ᠮᠣᠩᠭᠤᠯ ᠤᠨ ᠢᠵᠠᠭᠤᠷ ᠤᠷᠠᠯᠢᠭ
ᠨᠡᠶᠢᠲᠡᠯᠡᠭᠰᠡᠨ ᠴᠠᠭ᠄
2018/8/2
                  ᠮᠣᠩᠭᠤᠯ ᠤᠨ ᠢᠵᠠᠭᠤᠷ ᠤᠷᠠᠯᠢᠭ     ᠮᠣᠩᠭᠤᠯ ᠤᠨ ᠡᠷᠲᠡᠨ ᠤ ᠦᠭᠡᠨ ᠳᠤ ︽ᠬᠦᠭᠵᠢᠮ ᠢᠶᠠᠷ ᠡᠭᠡᠰᠢᠭ ᠢ ᠲᠠᠨᠢᠵᠦ᠂ ᠤᠳᠤᠮ ᠢᠶᠠᠷ ᠬᠦᠮᠦᠨ ᠢ ᠲᠠᠨᠢᠨ᠎ᠠ︾ ᠭᠡᠳᠡᠭ᠃  ᠮᠣᠩᠭᠤᠯ ᠤᠨ ᠦᠪᠡᠷᠮᠢᠴᠡ ᠤᠨᠴᠠᠯᠢᠭ ᠲᠠᠢ ᠨᠡᠭᠦᠳᠡᠯᠴᠢᠳ ᠤᠨ ᠤᠯᠠᠮᠵᠢᠯᠠᠯᠳᠤ ᠬᠦᠭᠵᠢᠮ ᠴᠤᠭᠤᠷ᠂ ᠬᠤᠭᠤᠷ ᠬᠢᠭᠡᠳ ᠠᠷᠠᠳ ᠤᠨ ᠳᠠᠭᠤᠤ ᠨᠢ ᠮᠣᠩᠭᠤᠯ ᠦᠨᠳᠦᠰᠦᠳᠡᠨ ᠤ ᠡᠷᠲᠡᠨ ᠤ ᠤᠷᠠᠯᠢᠭ ᠢ ᠪᠦᠷᠢᠯᠳᠦᠬᠦᠯᠵᠠᠢ᠃ ᠮᠣᠩᠭᠤᠯ ᠬᠦᠮᠦᠨ ᠡᠭᠦᠨ ᠢ ᠪᠠᠨ ᠲᠤᠩ ᠳᠦᠷᠰᠦᠯᠢᠭ ᠢᠶᠠᠷ ᠳᠤᠯᠭ᠎ᠠ ᠶᠢᠨ ᠭᠤᠷᠪᠠᠨ ᠴᠢᠯᠠᠭᠤ ᠬᠡᠮᠡᠳᠡᠭ᠃ ᠡᠷᠲᠡᠨ ᠤ ᠤᠷᠠᠯᠢᠭ ᠲᠤ ᠲᠤᠭᠠᠴᠢᠭᠳᠠᠵᠣ ᠪᠠᠶᠢᠭ᠎ᠠ ᠨᠢ ᠭᠤᠤᠯᠳᠠᠭᠤ ᠴᠤᠭᠤᠷ᠂ ᠬᠤᠭᠤᠷ᠂ ᠠᠷᠠᠳ ᠤᠨ ᠳᠠᠭᠤᠤ ᠥᠨᠢ ᠤᠳᠠᠭᠠᠨ ᠳᠡᠤᠬᠡ ᠲᠠᠢ ᠪᠦᠭᠡᠳ ᠳᠡᠯᠭᠡᠷᠡᠵᠦ ᠤᠯᠠᠮᠵᠢᠯᠠᠭᠳᠠᠭᠰᠠᠨ ᠬᠦᠷᠢᠶ᠎ᠡ ᠬᠡᠪᠴᠢᠶ᠎ᠡ ᠨᠢ ᠲᠤᠩ ᠦᠷᠭᠡᠨ ᠳᠡᠯᠭᠡᠷ ᠳᠤᠯᠠᠲᠠ᠂ ᠤᠳᠤᠬᠠᠨ ᠤ ᠳᠡᠯᠡᠭᠡᠢ ᠶᠢᠨ ᠨᠡᠭᠦᠳᠡᠯᠴᠢᠨ ᠦᠨᠳᠦᠰᠦᠳᠡᠨ ᠤ ᠤᠨᠴᠠᠯᠢᠭ ᠢ ᠳᠤᠪᠤᠶᠢᠮ᠎ᠠ ᠬᠠᠷᠠᠭᠤᠯᠤᠭᠰᠠᠨ ᠳᠠᠭᠤᠤ ᠬᠦᠭᠵᠢᠮ ᠤᠨ ᠡᠬᠡ ᠪᠡᠶ᠎ᠡ ᠬᠡᠮᠡᠭᠳᠡᠪᠡ᠃ ᠴᠤᠭᠤᠷ᠂ ᠮᠣᠩᠭᠤᠯ ᠦᠭᠡᠨ ᠳᠤ ᠴᠤᠤᠷᠢᠶ᠎ᠠ ᠲᠠᠢ ᠭᠡᠰᠡᠨ ᠤᠳᠬ᠎ᠠ ᠲᠠᠢ᠂ ᠴᠤᠭᠤᠷ ᠢ ᠶᠡᠭᠡ ᠲᠦᠯᠥᠪ ᠲᠤᠨᠢ ᠭᠤᠷᠪᠠᠨ ᠳᠦᠷᠦᠯ ᠳᠤ ᠬᠤᠪᠢᠶᠠᠳᠠᠭ᠃ ᠮᠤᠳᠤᠨ ᠴᠤᠭᠤᠷ ︵ᠬᠤ᠋ ᠵᠢᠶᠠ︶᠂ ᠰᠢᠨᠠᠭᠠᠨ ᠴᠤᠭᠤᠷ ︵ᠮᠤᠷᠢᠨ ᠬᠤᠭᠤᠷ︶ ᠬᠢᠭᠡᠳ ᠬᠤᠭᠤᠯᠠᠢ ᠶᠢᠨ ᠴᠤᠭᠤᠷ ︵ᠬᠥᠭᠡᠮᠡᠢ︶ ᠭᠡᠬᠦ ᠮᠡᠳᠤ ᠪᠠᠶᠢᠳᠠᠭ᠃     ᠬᠤ᠋ ᠵᠢᠶᠠ᠂ ᠮᠣᠩᠭᠤᠯ ᠦᠨᠳᠦᠰᠦᠳᠡᠨ ᠤ ᠦᠯᠢᠶᠡᠬᠦᠷ ᠬᠦᠭᠵᠢᠮ᠃ ᠠᠷᠠᠳ ᠤᠨ ᠳᠤᠮᠳᠠ ᠮᠣᠳᠤᠨ ᠴᠤᠭᠤᠷ ᠬᠡᠮᠡᠳᠡᠭ᠃ ᠤᠳᠤᠬᠠᠨ ᠳᠤ ᠭᠤᠤᠯᠳᠠᠭᠤ ᠮᠠᠨ ᠤ ᠤᠯᠤᠰ ᠤᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ᠂ ᠰᠢᠨᠵᠢᠶᠠᠩ ᠤᠨ ᠠᠯᠳᠠᠢ ᠣᠷᠤᠨ᠂ ᠮᠣᠩᠭᠤᠯ ᠤᠯᠤᠰ᠂ ᠤᠷᠤᠰ ᠤᠨ ᠪᠦᠷᠢᠶᠠᠳ᠂ ᠲᠤᠸᠠ ᠬᠢᠭᠡᠳ ᠬᠠᠯᠢᠮᠠᠭ ᠪᠦᠭᠦᠳᠡ ᠨᠠᠶᠢᠷᠠᠮᠳᠠᠬᠤ ᠤᠯᠤᠰ ᠲᠤ ᠤᠯᠠᠮᠵᠢᠯᠠᠨ ᠳᠡᠯᠭᠡᠷᠡᠵᠦ ᠪᠣᠢ᠃ ᠬᠤ᠋ ᠵᠢᠶᠠ ᠭᠡᠳᠡᠭ ᠦᠭᠡ ᠬᠠᠮᠤᠭ ᠡᠷᠲᠡᠨ ᠤ ᠳᠡᠤᠬᠡᠨ ᠮᠠᠲ᠋ᠧᠷᠢᠶᠠᠯ ᠳᠤ ᠽᠠᠢ ᠶᠠᠨ᠂ ᠡᠷᠭᠦᠭᠰᠡᠨ ᠨᠡᠷ᠎ᠡ ᠸᠧᠨ ᠵᠢᠢ ᠶᠢᠨ ︽ᠬᠤ᠋ ᠵᠢᠶᠠ ᠶᠢᠨ ᠠᠷᠪᠠᠨ ᠨᠠᠢᠮᠨᠨ ᠡᠭᠡᠰᠢᠭ ︾ ᠭᠡᠳᠡᠭ ᠰᠢᠯᠦᠭ ᠲᠤ ᠢᠯᠡᠷᠡᠵᠦ᠂ ︽ᠬᠤ᠋ ᠵᠢᠶᠠ ᠨᠢ ᠡᠾᠦ᠋ᠩᠨᠤ ᠠᠴᠠ ᠪᠣᠢ ᠪᠤᠯᠤᠭᠰᠠᠨ︾ ᠭᠡᠵᠦ ᠳᠡᠮᠳᠡᠭᠯᠡᠵᠡᠢ᠃
 
ᠢᠷᠡᠯᠲᠡ᠄ ᠨᠡᠭᠦᠳᠡᠯᠴᠢᠳ ᠤᠨ ᠰᠤᠶᠤᠯ ᠢᠷᠭᠡᠨᠰᠢᠯ ᠤᠨ ᠳᠡᠤᠬᠡᠨ ᠦᠭᠦᠯᠡᠮᠵᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号