ᠣᠳᠬ᠎ᠠ ᠣᠷᠠᠯᠢᠭ ᠤᠨ ᠬᠢᠨ ᠤ ᠬᠤᠯᠪᠣᠭᠠᠨ ᠤ ︿ᠠᠮᠢᠳᠣᠷᠠᠯ ᠳᠤ ᠬᠦᠨᠵᠡᠭᠡᠶᠢᠷᠡᠨ ᠠᠷᠠᠳ ᠲᠦᠮᠡᠨ ᠳᠤ ᠰᠠᠭᠤᠷᠢᠯᠠᠬᠤ﹀  ᠭᠤᠣᠯ ᠰᠡᠳᠦᠪᠳᠦ ᠠᠵᠢᠯᠯᠠᠭ᠎ᠠ ᠶᠠᠪᠣᠭᠳᠠᠯ᠎ᠠ
ᠨᠡᠶᠢᠲᠡᠯᠡᠭᠰᠡᠨ ᠴᠠᠭ᠄
2020/8/26
     ᠣᠳᠬ᠎ᠠ ᠣᠷᠠᠯᠢᠭ ᠤᠨ ᠬᠢᠨ ᠤ ᠬᠤᠯᠪᠣᠭᠠᠨ ᠤ ︿ᠠᠮᠢᠳᠣᠷᠠᠯ ᠳᠤ ᠬᠦᠨᠵᠡᠭᠡᠶᠢᠷᠡᠨ      ᠠᠷᠠᠳ ᠲᠦᠮᠡᠨ ᠳᠤ ᠰᠠᠭᠤᠷᠢᠯᠠᠬᠤ﹀  ᠭᠤᠣᠯ ᠰᠡᠳᠦᠪᠳᠦ ᠠᠵᠢᠯᠯᠠᠭ᠎ᠠ ᠶᠠᠪᠣᠭᠳᠠᠯ᠎ᠠ                                     8.20 ᠤ ᠡᠳᠦᠷ᠂ ᠬᠤᠰᠢᠭᠤ ᠣᠳᠬ᠎ᠠ ᠣᠷᠠᠯᠢᠭ ᠤᠨ ᠬᠢᠨ ᠤ ᠬᠤᠯᠪᠣᠭᠠᠨ ᠠᠴᠠ ᠵᠣᠬᠢᠶᠠᠨ ᠪᠠᠶᠢᠭᠤᠯᠣᠭᠰᠠᠨ ︿ᠠᠮᠢᠳᠣᠷᠠᠯ ᠳᠤ ᠬᠦᠨᠵᠡᠭᠡᠶᠢᠷᠡᠨ ᠠᠷᠠᠳ ᠲᠦᠮᠡᠨ ᠳᠤ ᠰᠠᠭᠤᠷᠢᠯᠠᠬᠤ﹀ ᠭᠤᠣᠯ ᠰᠡᠳᠦᠪᠳᠦ ᠵᠣᠬᠢᠶᠠᠨ ᠪᠦᠳᠦᠭᠡᠯᠭᠡ  ᠶᠢᠨ ᠠᠵᠢᠯᠯᠠᠭ᠎ᠠ  ᠶᠠᠪᠣᠭᠳᠠᠯ᠎ᠠ᠃ ᠲᠣᠰ ᠣᠳᠠᠭᠠᠨ ᠤ ᠠᠵᠢᠯᠯᠠᠭ᠎ᠠ ᠶᠢ ᠪᠠᠷᠠᠭᠤᠨ ᠦᠵᠦᠮᠦᠴᠨ ᠬᠤᠰᠢᠭᠤᠨ ᠤ ᠣᠳᠬ᠎ᠠ ᠣᠷᠠᠯᠢᠭ ᠤᠨ ᠬᠢᠨ ᠤ ᠬᠤᠯᠪᠣᠭᠠᠨ ᠠᠴᠠ ᠵᠣᠬᠢᠶᠠᠨ ᠪᠠᠶᠢᠭᠤᠯᠵᠣ᠂ ᠪᠦᠬᠦ ᠬᠤᠰᠢᠭᠤᠨ ᠤ ᠠᠷᠪᠠᠨ ᠭᠤᠷᠪᠠᠨ ᠨᠡᠶᠢᠭᠡᠮᠯᠢᠭ ᠤᠨ ᠲᠦᠯᠦᠭᠡᠯᠡᠭᠴᠢᠳ ᠪᠣᠯᠣᠨ ᠣᠳᠬ᠎ᠠ ᠵᠣᠬᠢᠶᠠᠯ ᠳᠤ ᠲᠣᠷ᠎ᠠ ᠪᠠᠬ᠎ᠠ ᠲᠠᠢ ᠨᠡᠶᠢᠭᠡᠮ ᠤᠨ ᠡᠯ᠎ᠡ ᠡᠳᠡᠭᠡᠳ ᠤᠨ ᠬᠢᠨ ᠢᠳᠡᠪᠬᠢᠯᠡᠨ ᠣᠷᠣᠯᠴᠠᠭᠰᠠᠨ ᠪᠠᠶᠢᠨ᠎ᠠ᠃     ᠡᠨᠡ ᠣᠳᠠᠭᠠᠨ ᠤ ᠠᠵᠢᠯᠯᠠᠭᠠᠨ ᠳᠤ ᠠᠷᠠᠳ ᠲᠦᠮᠡᠨ ᠤ ᠳᠣᠮᠳᠠ ᠬᠦᠨᠵᠡᠭᠡᠶᠢᠷᠡᠬᠦ  ᠂ ᠰᠣᠶᠣᠯ ᠣᠷᠠᠯᠢᠭ ᠢ ᠮᠠᠯᠴᠢᠨ ᠲᠦᠮᠡᠨ ᠤ ᠳᠣᠮᠳᠠ ᠬᠦᠷᠭᠡᠬᠦ ᠪᠠᠷ ᠵᠣᠷᠢᠯᠳᠠ ᠪᠣᠯᠭᠠᠨ᠂ ᠪᠦᠬᠦ ᠬᠤᠰᠢᠭᠤᠨ ᠤ ᠡᠯ᠎ᠡ ᠨᠡᠶᠢᠭᠡᠮᠯᠢᠭ ᠤᠨ ᠬᠢᠨ ᠥᠪᠡᠷ ᠥᠪᠡᠷ ᠤᠨ ᠣᠷᠠᠯᠢᠭ ᠤᠨ ᠲᠣᠭᠯᠠᠯᠲᠠ ᠪᠠᠨ ᠦᠵᠡᠭᠦᠯᠦᠭᠰᠡᠨ ᠤ ᠬᠠᠮᠳᠣ᠂ ᠪᠠᠶᠠᠨᠬᠤᠰᠢᠭᠤ ᠰᠣᠮᠣᠨ ᠤ ᠬᠠᠷᠠᠭᠠᠳᠣ ᠭᠠᠴᠠᠭᠠᠨ ᠤ ᠨᠠᠮ ᠤᠨ ᠬᠡᠰᠢᠭᠦᠨ ᠭᠤᠣᠯᠳᠠᠯᠭᠠᠳᠣ ᠡᠷᠦᠭᠡ ᠳᠤ ᠨᠣᠮ ᠲᠡᠪᠳᠡᠷ ᠬᠦᠷᠭᠡᠵᠦ᠂  ᠮᠠᠯᠴᠢᠳ᠂ ᠣᠷᠠᠨ ᠵᠣᠬᠢᠶᠠᠯ ᠤᠨ ᠪᠠᠭ᠋ᠠᠳᠠᠳ ᠬᠦᠳᠡᠭᠡ ᠶᠢᠨ ᠰᠠᠶᠢᠬᠠᠨ ᠳᠤ ᠬᠠᠮᠳᠣᠪᠠᠷ ᠣᠷᠠᠯᠢᠭ ᠤᠨ ᠲᠣᠭᠯᠠᠯᠲᠠ ᠶᠢ ᠰᠣᠨᠢᠷᠬᠠᠭᠰᠠᠨ ᠪᠠᠶᠢᠨ᠎ᠠ᠃     20 ᠤ ᠡᠳᠦᠷ ᠤᠨ ᠦᠳᠡ ᠶᠢᠨ ᠬᠤᠶᠢᠨ᠎ᠠ᠂  ᠲᠣᠬᠠᠢ ᠶᠢᠨ ᠲᠠᠯᠠᠪᠣᠷ ᠲᠤ ᠣᠳᠬ᠎ᠠ ᠵᠣᠬᠢᠶᠠᠯ ᠤᠨ ᠪᠣᠯᠪᠠᠰᠣᠷᠠᠯ ᠶᠠᠪᠣᠭᠳᠠᠵᠣ᠂  ᠡᠨᠡᠬᠦ ᠣᠳᠠᠭᠠᠨ ᠤ ᠠᠵᠢᠯᠯᠠᠭᠠᠨ ᠳᠤ ᠣᠷᠣᠯᠴᠠᠭᠰᠠᠨ ᠪᠠᠷᠠᠭᠤᠨ ᠦᠵᠦᠮᠦᠴᠢᠨ ᠬᠤᠰᠢᠭᠤᠨ ᠤ ᠵᠠᠯᠠᠭᠤ᠂ ᠢᠳᠡᠷ᠂ ᠠᠬᠠᠮᠠᠳ ᠭᠤᠷᠪᠠᠨ ᠦᠶ᠎ᠡ ᠶᠢᠨ  ᠣᠷᠠᠨ ᠵᠣᠬᠢᠶᠠᠯ ᠤᠨ ᠪᠠᠭ᠋ᠠᠳᠠᠳ ᠣᠷᠣᠯᠴᠠᠨ᠂  ᠣᠷᠠᠨ ᠵᠣᠬᠢᠶᠠᠯᠴᠢ  ᠳ᠋᠊᠂ ᠰᠡᠷᠡᠩᠸᠠᠩᠵᠢᠯ᠂  ᠫᠤ᠂ ᠴᠣᠭᠳᠣᠨᠠᠷᠠᠨ᠂ ᠶᠣ᠂ ᠪᠢᠯᠢᠭᠪᠡᠭᠠᠳᠣᠷ ᠵᠡᠷᠭᠡ ᠪᠠᠭᠰᠢᠨᠠᠷ ᠠᠴᠠ ᠢᠷᠠᠭᠤ ᠨᠠᠶᠢᠷᠠᠭ᠂ ᠨᠠᠶᠢᠷᠠᠭᠤᠯᠣᠯ ᠤᠨ ᠵᠣᠬᠢᠶᠠᠯ᠂ ᠣᠳᠣᠬᠠᠨ ᠤ ᠣᠷᠠᠨ ᠵᠣᠬᠢᠶᠠᠯ ᠤᠨ ᠳᠣᠮᠳᠠᠬᠢ ᠣᠷᠣᠰᠢᠵᠣ ᠪᠣᠢ ᠠᠰᠠᠭᠤᠳᠠᠯ ᠤᠨ ᠲᠠᠯ᠎ᠠ ᠪᠠᠷ ᠶᠠᠷᠢᠬᠤ ᠶᠢᠨ ᠬᠠᠮᠳᠣ᠂ ᠠᠬᠤᠢ ᠲᠠᠯᠠᠪᠠᠢ ᠳᠤ ᠴᠢᠯᠦᠭᠡᠳᠦ ᠶᠠᠷᠢᠯᠴᠠᠭ᠎ᠠ ᠥᠷᠨᠢᠭᠦᠯᠦᠭᠰᠡᠨ ᠪᠠᠶᠢᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号