ᠦᠵᠦᠮᠦᠴᠢᠨ ᠮᠣᠩᠭᠤᠯᠴᠣᠳ ᠤᠨ ᠲᠦᠷᠪᠡᠨ ᠣᠯᠠᠷᠢᠯ ᠤᠨ ᠬᠤᠪᠴᠠᠰᠣ ᠵᠠᠰᠠᠯ ᠤᠨ ᠲᠤᠬᠠᠢ ᠦᠭᠦᠯᠡᠬᠦ  ᠨᠢ(ᠳᠡᠭᠡᠳᠦ)
ᠨᠡᠶᠢᠲᠡᠯᠡᠭᠰᠡᠨ ᠴᠠᠭ᠄
2019/6/28
  ᠦᠵᠦᠮᠦᠴᠢᠨ ᠮᠣᠩᠭᠤᠯᠴᠣᠳ ᠤᠨ ᠲᠦᠷᠪᠡᠨ ᠣᠯᠠᠷᠢᠯ ᠤᠨ ᠬᠤᠪᠴᠠᠰᠣ ᠵᠠᠰᠠᠯ ᠤᠨ ᠲᠤᠬᠠᠢ ᠦᠭᠦᠯᠡᠬᠦ  ᠨᠢ(ᠳᠡᠭᠡᠳᠦ)    ᠦᠵᠦᠮᠦᠴᠢᠨ ᠮᠣᠩᠭᠤᠯᠴᠣᠳ ᠡᠪᠦᠭᠡ ᠳᠡᠭᠡᠳᠦᠰ ᠠᠴᠠ ᠨᠡᠭᠦᠳᠡᠯ ᠮᠠᠯᠵᠢᠯ ᠤᠨ ᠠᠮᠢᠳᠣᠷᠠᠯ ᠲᠠᠢ ᠪᠠᠨ ᠵᠣᠬᠢᠴᠠᠭᠤᠯᠤᠨ ᠤᠶᠠᠯᠳᠤᠭᠤᠯᠵᠤ᠂ ᠡᠷᠬᠢᠬᠦ ᠵᠢᠯ ᠤᠨ ᠳᠦᠷᠪᠡᠨ ᠣᠯᠠᠷᠢᠯ ᠤᠨ ᠠᠭᠤᠷ ᠠᠮᠢᠰᠬᠤᠯ ᠲᠠᠢ ᠵᠣᠬᠢᠴᠠᠭᠤᠯᠤᠨ ᠪᠥᠰ ᠪᠠᠷᠠᠭ᠎ᠠ᠂ ᠬᠦᠪᠦᠩ᠂ ᠠᠷᠠᠰᠤ ᠵᠡᠷᠭᠡ ᠪᠠᠷ ᠦᠪᠡᠷ ᠤᠨ ᠭᠡᠰᠡᠨ ᠣᠨᠴᠠᠯᠢᠭ ᠲᠠᠢ ᠳᠡᠪᠡᠯ᠂ ᠲᠡᠷᠯᠢᠭ᠂ ᠴᠠᠮᠴᠠ ︵ᠬᠠᠨᠳᠠᠭᠠᠰᠣ︶ ᠬᠤᠪᠴᠠᠰᠣ ᠣᠶᠣᠵᠤ ᠡᠪᠦᠭᠡ ᠳᠡᠭᠡᠳᠦ ᠶᠢᠨ ᠦᠶ᠎ᠡ ᠠᠴᠠ ᠪᠠᠨ ᠣᠳᠣ ᠪᠣᠯᠲᠠᠯ᠎ᠠ ᠡᠳ᠋ᠯᠡᠵᠦ ᠬᠡᠷᠡᠭᠯᠡᠵᠦ ᠢᠷᠡᠪᠡ᠃ ᠡᠨᠡ ᠨᠢ ᠪᠢᠳᠡᠨ ᠳᠤ ᠨᠡᠭᠦᠳᠡᠯ ᠮᠠᠯᠵᠢᠯ ᠤᠨ ᠠᠵᠤ ᠠᠮᠢᠳᠣᠷᠠᠯ ᠳᠤᠨᠢ ᠲᠤᠶᠢᠯ ᠢᠶᠠᠷ ᠵᠣᠬᠢᠴᠠᠯᠳᠤᠭᠰᠠᠨ ᠪᠠᠶᠢᠳᠠᠭ᠃ ᠵᠢᠱᠢᠶᠡᠯᠡᠪᠡᠯ᠄ ᠡᠨᠡᠬᠦ ᠬᠤᠪᠴᠠᠰᠣ ᠵᠠᠰᠠᠯ ᠡᠪᠦᠯ ᠬᠠᠪᠤᠷ ᠤᠨ ᠬᠦᠢᠲᠡᠨ ᠨᠤᠶᠢᠲᠠᠨ ᠳᠤ ᠪᠡᠶ᠎ᠡ ᠴᠤᠭᠴᠠᠰ ᠲᠤ ᠬᠠᠯᠬᠠᠪᠴᠢ ᠪᠣᠯᠵᠤ ᠰᠠᠯᠬᠢ ᠪᠣᠷᠤᠭᠠᠨ ᠳᠤ ᠪᠡᠶ᠎ᠡ ᠮᠠᠬᠠᠪᠤᠳ ᠢ ᠨᠢ ᠬᠠᠮᠠᠭᠠᠯᠠᠬᠤ ᠪᠠᠷ ᠪᠠᠷᠠᠬᠤ ᠦᠭᠡᠢ᠂ ᠬᠡᠭᠡᠷ᠎ᠡ ᠭᠠᠳᠠᠨ᠎ᠠ ᠬᠤᠨᠣᠵᠤ ᠬᠡᠪᠲᠡᠬᠦ ᠳᠤ ᠬᠤᠴᠢᠯᠭ᠎ᠠ ᠪᠣᠯᠳᠠᠭ᠂ ᠡᠳᠦᠷ ᠡᠮᠦᠰᠴᠦ ᠰᠦᠨᠢ ᠬᠦᠨᠵᠢᠯᠡ ᠪᠣᠯᠭᠠᠨ ᠨᠦᠮᠦᠷᠴᠣ ᠣᠨᠲᠠᠳᠠᠭ ᠪᠠᠶᠢᠨ᠎ᠠ᠃    ᠣᠳᠠᠭᠠᠨ ᠣᠨ ᠤ ᠳᠡᠥᠬᠡ ᠲᠠᠢ ᠡᠨᠡᠬᠦ ᠲᠦᠷᠪᠡᠨ ᠣᠯᠠᠷᠢᠯ ᠤᠨ ᠬᠤᠪᠴᠠᠰᠣ ᠵᠠᠰᠠᠯ ᠤᠨ ᠰᠣᠶᠣᠯ ᠨᠢ ᠦᠵᠦᠮᠦᠴᠢᠨ ᠪᠦᠰᠡᠭᠦᠶᠢᠴᠦᠳ ᠤᠨ ᠠᠵᠢᠯᠴᠢ ᠬᠤᠶᠠᠷ ᠭᠠᠷ ᠤᠨ ᠠᠷᠪᠠᠨ ᠬᠤᠷᠣᠭᠤ ᠶᠢᠨ ᠡᠷᠳᠡᠮ ᠢᠶᠠᠷ ᠭᠠᠶᠢᠬᠠᠭᠤᠯᠤᠨ᠂ ᠬᠡᠮᠵᠢᠵᠦ ᠡᠰᠬᠡᠬᠦ ᠤᠷ᠎ᠠ ᠮᠡᠷᠭᠡᠵᠢᠯ ᠤᠨ ᠲᠤᠬᠤᠢ᠂ ᠲᠥᠭᠡ᠂ ᠰᠦᠭᠦᠮ ︵ᠦᠵᠦᠭᠦᠷ ᠰᠦᠭᠦᠮ᠂ ᠮᠤᠬᠤᠷ ᠰᠦᠭᠦᠮ︶ ᠬᠤᠷᠣᠭᠤ ᠵᠡᠷᠭᠡ ᠪᠠᠷ ᠬᠡᠮᠵᠢᠶᠡᠯᠡᠭᠳᠡᠵᠦ᠂ ᠠᠭᠤᠵᠢᠮ ᠡᠪᠯᠢᠭ ᠢ ᠨᠢ ᠳᠠᠭᠠᠷᠠᠭᠤᠯᠵᠤ ᠣᠲᠠᠰᠣ ᠵᠡᠭᠦᠦ ᠶᠢᠨ ᠬᠤᠯᠪᠣᠭᠠᠰᠤ ᠪᠠᠷ ᠣᠷᠠᠯᠠᠵᠤ ᠰᠠᠶᠢᠬᠠᠨ ᠣᠶᠣᠳᠠᠭ ᠶᠤᠮ᠃ ᠡᠶᠢᠮᠦ ᠠᠴᠠ ᠪᠢ ᠡᠷᠲᠡ ᠦᠶ᠎ᠡ ᠳᠤ ᠦᠵᠦᠮᠦᠴᠢᠨ ᠬᠦᠮᠦᠰ ᠶᠠᠮᠠᠷ ᠣᠯᠠᠷᠢᠯ ᠳᠤ ᠶᠠᠮᠠᠷ ᠬᠤᠪᠴᠠᠰᠣ ᠡᠮᠦᠰᠳᠡᠭ᠂ ᠶᠠᠭᠠᠬᠢᠵᠤ ᠬᠡᠮᠵᠢᠵᠦ ᠣᠶᠣᠵᠤ ᠪᠦᠲᠦᠭᠡᠳᠡᠭ ᠢ ᠲᠠᠨᠢᠯᠴᠠᠭᠤᠯᠤᠶ᠎ᠠ᠃    ᠬᠠᠪᠤᠷ ᠤᠨ ᠣᠯᠠᠷᠢᠯ ᠳᠤ    ᠦᠵᠦᠮᠦᠴᠢᠨ ᠡᠷᠡᠴᠦᠳ ᠲᠤᠯᠤᠭᠠᠢ ᠳᠠᠭᠠᠨ ᠬᠠᠷ᠎ᠠ ᠰᠣᠪᠰᠤᠭ ᠤᠨ ᠳᠣᠭᠤᠢ ᠮᠠᠯᠠᠭᠠᠢ ᠪᠣᠶᠣ ᠣᠷᠲᠣ ᠳᠠᠪᠤᠤ ᠣᠷᠢᠶᠠᠳᠠᠭ᠂ ᠪᠡᠶ᠎ᠡ ᠳᠡᠭᠡᠨ ᠢᠯᠬᠢᠨ ᠳᠡᠪᠡᠯ ᠪᠣᠶᠣ ᠬᠦᠪᠦᠩ ᠲᠠᠢ ᠲᠡᠷᠯᠢᠭ ᠡᠮᠦᠰᠴᠦ᠂ ᠴᠢᠰᠴᠠᠤ ᠪᠦᠰᠡ ᠶᠢ ᠠᠷᠤ ᠭᠤᠣᠯ ᠳᠠᠭᠠᠨ ᠭᠤᠭᠴᠤᠭ᠎ᠠ ᠭᠠᠷᠭᠠᠵᠤ ᠬᠠᠪᠴᠢᠭᠤᠯᠵᠤ ᠪᠦᠰᠡᠯᠡᠳᠡᠭ᠃ ᠳᠡᠭᠡᠭᠦᠷ ᠨᠢ ᠢᠯᠭᠢ ᠪᠣᠶᠣ ᠬᠦᠷᠡᠩ᠂ ᠣᠯᠠᠭᠠᠨ ᠥᠩᠭᠡ ᠶᠢᠨ ᠲᠣᠷᠭ᠎ᠠ ᠴᠢᠰᠴᠠᠤ ᠶᠢᠨ ᠬᠠᠨᠵᠢᠶᠠᠷ ︵ᠭᠠᠯᠤᠤᠰᠤ︶ ᠲᠠᠪᠬᠤᠷᠯᠠᠵᠤ ᠡᠮᠦᠰᠳᠡᠭ᠂ ᠬᠦᠪᠦᠩ  ᠲᠠᠢ ᠥᠮᠦᠳᠦ ᠶᠢᠨ ᠭᠠᠳᠠᠭᠤᠷ ᠲᠤᠤᠱᠣᠣ ᠳᠠᠪᠬᠤᠷᠯᠠᠵᠤ ᠪᠠᠶᠢᠳᠠᠭ ᠶᠤᠮ᠂ ᠲᠤᠤᠱᠣᠣ ︵ᠲᠤᠤᠬᠤᠤ︶ ᠭᠡᠳᠡᠭ ᠪᠣᠯ ᠲᠠᠯ᠎ᠠ ᠰᠢᠷᠬᠤᠨᠠᠭ ᠠᠳᠠᠯᠢ ᠪᠠᠶᠢᠳᠠᠭ᠃ ᠬᠥᠯ ᠲᠡᠭᠡᠨ ᠢᠰᠡᠭᠡᠢ ᠪᠣᠶᠣ ᠰᠢᠷᠢ ᠶᠢᠨ ᠤᠯᠠ ᠲᠠᠢ ᠪᠤᠯᠢᠭᠠᠷᠢ ᠭᠤᠲᠤᠯ ᠳᠤ ᠢᠰᠡᠬᠡᠢ ᠪᠣᠶᠣ ᠪᠥᠰ ᠣᠶᠢᠮᠤᠰᠤ ᠡᠮᠦᠰᠦᠨ᠎ᠡ᠃ ᠪᠠᠷᠠᠭᠤᠨ ᠲᠠᠯ᠎ᠠ ᠶᠢᠨ ᠲᠡᠰᠢᠶᠡᠨ ᠳᠠᠭᠠᠨ ᠬᠤᠢ ᠲᠠᠢ ᠬᠢᠲᠤᠭ᠎ᠠ ᠰᠠᠭᠤᠷᠢᠵᠤ᠂ ᠵᠡᠭᠦᠨ ᠲᠠᠯ᠎ᠠ ᠶᠢᠨ ᠲᠠᠰᠢᠶᠠᠨ ᠳᠠᠭᠠᠨ ᠲᠤᠤᠬ᠎ᠠ ᠵᠡᠭᠦᠨ᠂ ᠮᠥᠩᠭᠦ ᠪᠣᠶᠣ ᠰᠣᠷ ᠤᠨ ᠣᠭᠤᠰᠣᠷ ᠢᠶᠠᠷ ᠬᠡᠲᠡ ᠶᠢ ᠬᠤᠯᠪᠣᠵᠤ ᠪᠦᠰᠡ ᠶᠢᠨ ᠠᠷᠤ ᠭᠤᠭᠴᠤᠭ᠎ᠠ ᠶᠢᠨ ᠳᠣᠮᠳᠠ ᠬᠠᠪᠴᠢᠭᠤᠯᠤᠨ᠎ᠠ᠃ ᠵᠡᠭᠦᠨ ᠭᠠᠷ ᠲᠠᠯ᠎ᠠ ᠶᠢᠨ ᠡᠮᠦᠨ᠎ᠡ ᠡᠩᠭᠡᠷ ᠤᠨ ᠴᠢᠭ ᠲᠤ ᠬᠤᠤ ᠶᠢᠨ ᠬᠡᠥᠳᠡᠢ ︵ ᠬᠦᠭᠦᠷ ᠳ᠋ᠠᠯᠢᠩ︶ ᠶᠢ ᠬᠠᠪᠴᠢᠭᠤᠯᠤᠨ᠎ᠠ᠃ ᠲᠠᠮᠠᠬᠢ ᠲᠠᠲᠠᠳᠠᠭ ᠬᠦᠮᠦᠨ ᠪᠣᠯ ᠲᠠᠮᠠᠬᠢᠨ ᠬᠡᠥᠲᠠᠢ ᠶᠢ ᠬᠤᠢ ᠲᠠᠢ ᠬᠢᠲᠤᠭ᠎ᠠ ᠶᠢᠨ ᠠᠷᠤ ᠲᠠᠯ᠎ᠠ ᠳᠤ ᠬᠠᠪᠴᠢᠭᠤᠯᠤᠨ᠎ᠠ᠃ ᠲᠠᠮᠠᠬᠢᠨ ᠭᠠᠩᠰᠠ ︵ᠳ᠋ᠠᠢ︶ ᠪᠠᠨ ᠭᠤᠲᠤᠯ ᠤᠨ ᠲᠦᠷᠡᠢ ᠳᠡᠭᠡᠨ ᠬᠢᠳᠡᠭ᠃ ᠡᠬᠡᠨᠡᠷ ᠪᠡᠷᠢᠶᠡᠳ ᠨᠢ ᠲᠤᠯᠤᠭᠠᠢ ᠳᠠᠭᠠᠨ ᠳᠠᠲᠠᠮᠠᠯ ᠣᠲᠠᠰᠤᠨ ᠳᠤᠭᠤᠢ ᠮᠠᠯᠠᠭᠠᠢ᠂ ᠰᠤᠪᠰᠤᠭ ᠤᠨ ᠳᠤᠭᠤᠢ ᠮᠠᠯᠠᠭᠠᠢ᠂ ᠳᠠᠲᠠᠭᠤᠷ ᠰᠦᠢᠬᠡ ᠵᠡᠭᠦᠨ᠂ ᠭᠦᠷᠦᠮᠡᠯ ᠬᠤᠶᠠᠷ ᠭᠡᠵᠢᠭᠡ ᠶᠢᠨ ᠦᠵᠦᠭᠦᠷ ᠲᠤ ᠱᠢᠷᠦ ᠶᠢᠨ ᠰᠢᠬᠢᠳᠬᠡᠷᠢ ᠰᠠᠭᠤᠯᠭᠠᠭᠰᠠᠨ ᠮᠦᠩᠭᠦᠨ ᠳᠡᠭᠡᠰᠦᠨ ᠬᠤᠯᠪᠣᠭᠠᠰᠤ  ᠲᠠᠢ ᠬᠤᠶᠠᠷ ᠪᠠᠯ ᠵᠡᠭᠦᠨ᠂ ᠨᠤᠭᠤᠭᠠᠨ᠂ ᠬᠥᠷᠡᠩ᠂ ᠣᠯᠠᠭᠠᠨ ᠥᠩᠭᠡ ᠶᠢᠨ ᠬᠦᠪᠦᠩ ᠲᠡᠷᠯᠢᠭ ᠤᠨ ᠳᠡᠭᠡᠭᠦᠷ ᠣᠣᠵᠢ ᠡᠮᠦᠰᠦᠨ᠂ ᠢᠰᠡᠭᠡᠢ ᠪᠣᠶᠣ ᠰᠢᠷᠢ ᠤᠯᠠ ᠲᠠᠢ ᠪᠣᠯᠢᠭᠠᠷᠠᠢ ᠭᠤᠲᠤᠯ ᠢᠰᠡᠭᠡᠢ ᠪᠣᠶᠣ ᠪᠥᠰ ᠥᠢᠮᠣᠰᠣ ᠲᠠᠢ ᠡᠮᠦᠰᠳᠡᠭ ᠃ ᠣᠣᠵᠢ ᠶᠢᠨ ᠵᠦᠪ ᠲᠠᠯ᠎ᠠ ᠶᠢᠨ ᠳᠠᠰᠢᠶᠠᠨ ᠤ ᠡᠯᠬᠦᠬᠦᠷ ᠠᠴᠠ ᠪᠣᠯ ᠡᠯᠭᠦᠵᠦ ᠲᠡᠭᠦᠨ ᠠᠴᠠ ᠪᠠᠨ ᠬᠤᠤ ᠲᠠᠢ ᠬᠠᠪᠲᠠᠭ᠎ᠠ ᠪᠣᠯᠣᠨ ᠥᠩᠭᠡ ᠶᠢᠨ ᠲᠤᠷᠳᠤᠩ ᠠᠯᠴᠢᠭᠤᠷ ᠨᠤᠭᠤᠳ ᠶᠠᠩᠵᠤᠯᠠᠨ ᠣᠶᠠᠳᠠᠭ ᠶᠤᠮ᠃      ᠵᠣᠨ ᠤ ᠣᠯᠠᠷᠢᠯ ᠳᠤ      ᠵᠣᠨ ᠤ ᠡᠬᠢᠨ ᠰᠠᠷ᠎ᠠ ᠳᠤ ᠵᠠ ᠲᠡᠷᠯᠢᠭ᠂ ᠵᠠ ᠥᠮᠦᠳᠦ᠂ ᠰᠠᠶᠢᠷᠠᠨ ᠭᠤᠲᠤᠯ᠂ ᠪᠦᠰᠡ ᠭᠤᠲᠤᠯ᠂ ᠪᠦᠰᠡ ᠥᠢᠮᠥᠰᠥ ᠵᠡᠷᠭᠡ ᠶᠢ ᠡᠮᠦᠰᠳᠡᠭ᠃ ᠵᠣᠨ ᠤ ᠳᠣᠮᠳᠠ ᠰᠠᠷ᠎ᠠ ᠳᠠᠩ ᠲᠡᠷᠯᠢᠭ᠂ ᠴᠠᠮᠴᠠ ᠡᠮᠦᠰᠦᠨ᠎ᠡ᠃ ᠵᠠ ᠲᠡᠷᠯᠢᠭ ᠭᠡᠳᠡᠭ ᠪᠣᠯ ᠭᠠᠳᠠᠷ ᠳᠣᠲᠣᠷ ᠢ ᠳᠠᠪᠬᠤᠷᠯᠠᠨ ᠣᠶᠣᠭᠰᠠᠨ ᠢ ᠬᠡᠯᠡᠨ᠎ᠡ᠃ ᠳᠠᠩ ᠲᠡᠷᠯᠢᠭ ᠭᠡᠳᠡᠭ ᠨᠢ ᠳᠠᠩ ᠶᠠᠭᠤᠮ᠎ᠠ ᠪᠠᠷ ᠬᠢᠭᠰᠡᠨ ᠲᠤᠭᠤᠷᠠᠢ ᠨᠢᠳᠣᠷᠭ᠎ᠠ ᠲᠠᠢ ᠣᠶᠣᠭᠰᠠᠨ ᠢ ᠬᠡᠯᠡᠳᠡᠭ᠃ ᠴᠠᠮᠴᠠ ᠭᠡᠳᠡᠭ ᠨᠢ ᠳᠠᠩ ᠲᠡᠷᠯᠢᠭ  ᠲᠠᠢ ᠠᠳᠠᠯᠢᠪᠲᠤᠷ ᠪᠣᠯᠪᠠᠴᠤ ᠳᠠᠩ ᠲᠡᠷᠯᠢᠭ ᠠᠴᠠ ᠪᠠᠨ ᠪᠠᠭ᠎ᠠ ᠴᠢᠬᠤᠯᠠ ᠪᠠᠶᠢᠳᠠᠭ᠃ ᠡᠳᠡᠭᠡᠷ ᠢ ᠡᠰᠬᠡᠬᠦ ᠠᠷᠭ᠎ᠠ ᠨᠢ ᠳᠡᠭᠡᠷ᠎ᠡ ᠳᠡᠭᠡᠷ᠎ᠡ ᠬᠡᠯᠡᠭᠰᠡᠨ ᠲᠠᠢ ᠠᠳᠠᠯᠢ ᠪᠠᠶᠢᠳᠠᠭ ᠪᠠ ᠬᠥᠪᠡᠭᠡ ᠪᠠᠷᠢᠬᠤ ᠨᠢ ᠴᠤ ᠠᠳᠠᠯᠢ ᠪᠠᠶᠢᠳᠠᠭ ᠶᠤᠮ᠃ ᠳᠠᠩ ᠲᠡᠷᠯᠢᠭ ᠪᠣᠯᠣᠨ ᠴᠠᠮᠴᠠ ᠬᠤᠶᠠᠷ ᠲᠤ ᠵᠠᠭᠠᠮ᠎ᠠ ᠪᠣᠯᠣᠨ ᠮᠥᠷᠥ ᠶᠢᠨ ᠬᠡᠰᠡᠭ ᠲᠤ ᠮᠦᠷᠦᠪᠴᠢ ︵ᠲᠦᠯᠵᠢᠩ︶ ᠢ ᠵᠣᠳᠣᠩ ᠤᠨ ᠲᠤᠯᠤᠭᠠᠢ ᠪᠣᠶᠣ ᠲᠤᠭᠤᠷᠢᠭ᠂ ᠠᠮᠠ ᠲᠦᠷᠪᠡᠯᠵᠢᠨ ᠬᠡᠯᠪᠡᠷᠢ ᠶᠠᠩᠵᠤ ᠲᠠᠢ ᠪᠥᠰ ᠪᠠᠷᠠᠭ᠎ᠠ ᠳᠠᠪᠬᠤᠷᠯᠠᠵᠤ ᠣᠶᠣᠳᠠᠭ᠃ ᠳᠥᠷᠪᠡᠯᠵᠢᠨ ᠬᠡᠯᠪᠡᠷᠢ ᠲᠠᠢ ᠮᠦᠷᠦᠪᠴᠢ ︵ᠲᠦᠯᠵᠢᠩ︶  ᠬᠢᠬᠦ ᠳᠡᠭᠡᠨ ᠬᠤᠶᠠᠷ ᠮᠥᠷᠥ᠂ ᠡᠮᠦᠨ᠎ᠡ ᠠᠷᠤ ᠭᠤᠣᠯ ᠳᠤ ᠥᠨᠴᠦᠭ ᠢ ᠨᠢ ᠲᠠᠭᠠᠷᠠᠭᠤᠯᠵᠤ ᠣᠶᠣᠳᠠᠭ᠃ ᠵᠠ ᠲᠡᠷᠯᠢᠭ ᠢ ᠮᠦᠨ ᠬᠦᠪᠦᠩ ᠲᠡᠷᠯᠢᠭ ᠠᠳᠠᠯᠢ ᠬᠠᠪᠣᠨ᠎ᠠ᠂ ᠬᠠᠪᠣᠭᠠᠰᠣ ᠬᠠᠪᠣᠬᠤ ᠳᠠᠭᠠᠨ ᠡᠮᠦᠨ᠎ᠡ ᠠᠷᠤ ᠲᠠᠯ᠎ᠠ ᠳᠤ ᠭᠤᠷᠪᠠ ᠭᠤᠷᠪᠠᠨ ᠬᠠᠪᠤᠭᠠᠰᠤ ᠶᠢ ᠬᠤᠯᠠ ᠬᠤᠯᠠ ᠬᠡᠶᠢᠯᠡᠵᠦ ᠬᠠᠪᠤᠳᠠᠭ᠃ ᠵᠠ ᠲᠡᠷᠯᠢᠭ ᠢ ᠣᠯᠠᠩᠬᠢ ᠶᠢ ᠨᠢ ᠵᠠᠶᠢᠴᠠ ᠭᠠᠷᠭᠠᠵᠤ ᠣᠶᠤᠳᠠᠭ᠃ ᠵᠠᠶᠢᠴᠠ ᠶᠢᠨ ᠳᠡᠭᠡᠷ᠎ᠡ ᠲᠠᠯ᠎ᠠ ᠳᠤ ᠥᠩᠭᠡ ᠶᠢᠨ ᠣᠲᠠᠰᠣ ᠪᠠᠷ ᠥᠩᠭᠡ ᠢᠯᠭᠠᠷᠠᠭᠤᠯᠤᠨ ᠥᠯᠵᠡᠢ ᠣᠲᠠᠰᠣ᠂ ᠬᠠᠰ᠂ ᠵᠣᠳᠣᠩ ᠤᠨ ᠲᠤᠯᠤᠭᠠᠢ ᠵᠡᠷᠭᠡ ᠶᠢ ᠣᠷᠠᠯᠠᠵᠤ ᠣᠶᠣᠳᠠᠭ ᠶᠤᠮ᠃ ᠳᠠᠩ ᠲᠡᠷᠯᠢᠭ᠂ ᠴᠠᠮᠴᠠ ᠶᠢᠨ ᠡᠩᠭᠡᠷ ᠬᠤᠷᠮᠥᠢ ᠶᠢ ᠣᠯᠠᠩᠬᠢ ᠨᠢ ᠡᠮᠵᠢᠬᠦ ᠦᠭᠡᠢ ᠬᠦᠪᠡᠭᠡ ᠪᠠᠷᠢᠵᠤ ᠳᠣᠲᠤᠭᠰᠢ ᠨᠣᠭᠤᠯᠵᠤ ᠢᠯᠡᠥᠷᠳᠡᠳᠡᠭ ᠶᠤᠮ᠃ ᠭᠡᠪᠡᠴᠦ ᠳᠠᠩ ᠲᠡᠷᠯᠢᠭ ᠤᠨ ᠡᠩᠭᠡᠷ ᠵᠠᠭᠠᠮ᠎ᠠ ᠬᠤᠭᠤᠯᠠᠪᠴᠢ ᠶᠢ ᠡᠮᠵᠢᠳᠡᠭ ᠪᠠᠰᠠ ᠪᠠᠶᠢᠳᠠᠭ᠃ ᠴᠠᠮᠴᠠᠨ ᠤ ᠡᠩᠭᠡᠷ ᠲᠤ ᠭᠤᠷᠪᠠᠨ ᠮᠥᠷ ᠣᠲᠠᠰᠣ ᠬᠠᠪᠴᠢᠭᠤᠯᠵᠤ ᠬᠦᠷᠪᠡᠶᠢᠯᠭᠡᠵᠤ ᠭᠠᠷᠭᠠᠭᠰᠠᠨ ᠴᠤ ᠪᠠᠶᠢᠳᠠᠭ ᠶᠤᠮ᠃ ᠲᠡᠷᠯᠢᠭ ᠴᠠᠮᠴᠠ ᠪᠠᠨ ᠰᠠᠭᠤᠯᠠᠬᠤ ᠳᠠᠭᠠᠨ ᠠᠷᠤ ᠲᠠᠯ᠎ᠠ ᠶᠢ ᠡᠮᠦᠨ᠎ᠡ ᠲᠠᠯ᠎ᠠ ᠠᠴᠠ ᠪᠠᠨ ᠨᠢᠭᠡ ᠴᠦᠢᠳᠧᠩ ᠤᠨ ᠮᠣᠳᠣ ᠶᠢᠨ ᠬᠢᠷᠢᠲᠠᠢ ᠢᠯᠡᠭᠦᠦ ᠲᠠᠯᠪᠢᠵᠤ ᠣᠶᠣᠳᠠᠭ᠃ ᠲᠡᠷᠯᠢᠭ ᠴᠠᠮᠴᠠ ᠶᠢᠨ ᠰᠤᠭᠤ ᠶᠢ ᠰᠣᠭᠤᠯᠠᠬᠤ ᠳᠠᠭᠠᠨ ᠣᠶᠣᠳᠠᠯ ᠤᠨ ᠭᠠᠳᠠᠷ ᠬᠥᠪᠡᠭᠡ ᠠᠴᠠ ᠭᠤᠷᠪᠠ ᠳᠦᠷᠪᠡᠨ ᠴᠦᠢᠳᠧᠩ ᠤᠨ ᠮᠣᠳᠣ ᠶᠢᠨ ᠲᠥᠯᠥᠪ ᠵᠠᠢ ᠦᠯᠡᠳᠡᠭᠡᠵᠤ ᠬᠠᠨᠴᠤᠢ ᠶᠢᠨ ᠦᠵᠦᠭᠦᠷ ᠠᠴᠠ ᠬᠤᠷᠮᠥᠢ ᠬᠦᠷᠲᠡᠯ᠎ᠡ ᠬᠥᠰᠢᠵᠦ ᠣᠶᠣᠨ᠎ᠠ᠃ ᠳᠠᠷᠠᠭ᠎ᠠ ᠨᠢ ᠠᠷᠤ ᠲᠠᠯ᠎ᠠ ᠶᠢᠨ ᠢᠯᠡᠭᠦᠦ ᠭᠠᠷᠭᠠᠭᠰᠠᠨ ᠬᠡᠰᠡᠭ ᠢᠶᠠᠷ ᠡᠩᠭᠡᠷ ᠲᠠᠯ᠎ᠠ ᠵᠦᠭ ᠬᠠᠨᠳᠣᠭᠤᠯᠵᠤ ᠳᠠᠷᠣᠵᠤ ᠨᠥᠬᠦᠨ᠎ᠡ᠃ ᠴᠠᠮᠴᠠ ᠶᠢᠨ ᠬᠠᠨᠴᠣᠢ ᠶᠢᠨ ᠦᠵᠦᠭᠦᠷ ᠲᠤ ᠭᠤᠷᠪᠠ ᠲᠦᠷᠪᠡᠨ ᠬᠤᠷᠤᠭᠤ ᠥᠷᠭᠡᠨ ᠬᠤᠶᠠᠷ ᠳᠠᠪᠬᠤᠷ ᠪᠥᠰ ᠳᠡᠭᠡᠷ᠎ᠡ ᠴᠠᠢ ᠬᠦᠷᠢᠶ᠎ᠡ ᠪᠣᠶᠣ ᠬᠠᠰ᠂ ᠥᠯᠵᠡᠢ ᠣᠲᠠᠰᠣ᠂ ᠣᠭᠠᠯᠵᠠ ᠵᠡᠷᠭᠡ ᠶᠢ ᠬᠠᠳᠬᠤᠮᠠᠯ ᠬᠠᠳᠬᠤᠵᠤ ᠬᠠᠨᠴᠥᠢ ᠶᠢᠨ ᠦᠵᠦᠭᠦᠷ ᠲᠤ ᠵᠠᠯᠭᠠᠳᠠᠭ ᠢ《 ᠬᠠᠭᠤᠷᠠᠮᠴᠢ》 ᠭᠡᠳᠡᠭ᠃ ᠵᠠᠷᠢᠮ ᠭᠠᠵᠠᠷ ᠡᠭᠦᠨ ᠢ《 ᠡᠷᠭᠢᠨᠢᠭ 》 ᠭᠡᠬᠦ ᠪᠣᠶᠣ ᠬᠠᠨᠴᠤᠢ ᠶᠢᠨ ᠦᠵᠦᠭᠦᠷ ᠭᠡᠳᠡᠭ᠃ ᠴᠠᠮᠴᠠ ᠶᠢᠨ ᠬᠠᠨᠴᠥᠢ ᠶᠢᠨ ᠦᠵᠦᠭᠦᠷ ᠲᠤ ᠡᠭᠦᠨ ᠢ ᠪᠠᠨ ᠵᠠᠯᠭᠠᠵᠤ ᠱᠠᠭᠯᠠᠵᠤ ᠣᠶᠣᠨ᠎ᠠ᠃    ᠨᠠᠮᠤᠷ ᠤᠨ ᠣᠯᠠᠷᠢᠯ ᠳᠤ    ᠨᠠᠮᠤᠷ ᠤᠨ ᠡᠬᠢᠨ ᠤ ᠰᠠᠷ᠎ᠠ ᠳᠤ ᠵᠠ ᠲᠡᠷᠯᠢᠭ᠂ ᠨᠢᠮᠬᠡᠨ ᠬᠥᠪᠤᠩ ᠲᠠᠢ ᠲᠡᠷᠯᠢᠭ᠂ ᠵᠠ ᠥᠮᠦᠳᠦ᠂ ᠬᠥᠪᠦᠩ ᠥᠮᠦᠳᠦ᠂ ᠪᠥᠰ ᠭᠤᠲᠤᠯ᠂ ᠰᠠᠶᠢᠷᠠᠨ ᠭᠤᠲᠤᠯ᠂ ᠪᠦᠰᠡ ᠪᠣᠶᠣ ᠢᠰᠡᠬᠡᠢ ᠥᠢᠮᠥᠰᠥ ᠲᠠᠢ ᠡᠮᠦᠰᠳᠡᠭ᠃ ᠨᠠᠮᠣᠷ ᠤᠨ ᠳᠣᠮᠳᠠ ᠰᠠᠷ᠎ᠠ ᠳᠤ ᠬᠥᠪᠦᠩ ᠲᠠᠢ ᠲᠡᠷᠯᠢᠭ᠂ ᠢᠯᠬᠢᠨ ᠳᠡᠪᠡᠯ ᠡᠮᠦᠰᠦᠨ᠎ᠡ᠃   ᠡᠪᠦᠯ ᠤᠨ ᠣᠯᠠᠷᠢᠯ ᠳᠤ   ᠡᠪᠦᠯ ᠤᠨ ᠡᠬᠢᠨ ᠰᠠᠷ᠎ᠠ ᠳᠤ ᠬᠤᠷᠠᠭᠠᠨ ᠵᠣᠪᠴᠠᠭ᠎ᠠ᠂ ᠦᠵᠦᠭᠦᠷᠰᠦᠨ ᠳᠡᠪᠡᠯ᠂ ᠦᠵᠦᠭᠦᠷᠰᠦᠨ ᠵᠣᠪᠴᠠᠭ᠎ᠠ᠂ ᠦᠵᠦᠭᠦᠷᠰᠦᠨ ᠠᠷᠠᠰᠤᠨ ᠥᠮᠦᠳᠦ᠂ ᠪᠤᠯᠢᠭᠠᠷᠢ ᠭᠤᠲᠤᠯ ᠢᠰᠡᠬᠡᠢ ᠥᠢᠮᠥᠰᠥ ᠲᠠᠢ ᠡᠮᠦᠰᠳᠡᠭ᠃ ᠡᠪᠣᠯ ᠤᠨ ᠳᠣᠮᠳᠠ ᠰᠠᠷ᠎ᠠ ᠠᠴᠠ ᠪᠦᠳᠦᠭᠦᠨ ︵ᠡᠪᠦᠯ ᠤᠨ ᠢᠳᠡᠰᠢᠨ ᠤ︶ ᠠᠷᠠᠰᠤᠨ ᠤ ᠥᠩᠭᠡ ᠳᠡᠪᠡᠯ ᠪᠠ ᠵᠣᠪᠴᠠᠭ᠎ᠠ᠂ ᠪᠦᠳᠦᠭᠦᠨ ᠨᠡᠬᠡᠢ ᠥᠮᠥᠳᠦ᠂ ᠢᠰᠡᠭᠡᠢ ᠥᠢᠮᠥᠰᠥ ᠲᠠᠢ ᠪᠤᠯᠢᠭᠠᠷᠢ ᠭᠤᠲᠤᠯ ᠡᠮᠦᠰᠳᠡᠭ᠃ ᠡᠪᠣᠯ ᠤᠨ ᠬᠦᠢᠲᠡᠨ ᠤ ᠭᠤᠣᠯ ᠳᠤ ᠢᠮᠠᠭᠠᠨ ᠠᠷᠠᠰᠤᠨ ᠳᠠᠬᠤ ᠪᠠ ᠢᠮᠠᠭᠠᠨ ᠠᠷᠠᠰᠤᠨ ᠪᠣᠶᠢᠪᠣᠭ ᠳᠠᠪᠬᠤᠷᠯᠠᠵᠤ ᠡᠮᠦᠰᠳᠡᠭ ᠶᠤᠮ᠃
 
ᠢᠷᠡᠯᠲᠡ᠄ ᠦᠵᠦᠮᠦᠴᠢᠨ ᠰᠡᠳᠬᠦᠯ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号