ᠦᠵᠦᠮᠦᠴᠢᠨ ᠮᠣᠩᠭᠤᠯᠴᠤᠳ ᠤᠨ ᠦᠶ᠎ᠡ ᠳᠠᠭᠤᠳᠠᠯᠭ᠎ᠠ ᠶᠢᠨ ᠶᠣᠰᠣᠨ
ᠨᠡᠶᠢᠲᠡᠯᠡᠭᠰᠡᠨ ᠴᠠᠭ᠄
2017/3/8
ᠪᠡᠯᠭᠦᠨᠦᠳᠡᠢ ᠨ᠊᠂ ᠪᠦᠬᠡᠬᠠᠳᠠ                        ᠦᠵᠦᠮᠦᠴᠢᠨ ᠮᠣᠩᠭᠤᠯᠴᠤᠳ ᠤᠨ ᠲᠥᠷᠥᠯ ᠰᠠᠳᠤᠨ ᠤ ᠲᠣᠭᠲᠠᠯᠴᠠᠭ᠎ᠠ ᠨᠢ ᠮᠥᠨ ᠨᠡᠶᠢᠭᠡᠮ ᠬᠥᠭᠵᠢᠯ ᠤᠨ ᠤᠷᠤᠭ ᠰᠠᠳᠤᠨ ᠤ ᠳᠦᠷᠢᠮ ᠤᠨ ᠬᠥᠭᠵᠢᠯᠲᠡ ᠶᠢ ᠳᠠᠭᠠᠯᠳᠤᠨ ᠨᠠᠷᠢᠰᠤᠨ ᠲᠡᠭᠦᠯᠳᠡᠷᠵᠢᠬᠦ ᠶᠢᠨ ᠬᠠᠮᠲᠤ ᠥᠪᠡᠷᠮᠢᠴᠡ ᠣᠨᠴᠠᠯᠢᠭ ᠢᠶᠠᠨ ᠬᠠᠳᠠᠭᠠᠯᠠᠵᠤ ᠪᠠᠶᠢᠳᠠᠭ᠃               ᠴᠠᠭᠠᠨ ᠶᠠᠰᠤ᠂ ᠤᠯᠠᠭᠠᠨ ᠴᠢᠰᠤ ᠬᠡᠮᠡᠨ ᠬᠦᠨᠳᠦᠳᠬᠡᠵᠦ᠂ ᠶᠠᠰᠤ ᠴᠢᠰᠤᠨ ᠤ ᠲᠥᠷᠥᠯ ᠰᠠᠳᠤᠨ ᠢᠶᠠᠨ ᠡᠷᠬᠢᠮᠨᠡᠳᠡᠭ ᠦᠵᠦᠮᠦᠴᠢᠨᠴᠤᠳ ᠴᠦ ᠪᠤᠰᠤᠳ ᠮᠣᠩᠭᠤᠯᠴᠤᠳ ᠲᠠᠢ ᠠᠳᠠᠯᠢ ᠪᠠᠷ ᠠᠯᠢ ᠡᠷᠲᠡᠨ ᠠᠴᠠ ᠦᠶ᠎ᠡ ᠳᠠᠭᠤᠳᠠᠯᠭ᠎ᠠ ᠪᠠᠨ ᠳᠡᠭᠡᠭᠰᠢ ᠶᠢᠰᠦᠨ ᠦᠶ᠎ᠡ᠂ ᠳᠣᠷᠣᠭᠰᠢ ᠶᠢᠰᠦᠨ ᠦᠶ᠎ᠡ᠂ ᠪᠡᠶ᠎ᠡ ᠶᠢᠨ ᠢᠵᠢᠯ ᠦᠶ᠎ᠡ ᠲᠠᠢ ᠪᠠᠨ ᠠᠷᠪᠠᠨ ᠶᠢᠰᠦᠨ ᠦᠶ᠎ᠡ ᠪᠠᠨ ᠲᠣᠭᠲᠠᠭᠠᠨ ᠳᠠᠭᠤᠳᠠᠵᠤ ᠴᠢᠳᠠᠳᠠᠭ᠃              ᠦᠵᠦᠮᠦᠴᠢᠨᠴᠤᠳ ᠤᠨ ᠲᠥᠷᠥᠯ ᠰᠠᠳᠤᠨ ᠤ ᠲᠣᠭᠲᠠᠯᠴᠠᠭ᠎ᠠ ᠨᠢ ᠶᠠᠰᠤᠨ ᠲᠥᠷᠥᠯ ᠢᠶᠠᠷ ᠲᠤᠯᠭᠠᠭᠤᠷᠢᠯᠠᠨ᠂ ᠴᠢᠰᠤᠨ ᠲᠥᠷᠥᠯ ᠢ ᠲᠦᠰᠢᠯᠴᠡᠵᠦ᠂ ᠳᠠᠮ ᠰᠦᠯᠪᠡᠭᠡ ᠶᠢ ᠲᠠᠲᠠᠯᠴᠠᠭᠰᠠᠨ ᠲᠥᠷᠥᠯ ᠰᠠᠳᠤᠨ ᠤ ᠬᠤᠯᠪᠣᠭ᠎ᠠ ᠶᠢᠨ ᠰᠠᠭᠤᠷᠢ ᠳᠡᠭᠡᠷ᠎ᠡ ᠲᠥᠷᠥᠯ — ᠰᠠᠳᠤᠨ — ᠰᠦᠯᠪᠡᠭᠡ ᠪᠠᠷ ᠭᠤᠷᠮᠤᠰᠤᠯᠠᠵᠤ ᠳᠡᠯᠭᠡᠷᠡᠩᠭᠦᠢ ᠰᠢᠭ ᠬᠡᠯᠡᠪᠡᠯ᠂ ᠡᠴᠢᠭᠡ ᠶᠢᠨ ᠰᠢᠰᠲ᠋ᠧᠮ  ᠤᠨ ᠨᠢᠭᠡ ᠣᠪᠣᠭ ᠤᠭᠰᠠᠭ᠎ᠠ ᠶᠢᠨ ᠲᠥᠷᠥᠯ ᠢ ᠶᠠᠰᠤᠨ ᠲᠥᠷᠥᠯ᠂ ᠡᠬᠡ ᠶᠢᠨ ᠰᠢᠰᠲ᠋ᠧᠮ ᠤᠨ ᠨᠠᠭᠠᠴᠤ ᠨᠠᠷ ᠪᠣᠯᠣᠨ ᠠᠪᠠᠭ᠎ᠠ ᠡᠭᠡᠴᠢ᠂ ᠬᠦᠷᠭᠡᠳ ᠪᠠ ᠲᠡᠳᠡᠨ ᠤ ᠬᠡᠦᠬᠡᠳ ᠤᠳ ᠢ ᠲᠥᠷᠥᠯ ᠳᠤ ᠰᠢᠲᠦᠯᠴᠡᠬᠦ ᠰᠠᠳᠤᠨ — ᠳᠠᠷᠤᠢ ᠴᠢᠰᠤᠨ ᠲᠥᠷᠥᠯ ᠭᠡᠵᠦ᠂ ᠡᠴᠢᠭᠡ ᠡᠬᠡ ᠶᠢᠨ ᠲᠥᠷᠥᠯ ᠰᠠᠳᠤᠨ ᠠᠴᠠ ᠵᠠᠶᠢᠳᠠᠭᠤᠬᠠᠨ ᠰᠢᠭ᠋ ᠥᠭᠡᠷ᠎ᠡ ᠣᠪᠣᠭ ᠤᠨ ᠦᠷ᠎ᠡ ᠬᠠᠮᠢᠶᠠᠲᠠᠳ — ᠠᠪᠠᠭ᠎ᠠ ᠡᠭᠡᠴᠢ ᠪᠠ ᠨᠠᠭᠠᠴᠤ ᠶᠢᠨ ᠭᠡᠷ ᠲᠤ ᠬᠤᠯᠪᠣᠭᠳᠠᠬᠤ ᠳᠠᠮ ᠰᠠᠳᠤᠨ ᠵᠢᠴᠢ ᠤᠷᠤᠭ ᠬᠤᠳᠠ᠂ ᠬᠥᠨᠳᠡᠯᠡᠨ ᠤ ᠰᠠᠳᠤᠳ ᠢ ᠰᠦᠯᠪᠡᠭᠡ ᠭᠡᠳᠡᠭ᠃ ᠲᠥᠷᠥᠯ — ᠰᠠᠳᠤᠨ — ᠰᠦᠯᠪᠡᠭᠡ ᠪᠠᠷ ᠲᠣᠭᠲᠠᠯᠴᠠᠭᠰᠠᠨ ᠲᠥᠷᠥᠯ ᠰᠠᠳᠤᠨ ᠤ ᠲᠣᠭᠲᠠᠯᠴᠠᠭ᠎ᠠ ᠨᠢ ᠳᠠᠭᠤᠳᠠᠯᠭ᠎ᠠ ᠪᠠᠷ ᠦᠶ᠎ᠡ ᠪᠠᠨ ᠢᠯᠭᠠᠵᠤ᠂ ᠲᠤᠰ ᠲᠤᠰ ᠤᠨ ᠨᠢᠭᠡᠳᠦᠯᠲᠡᠢ ᠳᠦᠷᠢᠮᠵᠢᠭᠰᠡᠨ ᠲᠤᠰᠬᠠᠢ ᠨᠡᠷ᠎ᠡ ᠲᠣᠮᠢᠶ᠎ᠠ ᠲᠠᠢ ᠪᠠᠶᠢᠵᠤ᠂ ᠳᠠᠭᠤᠳᠠᠯᠭ᠎ᠠ ᠶᠢ ᠨᠢ ᠰᠣᠨᠣᠰᠤᠮᠠᠭᠴᠠ ᠬᠠᠷᠢᠴᠠᠭ᠎ᠠ ᠶᠢ ᠨᠢ ᠲᠣᠳᠣ ᠮᠡᠳᠡᠴᠢᠬᠡᠳᠡᠭ ᠲᠣᠳᠣᠷᠬᠠᠢ ᠣᠶᠢᠯᠠᠭᠠᠭᠳᠠᠬᠤᠨ ᠲᠠᠢ ᠪᠥᠭᠡᠳ ᠦᠶ᠎ᠡ ᠳᠠᠭᠤᠳᠠᠯᠭ᠎ᠠ ᠪᠠᠷ ᠬᠦᠨᠳᠦᠯᠡᠬᠦ᠂ ᠮᠡᠨᠳᠦᠴᠢᠯᠡᠬᠦ᠂ ᠠᠭᠴᠢᠯᠠᠬᠤ ᠳᠡᠭᠦᠦᠴᠢᠯᠡᠬᠦ ᠶᠢᠨ ᠭᠡᠮ ᠬᠡᠮᠨᠡᠭᠦᠷ ᠪᠣᠯᠭᠠᠵᠤ ᠦᠶ᠎ᠡ ᠳᠠᠭᠤᠳᠠᠯᠭ᠎ᠠ ᠨᠢ ᠨᠡᠶᠢᠭᠡᠮ᠂ ᠰᠠᠳᠤᠨ ᠤ ᠶᠣᠰᠣ ᠮᠣᠷᠠᠯ ᠤᠨ ᠪᠠᠷᠢᠮᠵᠢᠶ᠎ᠠ  ᠶᠢᠨ ᠡᠭᠦᠷᠭᠡ ᠶᠢ ᠭᠦᠢᠴᠡᠳᠬᠡᠵᠦ ᠪᠠᠶᠢᠳᠠᠭ ᠶᠤᠮ᠃      ᠦᠵᠦᠮᠦᠴᠢᠨᠴᠤᠳ ᠤᠨ ᠳᠤᠮᠳᠠ᠂ ᠥᠨᠢ ᠤᠳᠠᠭᠠᠨ ᠢᠶᠠᠷ ᠬᠠᠳᠠᠭᠠᠯᠠᠭᠳᠠᠵᠤ ᠢᠷᠡᠭᠰᠡᠨ ᠦᠶ᠎ᠡ ᠳᠠᠭᠤᠳᠠᠯᠭ᠎ᠠ ᠶᠢᠨ ᠰᠠᠶᠢᠨ ᠰᠠᠶᠢᠬᠠᠨ ᠤᠯᠠᠮᠵᠢᠯᠠᠯ ᠢ ᠬᠤᠶᠢᠴᠢ ᠦᠶ᠎ᠡ ᠶᠢᠨ ᠬᠢᠨ ᠳᠡᠭᠡᠨ ᠵᠠᠯᠭᠠᠭᠤᠯᠵᠤ᠂ ᠲᠥᠷᠥᠯᠬᠢ ᠬᠡᠯᠡᠨ ᠤ ᠪᠠᠨ ᠥᠨᠢᠷ ᠪᠠᠶᠠᠯᠢᠭ ᠦᠭᠡᠰ ᠤᠨ ᠰᠠᠩ ᠢ ᠠᠭᠤᠳᠠᠯᠤᠨ ᠠᠰᠢᠭᠯᠠᠬᠤ ᠵᠣᠷᠢᠯᠲᠠ ᠪᠠᠷ ︽ᠦᠵᠦᠮᠦᠴᠢᠨᠴᠤᠳ ᠤᠨ ᠦᠶ᠎ᠡ ᠳᠠᠭᠤᠳᠠᠯᠭ᠎ᠠ  ᠶᠢᠨ ᠶᠣᠰᠣᠨ︾ ᠢ ᠳᠦᠢᠮᠦᠴᠢᠯᠡᠨ ᠥᠭᠦᠯᠡᠬᠦ ᠪᠠᠷ ᠣᠷᠣᠯᠳᠤᠬᠤ ᠳᠠᠭᠠᠨ ᠪ᠊᠂ ᠸᠠᠩᠵᠢᠯ ᠭᠤᠸᠠᠢ ᠶᠢᠨ ︽ᠬᠥᠬᠡ ᠵᠤᠯᠠ︾ ᠬᠡᠮᠡᠬᠦ ᠨᠠᠨᠳᠢᠨ ᠲᠣᠯᠢ ᠳᠤ ᠲᠣᠯᠳᠤᠶᠢᠳᠤᠨ᠂ ᠦᠵᠦᠮᠦᠴᠢᠨᠴᠣᠳ ᠤᠨ ᠵᠠᠩ ᠵᠠᠩᠰᠢᠯ ᠲᠠᠢ ᠤᠶᠠᠯᠳᠤᠭᠤᠯᠵᠤ ᠦᠶ᠎ᠡ ᠳᠠᠭᠤᠳᠠᠯᠭ᠎ᠠ ᠶᠢᠨ ᠲᠤᠬᠠᠢ ᠣᠶᠢᠯᠠᠭᠠᠭᠳᠠᠬᠤᠨ ᠪᠠᠯᠠᠷᠬᠠᠢ ᠪᠠᠭᠠᠴᠤᠳ ᠲᠤ ᠲᠤᠰᠠᠯᠠᠮᠵᠢ ᠪᠣᠯᠭᠠᠬᠤ ᠪᠠᠷ ᠰᠠᠨᠠᠭᠠᠰᠢᠷᠠᠭᠰᠠᠨ  ᠢᠶᠠᠨ ᠴᠠᠭᠠᠷᠠᠭᠤᠯᠬᠤ ᠶᠢᠨ ᠳᠠᠯᠢᠮ ᠳᠤ᠂ ᠣᠰᠣᠯᠳᠠᠵᠤ ᠴᠠᠯᠠᠭᠠᠶᠢᠳᠠᠭᠰᠠᠨ ᠵᠦᠢᠯ ᠣᠯᠠᠨ ᠪᠠᠶᠢᠬᠤ ᠶᠢ ᠤᠩᠰᠢᠭᠴᠢ᠂  ᠰᠤᠳᠤᠯᠤᠭᠴᠢ ᠮᠡᠷᠭᠡᠳ ᠠᠴᠠ ᠵᠢᠭᠠᠨ ᠵᠠᠯᠠᠷᠠᠭᠤᠯᠬᠤ ᠶᠢ ᠴᠢᠩ ᠦᠨᠡᠨᠴᠢ ᠪᠠᠷ ᠬᠦᠰᠡᠮᠵᠢᠯᠡᠵᠦ ᠠᠮᠤᠢ᠃          ᠡᠴᠢᠭᠡ ᠶᠢᠨ ᠲᠠᠯ᠎ᠠ ᠶᠢᠨ ᠲᠥᠷᠥᠯ ᠤᠨ ᠳᠠᠭᠤᠳᠠᠯᠭ᠎ᠠ — ᠡᠴᠢᠭᠡ ᠶᠢᠨ ᠲᠠᠯ᠎ᠠ ᠶᠢᠨ ᠲᠥᠷᠥᠯ ᠤᠨ ᠳᠠᠭᠤᠳᠠᠯᠭ᠎ᠠ ᠨᠢ ᠡᠴᠢᠭᠡ ᠪᠠᠷ ᠡᠰᠢᠯᠡᠵᠦ᠂ ᠥᠪᠡᠷ ᠢ ᠡᠭᠦᠳᠦᠭᠰᠡᠨ ᠡᠷᠡᠭᠲᠡᠢ ᠬᠥᠮᠥᠨ ᠢ ᠡᠴᠢᠭᠡ ᠪᠤᠶᠤ ᠠᠪᠤ ᠭᠡᠳᠡᠭ᠃ ᠥᠪᠡᠷ ᠢ ᠡᠭᠦᠳᠦᠭᠰᠡᠨ ᠡᠮᠡᠭᠲᠡᠢ ᠬᠥᠮᠥᠨ ᠢ ᠡᠬᠡ ᠪᠤᠶᠤ ᠡᠵᠢ ᠭᠡᠨ᠎ᠡ᠃ ᠡᠨᠡ ᠮᠡᠲᠦ ᠪᠠᠷ ᠡᠴᠢᠭᠡ ᠶᠢᠨ ᠢᠶᠠᠨ ᠡᠴᠢᠭᠡ ᠶᠢ ᠡᠪᠦᠭᠡ ᠪᠤᠶᠤ ᠡᠪᠦᠭᠡ ᠠᠪᠤ ᠂ ᠡᠴᠢᠭᠡ ᠶᠢᠨ ᠡᠬᠡ ᠶᠢ ᠡᠮᠡᠭᠡ ᠪᠤᠶᠤ ᠡᠮᠡᠭᠡ ᠡᠵᠢ ᠭᠡᠵᠦ᠂ ᠡᠴᠢᠭᠡ ᠶᠢᠨ ᠡᠪᠦᠭᠡ ᠶᠢ ᠡᠯᠦᠨᠴᠡ᠂ ᠡᠪᠦᠭᠡ ᠶᠢᠨ ᠡᠪᠦᠭᠡ ᠶᠢ  ᠨᠢ ᠬᠤᠯᠤᠨᠴᠠ ᠡᠪᠦᠭᠡ ᠭᠡᠵᠦ᠂ ᠡᠯᠦᠨᠴᠡ ᠡᠪᠦᠭᠡ ᠶᠢᠨ ᠡᠪᠦᠭᠡ ᠶᠢ ᠨᠢ ᠡᠯᠦᠨ ᠡᠪᠦᠭᠡ᠂ ᠬᠤᠯᠤᠨᠴᠠ ᠡᠪᠦᠭᠡ ᠶᠢᠨ ᠡᠪᠦᠭᠡ  ᠶᠢ ᠬᠤᠯᠤᠨ ᠡᠪᠦᠭᠡ᠂ ᠡᠯᠦᠨ ᠡᠪᠦᠭᠡ ᠶᠢᠨ ᠡᠪᠦᠭᠡ ᠶᠢ ᠬᠤᠯᠪᠣᠭ᠎ᠠ ᠡᠪᠦᠭᠡ᠂ ᠬᠤᠯᠤᠨ ᠡᠪᠦᠭᠡ ᠶᠢᠨ ᠡᠪᠦᠭᠡ ᠶᠢ ᠥᠨᠳᠥᠷ ᠡᠪᠦᠭᠡ᠂ ᠥᠨᠳᠥᠷ ᠡᠪᠦᠭᠡ ᠠᠴᠠ ᠳᠡᠭᠡᠭᠰᠢᠬᠢ ᠳᠡᠭᠡᠳᠦ ᠦᠶ᠎ᠡ ᠶᠢᠨ ᠬᠢᠨ ᠢ ᠡᠪᠦᠭᠡ ᠳᠡᠭᠡᠳᠦᠰ ᠭᠡᠳᠡᠭ᠃          ᠡᠴᠢᠭᠡ — ᠡᠪᠦᠭᠡ — ᠡᠯᠦᠨᠴᠡ — ᠬᠤᠯᠤᠨᠴᠠ — ᠡᠯᠦᠨ — ᠬᠤᠯᠤᠨ — ᠬᠤᠯᠪᠣᠭ᠎ᠠ — ᠥᠨᠳᠥᠷ ᠡᠪᠦᠭᠡ ᠬᠦᠷᠲᠡᠯ᠎ᠡ ᠪᠡᠶ᠎ᠡ ᠠᠴᠠ ᠳᠡᠭᠡᠭᠰᠢ ᠨᠠᠢᠮᠠᠨ ᠦᠶ᠎ᠡ ᠶᠢᠨ ᠡᠴᠢᠭᠡ᠂ ᠡᠬᠡ᠂ ᠡᠪᠦᠭᠡ ᠡᠮᠡᠭᠡ ᠭᠡᠬᠦ ᠳᠠᠭᠤᠳᠠᠯᠭ᠎ᠠ ᠨᠢ ᠲᠥᠷᠥᠭᠰᠡᠨ ᠡᠴᠢᠭᠡ ᠡᠬᠡ᠂ ᠡᠪᠦᠭᠡ ᠡᠮᠡᠭᠡ ᠠᠴᠠ ᠭᠠᠳᠠᠨ᠎ᠠ ᠬᠠᠳᠠᠮ᠂ ᠬᠤᠶᠢᠲᠤ ᠡᠷᠭᠦᠭᠰᠡᠨ ︵ᠲᠡᠵᠢᠭᠡᠭᠰᠡᠨ︶᠂ ᠮᠥᠷᠭᠦᠭᠦᠯᠦᠭᠰᠡᠨ᠂ ᠭᠦᠬᠦᠯᠲᠦ᠂ ᠰᠢᠷᠭᠤᠭᠤᠯᠤᠭᠰᠠᠨ ︵ᠲᠠᠨᠢᠭᠤᠯᠤᠭᠰᠠᠨ ᠪᠤᠶᠤ ᠬᠠᠭᠤᠷᠠᠢ︶ ᠭᠡᠬᠦ ᠤᠬᠠᠭᠳᠠᠬᠤᠨ ᠢ ᠪᠠᠭᠲᠠᠭᠠᠵᠤ ᠦᠶ᠎ᠡ ᠠᠬᠢᠭᠤᠯᠤᠨ ᠳᠠᠭᠤᠳᠠᠳᠠᠭ ᠶᠣᠰᠣ ᠲᠠᠢ᠃          