ᠮᠤᠩᠭᠤᠯᠴᠤᠳ ᠤᠨ ᠰᠠᠴᠤᠯᠢ ᠡᠷᠭᠦᠭᠦ ᠵᠠᠩ ᠦᠢᠯᠠ
ᠨᠡᠶᠢᠲᠡᠯᠡᠭᠰᠡᠨ ᠴᠠᠭ᠄
2017/3/15
ᠴᠢᠯᠠᠭᠤᠨᠪᠠᠳᠤ       ᠳᠡᠭᠷᠢ ᠭᠠᠵᠠᠷ ᠲᠤ ᠰᠠᠴᠤᠯᠢ ᠡᠷᠭᠦᠭᠦ ᠵᠠᠩ ᠳᠠᠳᠬᠠᠯ ᠮᠤᠩᠭᠤᠯᠴᠤᠳ ᠤᠨ ᠳᠤᠮᠳᠠ ᠡᠷᠳᠡ ᠤᠵᠣᠭᠤᠷ ᠠᠴᠠ ᠪᠠᠨ ᠶᠠᠪᠤᠭᠳᠠᠵᠦ ᠢᠷᠡᠵᠡᠢ᠃ ᠪᠠᠯᠠᠷ ᠡᠷᠳᠡᠨ ᠤ ᠭᠦᠮᠦᠰ ᠤᠨ ᠶᠡᠭᠡ ᠪᠠᠶᠢᠭᠠᠯᠢ ᠶᠢ ᠰᠢᠳᠦᠭᠦ ᠰᠡᠳᠭᠢᠯᠭᠡ ᠶᠢᠨ ᠰᠠᠭᠤᠷᠢᠨ ᠳᠤ ᠪᠤᠢ ᠪᠤᠯᠤᠭᠰᠠᠨ ᠡᠨᠡ ᠭᠦ ᠵᠠᠩ ᠦᠢᠯᠠ ᠨᠢ ᠮᠤᠩᠭᠤᠯᠴᠤᠳ ᠤᠨ ᠳᠤᠬᠠᠢ ᠳᠡᠦᠭᠡᠨ ᠳᠡᠮᠳᠡᠭᠯᠡᠯ ᠳᠤ ᠳᠡᠮᠳᠡᠭᠯᠡᠭᠳᠡᠵᠦ ᠪᠤᠢ᠃ ᠮᠤᠩᠭᠤᠯ ᠠᠶᠢᠯ ᠤᠨ ᠬᠢᠨ ᠦᠷᠯᠦᠭᠡ ᠴᠠᠢ ᠪᠠᠨ ᠴᠢᠨᠠᠭᠠᠳ ᠦᠪᠡᠷᠰᠡᠳ ᠢᠶᠠᠨ ᠤᠤᠭᠤᠬᠤ ᠠᠴᠠ ᠡᠮᠦᠨ᠎ᠠ ᠰᠢᠨᠠᠭᠠᠨ ᠳᠤ ᠪᠠᠭ᠎ᠠ ᠭᠢᠵᠦ ᠠᠪᠤᠭᠠᠳ ᠭᠠᠳᠠᠨ᠎ᠠ ᠭᠠᠷᠴᠤ᠂ ︽ᠳᠡᠭᠷᠢ ᠠᠪᠤ ᠮᠢᠨᠢ︾ ᠭᠡᠵᠦ ᠳᠡᠭᠡᠭᠰᠢ ᠰᠠᠴᠤᠵᠦ ᠪᠠᠶᠢᠭᠰᠠᠨ ᠢ ᠪᠢᠳᠡ ᠪᠠᠭ᠎ᠠ ᠳᠤ ᠪᠠᠨ ᠤᠯᠠᠨ ᠦᠵᠡᠭᠰᠡᠨ ᠪᠢᠯᠡ᠃ ᠴᠠᠭᠠᠨ ᠰᠠᠷ᠎ᠠ ᠶᠢᠨ ᠠᠶᠢᠯᠴᠢᠯᠠᠯᠳᠠ ᠪᠤᠶᠤ ᠬᠤᠷᠢᠮ ᠨᠠᠶᠢᠷ ᠲᠤ ᠤᠷᠤᠯᠴᠠᠭᠰᠠᠨ ᠮᠤᠩᠭᠤᠯ ᠭᠦᠮᠦᠰ ᠠᠩᠬᠠᠨ ᠤ ᠬᠤᠨᠳᠠᠭ᠎ᠠ ᠠᠷᠢᠭᠢᠨ ᠳᠤ ᠪᠠᠨ ᠪᠠᠷᠠᠭᠤᠨ ᠭᠠᠷ ᠤᠨ ᠢᠳᠡᠮ ᠬᠤᠷᠤᠭᠤ ᠪᠠᠨ ᠪᠠᠭ᠎ᠠ ᠲᠦᠷᠦᠰᠭᠢᠵᠦ᠂ ᠳᠡᠭᠡᠭᠰᠢ ᠪᠠᠨ ᠰᠠᠴᠤᠵᠦ ᠰᠠᠴᠤᠯᠢ ᠡᠷᠭᠦᠳᠡᠭ ᠵᠠᠩ ᠳᠠᠳᠬᠠᠯ ᠡᠳᠦᠭᠡ ᠳᠤ ᠭᠦᠷᠳᠡᠯ᠎ᠡ ᠤᠯᠠᠮᠵᠢᠯᠠᠭᠳᠠᠭᠰᠠᠭᠠᠷ ᠪᠤᠢ᠃ ︽ᠬᠤᠷᠢᠨ ᠨᠠᠢᠮᠠᠳᠤ ᠳᠠᠶᠢᠯᠪᠤᠷᠢ ᠳᠤᠯᠢ︾ ᠳᠤ ︽ᠠᠶᠢᠷᠠᠭ ᠴᠡᠭᠡ ᠶᠢᠨ ᠳᠡᠭᠡᠵᠢ ᠪᠠᠷ ᠳᠡᠭᠷᠢ ᠭᠠᠵᠠᠷ᠂ ᠤᠷᠤᠨ ᠳᠠᠯᠠᠪᠠᠢ᠂ ᠡᠵᠡᠳ ᠲᠤᠷ ᠳᠠᠶᠢᠵᠦ ᠳᠠᠪᠠᠭᠯᠠᠬᠤᠢ ᠶᠢᠨ ᠳᠤᠯᠠ ᠶᠢᠰᠤᠨ ᠳᠠᠭᠢᠯ ᠭᠠᠷᠭᠠᠨ ᠦᠢᠯᠡᠳᠦᠭᠰᠡᠨ ᠡᠷᠭᠦᠯ ᠤᠨ ᠬᠤᠯᠪᠤᠭ᠎ᠠ ᠰᠠᠪᠠ ᠶᠢ ᠰᠠᠴᠤᠯᠢ ᠭᠡᠮᠡᠮᠦᠢ︾ ᠭᠡᠵᠡᠢ᠃ ︽ᠮᠤᠩᠭᠤᠯ ᠭᠡᠯᠡᠨ ᠤ ᠵᠦᠪ ᠳᠠᠭᠤᠳᠠᠯᠭ᠎ᠠ ᠵᠦᠪ ᠪᠢᠴᠢᠯᠭᠡ ᠶᠢᠨ ᠳᠤᠯᠢ︾ ᠳᠤ ᠰᠠᠴᠤᠯᠢ ᠶᠢ ︽ᠳᠡᠭᠡᠵᠢ ᠡᠷᠭᠦᠭᠦ ᠶᠢᠰᠦᠨ ᠨᠦᠭᠡ ᠲᠠᠢ ᠮᠤᠳᠤ︾ ᠭᠡᠵᠡᠢ᠃ ᠲᠦᠷᠦᠭᠦᠤ ᠭᠡᠳᠤᠨ ᠵᠢᠯ ᠬᠠᠭᠤᠴᠢᠨ ᠤ ᠡᠳ᠋ ᠴᠤᠭᠯᠠᠭᠤᠯᠳᠠᠭ ᠭᠦᠮᠦᠨ ᠤ ᠭᠠᠷ ᠲᠤ ᠮᠤᠳᠤᠨ ᠬᠤᠰᠤᠭᠤᠷ ᠤᠨ ᠭᠡᠯᠪᠡᠷᠢᠳᠡᠢ᠂ ᠬᠤᠰᠤᠭᠤᠷ ᠤᠨ ᠳᠤᠯᠤᠭᠠᠢ ᠳᠤ ᠨᠢ ᠶᠢᠰᠦᠨ ᠨᠢᠳᠤ ᠭᠠᠷᠭᠠᠭᠰᠠᠨ ᠰᠠᠴᠤᠯᠢ ᠡᠷᠭᠦᠭᠦ ᠭᠡᠷᠡᠭᠰᠡᠯ ᠢ ᠤᠯᠵᠦ ᠦᠵᠡᠭᠰᠡᠨ ᠶᠤᠮ᠃  ᠪᠠᠷᠤᠭᠯᠠᠬᠤ ᠳᠤ ᠶᠡᠭᠡ ᠲᠠᠶᠢᠯᠠᠯᠭ᠎ᠠ ᠳᠡᠭᠢᠯᠭ᠎ᠠ ᠳᠤ ᠭᠡᠷᠡᠭᠯᠡᠳᠡᠭ ᠡᠳ᠋ ᠪᠤᠯᠤᠯᠳᠠᠢ᠃ ᠶᠡᠷᠦᠳᠡᠭᠡᠨ ᠡᠨᠡ ᠭᠦ ᠰᠠᠪᠠ ᠪᠠᠷ ᠨᠢᠭᠡ ᠰᠠᠴᠤᠬᠤ ᠳᠤ ᠶᠢᠰᠤ ᠶᠢᠰᠤ ᠶᠢᠨ ᠨᠠᠶᠠᠨ ᠨᠢᠭᠡ ᠤᠳᠠᠭ᠎ᠠ ᠰᠠᠴᠤᠬᠤ᠂ ᠵᠢᠱᠢᠶᠠᠯᠠᠪᠠᠯ ᠴᠢᠩᠭᠢᠰ ᠤᠨ ᠡᠯ᠎ᠠ   ᠲᠠᠶᠢᠯᠠᠯᠭ᠎ᠠ ᠳᠠᠭᠢᠯᠭ᠎ᠠ ᠳᠤ ᠨᠡᠶᠢᠳᠡᠮ ᠭᠡᠷᠡᠭᠯᠡᠳᠡᠭ ᠨᠠᠶᠠᠨ ᠨᠢᠭᠡ ᠶᠢᠨ ᠰᠠᠴᠤᠯᠢ ᠡᠷᠭᠦᠭᠦ ᠵᠠᠩ ᠳᠠᠳᠬᠠᠯ ᠠᠴᠠ ᠢᠷᠡᠯᠳᠡ ᠲᠠᠢ ᠶᠤᠮ᠃            ᠰᠠᠴᠤᠯᠢ ᠳᠤ ᠭᠡᠷᠡᠭᠯᠡᠭᠦ ᠰᠠᠴᠤᠯᠢ ᠶᠢᠨ ᠶᠠᠭᠤᠮ᠎ᠠ ᠴᠤ ᠤᠯᠠᠨ ᠵᠦᠢᠯ ᠪᠠᠶᠢᠳᠠᠭ᠃ ᠶᠡᠷᠦᠳᠡᠭᠡᠨ ᠰᠦ ᠶᠢ ᠤᠯᠠᠨ ᠭᠡᠷᠡᠭᠯᠡᠳᠡᠭ᠂ ᠭᠡᠭᠦᠤ ᠶᠢᠨ ᠰᠦ᠂ ᠴᠡᠭᠡ ᠶᠢᠨ ᠳᠤᠰᠬᠠᠢ ᠰᠠᠴᠤᠯᠢ ᠪᠠᠶᠢᠳᠠᠭ᠃ ᠵᠢᠱᠢᠶᠡᠯᠡᠪᠡᠯ ᠰᠡᠷᠵᠢᠮ ᠡᠷᠭᠦᠭᠦ ᠳᠤ ᠤᠯᠠᠩᠭᠢ ᠳᠤ ᠪᠠᠨ ᠰᠦ ᠦᠭᠡᠢ ᠴᠢᠨᠠᠭᠰᠠᠨ ᠬᠠᠷ᠎ᠠ ᠴᠠᠢ ᠶᠢ ᠡᠷᠭᠦᠳᠡᠭ᠃ ᠡᠨᠡ ᠪᠤᠯ ᠪᠤᠷᠬᠠᠨ ᠱᠠᠰᠢᠨ ᠤ ᠦᠢᠯᠡ ᠳᠤ ᠭᠡᠷᠡᠭᠯᠡᠳᠡᠭ ᠰᠠᠴᠤᠯᠢ ᠪᠤᠯᠤᠨ᠎ᠠ᠃ ᠪᠠᠰᠠ ᠨᠢᠭᠡ ᠵᠦᠢᠯ ᠤᠨ ᠰᠡᠷᠵᠢᠮ ᠭᠡᠪᠡᠯ ᠡᠪᠴᠢᠭᠦᠤ ᠴᠢᠨᠠᠭᠰᠠᠨ ᠱᠦᠯᠦᠨ ᠤ ᠳᠤᠰᠤ᠂ ᠬᠠᠷ᠎ᠠ ᠠᠷᠢᠭᠢ᠂ ᠬᠠᠷ᠎ᠠ ᠪᠤᠷᠠᠮ ᠢ ᠬᠤᠯᠢᠵᠦ ᠭᠢᠭᠰᠡᠨ ᠰᠠᠴᠤᠯᠢ ᠪᠤᠯᠤᠨ᠎ᠠ᠃ ᠡᠨᠡ ᠪᠤᠯ ᠭᠠᠯ ᠳᠠᠭᠢᠬᠤ ᠳᠤ ᠭᠡᠷᠡᠭᠯᠡᠳᠡᠭ ᠤᠨᠴᠠᠭᠠᠢ ᠰᠠᠴᠤᠯᠢ ᠪᠤᠯᠤᠨ᠎ᠠ᠃ ᠬᠠᠯᠢᠮ ᠭᠡᠳᠡᠭ ᠨᠢ ᠰᠢᠷ᠎ᠠ ᠳᠤᠰᠤ᠂ ᠡᠪᠴᠢᠭᠦᠤ ᠴᠢᠨᠠᠭᠰᠠᠨ ᠱᠦᠯᠦᠨ ᠳᠤᠰᠤ᠂ ᠰᠦ᠂ ᠰᠢᠭᠢᠷ᠂ ᠪᠤᠷᠠᠮ᠂ ᠬᠠᠷ᠎ᠠ ᠠᠷᠢᠭᠢ ᠵᠠᠷᠭᠡ ᠪᠠᠷ ᠨᠠᠶᠢᠷᠠᠭᠤᠯᠤᠨ ᠭᠢᠭᠰᠡᠨ ᠰᠠᠴᠤᠯᠢ ᠪᠠᠶᠢᠳᠠᠭ᠃            ᠰᠠᠴᠤᠯᠢ ᠡᠷᠭᠦᠭᠦ ᠵᠠᠩ ᠦᠢᠯᠡ ᠨᠢ ᠮᠤᠩᠭᠤᠯᠴᠤᠳ ᠤᠨ ᠡᠭᠡ ᠪᠠᠶᠢᠭᠠᠯᠢ᠂ ᠭᠦᠭᠡ ᠮᠦᠩᠭᠡ ᠳᠡᠭᠷᠢ ᠶᠢ ᠰᠢᠳᠤᠨ ᠳᠡᠭᠡᠳᠤᠯᠡᠵᠦ᠂ ᠭᠦᠨᠳᠦᠳᠭᠡᠨ ᠳᠠᠭᠢᠵᠦ᠂ ᠳᠡᠳᠡᠨ ᠤ ᠦᠷᠦᠰᠢᠶᠠᠯ ᠢᠪᠡᠭᠡᠯ ᠢᠶᠠᠷ ᠡᠩᠭᠡ ᠳᠠᠶᠢᠪᠤᠩ᠂ ᠦᠨᠢᠷ ᠪᠠᠶᠠᠨ ᠠᠵᠤ ᠲᠦᠷᠦᠭᠦ ᠶᠢ ᠭᠦᠰᠡᠮᠵᠢᠯᠡᠭᠰᠡᠨ ᠠᠭᠤᠯᠭ᠎ᠠ ᠪᠦᠭᠦᠢ ᠵᠠᠩ ᠦᠢᠯᠡ ᠪᠤᠯᠤᠨ᠎ᠠ᠃ ᠳᠡᠷᠡ ᠨᠢ ᠮᠤᠩᠭᠤᠯᠴᠤᠳ ᠤᠨ ᠡᠭᠡ ᠪᠠᠶᠢᠭᠠᠯᠢ ᠂ ᠡᠴᠢᠭᠡ ᠳᠡᠭᠷᠢ ᠵᠢᠴᠢ ᠤᠩᠭᠤᠨ ᠳᠠᠷᠬᠠᠨ ᠵᠦᠢᠯᠡᠰ ᠢ ᠶᠠᠭᠤᠨ ᠠᠴᠠ ᠴᠤ ᠡᠷᠭᠢᠮ ᠳᠤ ᠦᠵᠡᠨ ᠳᠡᠭᠡᠳᠤᠯᠡᠵᠦ ᠶᠠᠪᠤᠳᠠᠭ ᠨᠠᠨᠳᠢᠨ ᠰᠢᠳᠦᠯᠭᠡ ᠪᠢᠰᠢᠷᠡᠯ ᠢ ᠢᠯᠡᠷᠡᠭᠦᠯᠦᠭᠰᠡᠨ ᠪᠠᠶᠢᠳᠠᠭ ᠢᠶᠠᠷ ᠢᠶᠠᠨ ᠤᠳᠤ ᠰᠢᠨ᠎ᠠ ᠴᠠᠭ ᠦᠶ᠎ᠠ ᠳᠤ ᠠᠮᠢ ᠠᠬᠤᠢ ᠶᠢ ᠬᠠᠮᠠᠭᠠᠯᠠᠬᠤ ᠶᠢ ᠳᠡᠭᠡᠳᠤᠯᠠᠨ᠂ ᠡᠶ᠎ᠡ ᠨᠠᠶᠢᠷᠠᠮᠳᠠᠭᠤ ᠨᠠᠶᠢᠭᠡᠮ ᠢ ᠴᠤᠭᠴᠠᠯᠠᠬᠤ ᠬᠠᠨᠳᠤᠰᠢ ᠲᠠᠢ ᠨᠢᠭᠡᠳᠤᠨ᠂ ᠰᠢᠨ᠎ᠠ ᠠᠮᠢᠯᠠᠯ ᠭᠦᠭᠵᠢᠯ ᠢᠶᠠᠨ ᠤᠯᠵᠦ ᠪᠠᠶᠢᠭ᠎ᠠ ᠪᠢᠯᠡ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号