠴᠤᠭ ᠪᠢᠳᠡᠬᠦᠨ ᠤ ᠬᠤᠭᠤᠯᠠ ᠪᠤᠯᠭᠠᠨ᠂ ᠰᠡᠬᠦᠯ ᠢ ᠨᠢ ᠪᠤᠷᠬᠠᠨ ᠳᠤ ᠲᠠᠯᠪᠢᠵᠦ ᠪᠤᠷᠬᠠᠨ ᠤ ᠭᠡᠰᠢᠭ ᠪᠤᠯᠭᠠᠬᠤ ᠪᠠᠷ ᠲᠤᠰᠠᠬᠠᠶᠢᠯᠠᠨ ᠳᠦᠬᠦᠭᠡᠷᠦᠭᠰᠡᠨ ᠬᠤᠷᠠᠭᠠᠨ ᠤ ᠪᠦᠬᠦᠯᠢ ᠪᠤᠯᠤᠨ᠎ᠠ᠃ ᠵᠠᠷᠢᠮ ᠨᠢ ᠪᠦᠳᠦᠭᠦᠨ ᠬᠤᠨᠢ ᠪᠠᠷ ᠲᠠᠬᠢᠬᠤ ᠴᠦ ᠪᠤᠢ᠃    ᠭᠠᠯ ᠲᠠᠬᠢᠬᠤ ᠶᠤᠰᠤᠯᠠᠯ ᠢ ᠭᠡᠷ ᠤᠨ ᠡᠵᠡᠨ ᠡᠷᠬᠢᠯᠡᠵᠦ ᠬᠢᠳᠡᠭ ᠪᠦᠭᠡᠳ ᠪᠦᠰᠡᠬᠦᠢ ᠨᠢ ᠪᠠᠷ᠎ᠠ ᠪᠣᠯᠵᠦ᠂ ᠡᠪᠦᠭᠡᠳ ᠬᠦᠭᠰᠢᠳ ᠠᠴᠠ ᠠᠪᠤᠭᠠᠳ ᠭᠡᠤᠭᠡᠳ ᠰᠢᠤᠬᠠᠳ ᠪᠦᠭᠦᠳᠡᠭᠡᠷ ᠤᠷᠤᠯᠴᠠᠳᠠᠭ᠃ ᠮᠤᠩᠭᠤᠯ ᠭᠡᠷ ᠤᠨ ᠭᠤᠣᠯ ᠳᠤ ᠲᠠᠯᠪᠢᠭ᠎ᠠ ᠳᠦᠷᠪᠡᠨ ᠤᠴᠤᠭ᠂ ᠭᠤᠷᠪᠠᠨ ᠴᠠᠭᠠᠷᠢᠭ ᠲᠠᠢ ᠭᠠᠩ ᠳᠤᠯᠭᠠᠨ ᠠᠴᠠ ᠭᠠᠯ ᠤᠨ ᠰᠤᠷ ᠪᠠᠳᠠᠷᠠᠵᠤ᠂ ᠳᠤᠭᠤᠨᠤ ᠪᠠᠷ ᠳᠡᠭᠡᠭᠰᠢ ᠪᠠᠨ ᠤᠳᠤᠭ᠎ᠠ ᠰᠤᠭᠤᠨᠠᠭᠯᠠᠬᠤ ᠳᠤ ᠳᠤᠯᠭ᠎ᠠ ᠶᠢᠨ ᠡᠮᠦᠨ᠎ᠡ᠂ ᠡᠭᠦᠳᠡᠨ ᠤ ᠳᠤᠳᠤᠷ᠎ᠠ ᠲᠠᠯ᠎ᠠ ᠳᠤ ᠳᠡᠪᠢᠰᠦᠭᠰᠡᠨ ᠣᠯᠪᠠᠭ ᠳᠡᠭᠡᠷ᠎ᠡ ᠲᠦᠪ ᠶᠡᠬᠡᠮᠰᠦᠭ ᠢᠶᠠᠷ ᠬᠤᠪᠴᠠᠰᠤᠯᠠᠵᠦ ᠵᠠᠰᠠᠭᠰᠠᠨ ᠭᠡᠷ ᠤᠨ  ᠡᠵᠡᠨ ᠰᠦᠭᠦᠳᠦᠨ ᠰᠠᠭᠤᠵᠦ᠂ ᠲᠠᠬᠢᠯᠭ᠎ᠠ ᠶᠢᠨ ᠡᠪᠴᠢᠭᠦᠦ ᠶᠢ ᠦᠷᠦᠵᠦ ᠲᠠᠯᠪᠢᠭᠰᠠᠨ ᠲᠠᠯᠠᠯᠠᠭ᠎ᠠ ᠶᠢᠨ ᠫᠢᠯᠠ ᠪᠠᠨ ᠬᠢᠴᠢᠶᠡᠩᠭᠦᠶᠢᠯᠡᠨ ᠡᠷᠭᠦᠵᠦ᠂ ᠪᠡᠶ᠎ᠡ ᠮᠡᠬᠦᠶᠢᠨ ᠡᠪᠴᠢᠭᠦᠦ ᠪᠠᠨ ᠭᠠᠯ ᠳᠤ ᠡᠷᠭᠦᠬᠦ ᠳᠤ ᠪᠦᠰᠡᠬᠦᠢ ᠨᠢ ᠲᠤᠮᠤ ᠰᠢᠨᠠᠭᠠᠨ ᠳᠤ ᠬᠢᠵᠦ ᠬᠠᠶᠢᠯᠤᠭᠤᠯᠤᠭᠰᠠᠨ ᠰᠢᠷ᠎ᠠ ᠲᠤᠰᠤ ᠪᠠᠨ ᠵᠢᠵᠢᠭ ᠰᠢᠨᠠᠭ᠎ᠠ ᠪᠠᠷ ᠭᠠᠯ ᠳᠤ ᠲᠤᠰᠤᠭᠠᠬᠤ ᠳᠤ ᠭᠠᠯ ᠬᠦᠭᠵᠢᠨ ᠨᠤᠴᠤᠵᠦ᠂ ᠭᠡᠷ ᠳᠦᠭᠦᠷᠡᠩ ᠭᠡᠷᠡᠯ ᠲᠤᠯᠠᠯᠵᠠᠳᠠᠭ᠃ ᠡᠨᠡ ᠦᠶ᠎ᠡ ᠳᠤ ᠭᠡᠷ ᠤᠨ ᠡᠵᠡᠨ ᠤ ᠬᠠᠵᠠᠭᠤ ᠳᠤ ᠰᠠᠭᠤᠭᠰᠠᠨ ᠪᠦᠭᠦᠳᠡᠭᠡᠷ ᠢᠶᠠᠨ ᠡᠯ᠎ᠡ ᠲᠠᠯ᠎ᠠ ᠠᠴᠠ ᠨᠢ ᠦᠭᠡᠬᠦ ᠲᠤᠰᠤ ᠪᠠᠨ ᠭᠠᠯ ᠳᠠᠭᠠᠨ ᠡᠷᠭᠦᠵᠡᠭᠡᠳᠡᠭ᠃   ᠭᠠᠯ ᠢᠶᠠᠨ ᠲᠠᠬᠢᠵᠦ ᠪᠠᠷᠠᠮᠠᠭᠴᠠ ᠭᠡᠷ ᠤᠨ ᠡᠵᠡᠨ ᠫᠢᠯᠠ ᠲᠠᠢ ᠭᠠᠯ ᠤᠨ ᠭᠡᠰᠢᠭ ᠢᠶᠠᠨ ᠡᠷᠭᠦᠨ ᠪᠤᠰᠴᠦ ᠵᠤᠭᠰᠤᠭᠠᠳ᠄ ︽ᠬᠤᠷᠤᠢ᠂ ᠬᠤᠷᠤᠢ᠂ ᠬᠤᠷᠤᠢ︕︾ ᠭᠡᠵᠦ ᠬᠤᠷᠤᠶᠢᠯᠠᠬᠤ ᠶᠢᠨ ᠳᠠᠭᠠᠤ ᠵᠦᠪ ᠢᠶᠠᠷ ᠭᠤᠷᠪᠠ ᠡᠷᠬᠢᠬᠦ ᠳᠤ ᠪᠦᠭᠦᠳᠡᠭᠡᠷ ᠢᠶᠠᠨ ᠲᠡᠭᠦᠨ ᠢ ᠲᠠᠭᠠᠨ ᠦᠪᠡᠷ ᠦᠪᠡᠷ ᠤᠨ ᠭᠠᠷ ᠲᠠᠭᠠᠨ ᠪᠠᠷᠢᠭᠰᠠᠨ ︽ᠭᠠᠯ ᠤᠨ ᠭᠡᠰᠢᠭ︾ ᠢᠶᠠᠨ ᠡᠷᠭᠦᠵᠦ᠂ ᠭᠡᠷ ᠤᠨ ᠡᠵᠡᠨ  ᠲᠠᠢ ᠠᠶᠠᠯᠭᠤ ᠨᠡᠶᠢᠯᠡᠬᠦᠯᠦᠨ ᠬᠤᠷᠤᠶᠢᠯᠠᠵᠦ ᠳᠠᠯᠠᠯᠭ᠎ᠠ ᠠᠪᠳᠠᠭ ᠶᠤᠮ᠃ ᠳᠠᠷᠠᠭ᠎ᠠ ᠨᠢ ᠪᠦᠭᠦᠳᠡᠭᠡᠷ ᠢᠶᠠᠨ ᠤᠴᠢ ᠦᠰᠦᠷᠴᠦ ᠳᠦᠷᠡᠯᠵᠢᠨ ᠨᠤᠴᠤᠵᠦ ᠪᠠᠶᠢᠭ᠎ᠠ ᠭᠠᠯ ᠳᠠᠭᠠᠨ ᠮᠦᠷᠭᠦᠵᠦ᠂ ᠭᠠᠯ ᠲᠠᠬᠢᠬᠤ ᠠᠵᠢᠯᠯᠠᠭ᠎ᠠ ᠪᠠᠨ ᠳᠠᠭᠤᠰᠬᠠᠭᠠᠳ ᠭᠠᠯ ᠤᠨ ᠨᠠᠶᠢᠷ ᠢᠶᠠᠨ ᠡᠬᠢᠯᠡᠵᠦ ᠬᠢᠨ᠎ᠡ᠃ ᠡᠨᠡ ᠥᠶ᠎ᠡ ᠳᠤ ᠦᠵᠦᠮᠦᠴᠢᠨ ᠮᠤᠩᠭᠤᠯᠴᠤᠳ ᠤᠨ ᠤᠷᠳᠤ ᠶᠢᠨ ᠲᠠᠭᠤᠤ ᠠᠭᠤᠳᠠᠮ ᠤᠭᠳᠠᠷᠭᠤᠢ ᠳᠤ ᠴᠤᠤᠷᠢᠶᠠᠳᠤᠵᠦ᠂ ᠠᠶᠢᠯ ᠳᠠᠷᠠᠭᠠᠯᠠᠨ ᠨᠠᠶᠢᠷ ᠡᠭᠦᠰᠬᠡᠨ ᠤᠶᠠᠩᠭ᠎ᠠ ᠬᠦᠭᠵᠢᠭᠡᠵᠦ᠂ ᠦᠯᠵᠡᠢ ᠪᠡᠯᠭᠡᠳᠤ ᠴᠠᠭᠠᠨ ᠰᠠᠷ᠎ᠠ ᠪᠠᠨ ᠤᠭᠳᠤᠨ᠂ ᠢᠷᠡᠬᠦ ᠮᠠᠷᠭᠠᠰᠢ ᠶᠢᠨ ᠪᠠᠳᠠᠷᠠᠯ ᠬᠦᠭᠵᠢᠯ ᠢ ᠪᠡᠯᠭᠡᠳᠡᠭᠰᠡᠭᠡᠷ ᠭᠤᠯᠤᠮᠳᠠ ᠪᠠᠨ ᠬᠦᠭᠵᠢᠭᠡᠨ ᠭᠠᠯ ᠤᠨ ᠨᠠᠶᠢᠷ ᠢᠶᠠᠨ ᠦᠨᠳᠦᠷᠯᠡᠬᠦᠯᠳᠡᠭ ᠪᠢᠯᠡ᠃
 
ᠢᠷᠡᠯᠲᠡ᠄ ᠦᠵᠦᠮᠦᠴᠢᠨ ᠠᠶᠢᠮᠠᠭ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号