ᠪᠡᠶ᠎ᠡ ᠠᠴᠠ ᠳᠣᠷᠤᠭᠰᠢᠬᠢ ᠦᠶ᠎ᠡ ᠶᠢᠨ ᠲᠥᠷᠥᠯ ᠤᠨ ᠳᠠᠭᠤᠳᠠᠯᠭ᠎ᠠ — ᠪᠡᠶ᠎ᠡ ᠭᠡᠳᠡᠭ ᠨᠢ ᠳᠡᠭᠡᠭᠰᠢ ᠳᠣᠷᠣᠭᠰᠢ ᠠᠷᠪᠠ ᠶᠢᠰᠦᠨ ᠦᠶ᠎ᠡ ᠶᠢᠨ ᠲᠡᠭ ᠳᠤᠮᠳᠠᠬᠢ ᠦᠶ᠎ᠡ᠂ ᠳᠠᠷᠤᠢ ᠥᠪᠡᠷ ᠢ ᠨᠢ ᠵᠢᠭᠠᠵᠤ ᠪᠣᠢ᠃ ᠪᠡᠶ᠎ᠡ ᠲᠠᠢ ᠬᠠᠤᠯᠢ ᠶᠣᠰᠣ ᠪᠠᠷ ᠬᠤᠷᠢᠮᠯᠠᠭᠰᠠᠨ ᠪᠤᠰᠤᠳ ᠣᠪᠣᠭ ᠤᠨ ᠡᠮᠡᠭᠲᠡᠢ ᠶᠢ ᠡᠬᠡᠨᠡᠷ ᠭᠡᠳᠡᠭ᠃ ᠦᠵᠦᠮᠦᠴᠢᠨ ᠳᠤ ᠡᠷᠡᠭᠲᠡᠢ ᠨᠢ ᠪᠠᠭᠤᠯᠭᠠᠭᠰᠠᠨ ᠭᠡᠷᠭᠡᠢ  ᠪᠠᠨ ᠪᠡᠷᠢ ᠭᠡᠬᠦ ᠦᠭᠡᠢ ᠡᠬᠡᠨᠡᠷ ᠭᠡᠵᠦ ᠳᠠᠭᠤᠳᠠᠵᠤ᠂ ᠳᠡᠭᠡᠳᠦ ᠦᠶ᠎ᠡ ᠶᠢᠨ ᠬᠥᠮᠥᠰ ᠨᠢ ︽ᠬᠦᠦ ᠪᠡᠷᠢ︾᠂ ︽ᠠᠴᠢ ᠪᠡᠷᠢ︾᠂ ︽ᠵᠢᠴᠢ ᠪᠡᠷᠢ︾ ᠭᠡᠬᠦ ᠮᠡᠲᠦ ᠪᠠᠷ ᠪᠡᠷᠢᠯᠡᠨ ᠳᠠᠭᠤᠳᠠᠳᠠᠭ ᠵᠠᠩᠰᠢᠯ ᠲᠠᠢ᠃          ᠪᠡᠶ᠎ᠡ ᠠᠴᠠ ᠲᠥᠷᠥᠭᠰᠡᠨ ᠬᠡᠦᠬᠡᠳ ᠤᠨ ᠡᠷᠡᠭᠲᠡᠢ ᠶᠢ ᠬᠦᠦ᠂ ᠡᠮᠡᠭᠲᠡᠢ ᠶᠢ ᠥᠬᠢᠨ ᠭᠡᠨ᠎ᠡ᠃ ᠬᠦᠦ ᠶᠢᠨ ᠬᠠᠤᠯᠢ ᠶᠣᠰᠣᠭᠠᠷ ᠬᠤᠷᠢᠮᠯᠠᠵᠤ ᠠᠪᠤᠭᠰᠠᠨ ᠪᠤᠰᠤᠳ ᠣᠪᠣᠭ ᠤᠨ ᠡᠮᠡᠭᠲᠡᠢ ᠶᠢ ᠬᠦᠦ ᠪᠡᠷᠢ ᠭᠡᠨ᠎ᠡ᠃ ᠬᠦᠦ ᠶᠢᠨ ᠬᠡᠦᠬᠡᠳ ᠢ ᠠᠴᠢ᠂ ᠠᠴᠢ ᠶᠢᠨ ᠬᠡᠦᠬᠡᠳ ᠢ ᠵᠢᠴᠢ᠂ ᠵᠢᠴᠢ ᠶᠢᠨ ᠬᠡᠦᠬᠡᠳ ᠢ ᠭᠤᠴᠢ᠂ ᠭᠤᠴᠢ ᠶᠢᠨ ᠬᠡᠦᠬᠡᠳ ᠢ ᠭᠤᠴᠢᠨᠴᠢᠷ᠂ ᠭᠤᠴᠢᠨᠴᠢᠷ  ᠤᠨ ᠬᠡᠦᠬᠡᠳ ᠢ ᠵᠢᠬᠦ᠂ ᠵᠢᠬᠦ ᠶᠢᠨ ᠬᠡᠦᠬᠡᠳ ᠢ ᠵᠢᠯᠢᠭᠦᠢ᠂ ᠵᠢᠯᠢᠭᠦᠢ ᠶᠢᠨ ᠬᠡᠦᠬᠡᠳ ᠢ ᠳᠠᠯᠠᠶᠢᠬᠦᠢ ᠭᠡᠨ᠎ᠡ᠃          ᠪᠡᠶ᠎ᠡ ᠠᠴᠠ ᠬᠥᠨᠳᠡᠯᠡᠨ ᠦᠶ᠎ᠡ ᠶᠢᠨ ᠲᠥᠷᠥᠯ ᠤᠨ ᠳᠠᠭᠤᠳᠠᠯᠭ᠎ᠠ — ᠪᠡᠶ᠎ᠡ ᠶᠢᠨ ᠨᠢᠭᠡ ᠡᠬᠡ ᠠᠴᠠ ᠲᠥᠷᠥᠭᠰᠡᠨ ᠡᠰᠡᠬᠦᠯ᠎ᠡ ᠡᠴᠢᠭᠡ ᠨᠢᠭᠡᠲᠡᠢ ᠡᠬᠡ ᠥᠭᠡᠷ᠎ᠡ᠂ ᠪᠡᠶ᠎ᠡ ᠠᠴᠠ ᠨᠠᠰᠤ ᠪᠠᠷ ᠶᠡᠭᠡ ᠡᠷᠡᠭᠲᠡᠢ ᠬᠥᠮᠥᠨ ᠢ ᠠᠬ᠎ᠠ᠂ ᠡᠮᠡᠭᠲᠡᠢ ᠬᠥᠮᠥᠨ ᠢ ᠡᠭᠡᠴᠢ ᠭᠡᠨ᠎ᠡ᠃ ᠡᠴᠢᠭᠡ ᠡᠬᠡ ᠨᠢᠭᠡᠲᠡᠢ ᠶᠢ ᠨᠢ ᠲᠥᠷᠥᠭᠰᠡᠨ ᠠᠬ᠎ᠠ ᠡᠭᠡᠴᠢ ᠭᠡᠳᠡᠭ᠃ ᠠᠬ᠎ᠠ ᠡᠭᠡᠴᠢ ᠳᠠᠭᠤᠳᠠᠯᠭ᠎ᠠ ᠳᠤ ᠬᠦᠷᠭᠡᠨ ᠠᠬ᠎ᠠ᠂ ᠬᠠᠳᠠᠮ ᠠᠬ᠎ᠠ ᠡᠭᠡᠴᠢ᠂ ᠵᠢᠷᠤᠮ ᠤᠨ ᠠᠬ᠎ᠠ ᠡᠭᠡᠴᠢ᠂ ᠠᠶᠢᠯ ᠠᠶᠢᠮᠠᠭ ᠤᠨ ᠠᠬ᠎ᠠ ᠡᠭᠡᠴᠢ ᠭᠡᠬᠦ ᠠᠭᠤᠯᠭ᠎ᠠ ᠴᠦ ᠪᠠᠭᠲᠠᠨ᠎ᠠ᠃            ᠠᠬ᠎ᠠ ᠶᠢᠨ ᠪᠦᠰᠡᠭᠦᠢ ᠶᠢ ᠪᠡᠷᠭᠡᠨ ᠭᠡᠳᠡᠭ᠃ ᠪᠡᠷᠭᠡᠨ ᠭᠡᠳᠡᠭ ᠦᠭᠡ ᠨᠢ ᠠᠬ᠎ᠠ ᠶᠢᠨ ᠪᠦᠰᠡᠭᠦᠢ ᠭᠡᠰᠡᠨ ᠭᠤᠣᠯ ᠤᠳᠬ᠎ᠠ ᠠᠴᠠ ᠭᠠᠳᠠᠨ᠎ᠠ᠂ ᠪᠡᠶ᠎ᠡ ᠦᠶ᠎ᠡ ᠠᠴᠠ ᠳᠡᠭᠡᠭᠰᠢᠬᠢ ᠣᠯᠠᠨ ᠦᠶ᠎ᠡ ᠶᠢᠨ ᠪᠤᠰᠤᠳ ᠣᠪᠣᠭ ᠠᠴᠠ ᠪᠠᠭᠤᠯᠭᠠᠨ ᠠᠪᠤᠭᠰᠠᠨ ᠬᠥᠨᠳᠡᠯᠡᠨ ᠦᠶ᠎ᠡ ᠶᠢᠨ ᠡᠮᠡᠭᠲᠡᠶᠢᠴᠦᠳ ᠤᠨ ᠨᠡᠶᠢᠲᠡ ᠳᠤᠮᠳᠠ ᠶᠢᠨ ᠳᠠᠭᠤᠳᠠᠯᠭ᠎ᠠ ᠪᠣᠯᠣᠨ᠎ᠠ᠃ ᠵᠢᠱᠢᠶᠡᠯᠡᠪᠡᠯ ᠪᠡᠷᠭᠡᠨ ︵ᠠᠬ᠎ᠠ ᠶᠢᠨ ᠪᠦᠰᠡᠭᠦᠢ︶᠂ ᠠᠪᠠᠭ᠎ᠠ ᠪᠡᠷᠭᠡᠨ ︵ᠡᠴᠢᠭᠡ ᠶᠢᠨ ᠠᠬ᠎ᠠ ᠳᠡᠭᠦᠦ ᠶᠢᠨ ᠪᠦᠰᠡᠭᠦᠢ︶᠂ ᠠᠪᠠᠭ᠎ᠠ ᠪᠡᠷᠭᠡᠨ ᠡᠬᠡ ︽ᠡᠪᠦᠭᠡ ᠶᠢᠨ ᠠᠬ᠎ᠠ ᠳᠡᠭᠦᠦ ᠨᠠᠷ ᠤᠨ ᠪᠦᠰᠡᠭᠦᠢ ᠶᠢ ᠳᠥᠭᠦᠮᠴᠢᠯᠡᠭᠡᠳ ᠠᠪᠠᠭ᠎ᠠ ᠡᠬᠡ ᠪᠤᠶᠤ ᠠᠪᠠᠭ᠎ᠠ ᠡᠵᠢ ᠴᠦ ᠭᠡᠳᠡᠭ︾ ᠭᠡᠬᠦ ᠮᠡᠲᠦ᠃            ᠪᠡᠶ᠎ᠡ ᠶᠢᠨ ᠡᠴᠢᠭᠡ ᠯᠦᠭᠡ ᠬᠡᠪᠡᠯᠢ ᠨᠢᠭᠡᠲᠡᠢ ᠬᠡᠬᠡᠢ ᠭᠠᠭᠴᠠᠳᠠᠨ ᠠᠬ᠎ᠠ ᠳᠡᠭᠦᠦ ᠶᠢᠨ ᠡᠷᠡᠭᠲᠡᠢ ᠶᠢ ᠠᠪᠠᠭ᠎ᠠ᠂ ᠡᠮᠡᠭᠲᠡᠢ  ᠶᠢ ᠠᠪᠠᠭ᠎ᠠ ᠡᠭᠡᠴᠢ ᠭᠡᠵᠦ ᠳᠠᠭᠤᠳᠠᠳᠠᠭ᠃ ᠠᠪᠠᠭ᠎ᠠ ᠭᠡᠳᠡᠭ ᠦᠭᠡᠨ ᠳᠤ ᠡᠴᠢᠭᠡ ᠲᠠᠢ ᠨᠢᠭᠡ ᠦᠶ᠎ᠡ ᠶᠢ ᠵᠢᠭᠠᠭᠰᠠᠨ ᠥᠪᠡᠷᠮᠢᠴᠡ ᠤᠳᠬ᠎ᠠ ᠬᠠᠳᠠᠭᠠᠯᠠᠭᠳᠠᠵᠤ ᠪᠠᠶᠢᠳᠠᠭ ᠶᠤᠮ᠃ ᠵᠢᠱᠢᠶᠡᠯᠡᠪᠡᠯ ᠶᠡᠭᠡ ᠠᠪᠠᠭ᠎ᠠ ᠡᠴᠢᠭᠡ᠂ ᠶᠡᠭᠡ ᠠᠪᠠᠭ᠎ᠠ ᠪᠡᠷᠭᠡᠨ  ᠲᠠᠢ ᠢᠷᠠᠯ᠎ᠠ ᠭᠡᠪᠡᠯ᠂ ᠡᠪᠦᠭᠡ ᠶᠢᠨ ᠠᠬ᠎ᠠ ᠪᠦᠰᠡᠭᠦᠢ ᠲᠠᠢ ᠪᠠᠨ ᠬᠠᠮᠲᠤ ᠢᠷᠠᠪᠠ ᠭᠡᠵᠦ ᠣᠶᠢᠯᠭᠠᠬᠤ᠂ ᠪᠠᠭ᠎ᠠ ᠠᠪᠠᠭ᠎ᠠ ᠡᠴᠢᠭᠡ ᠢᠷᠠᠯ᠎ᠠ ᠭᠡᠪᠡᠯ᠂ ᠡᠪᠦᠭᠡ ᠶᠢᠨ ᠳᠡᠭᠦᠦ ᠢᠷᠠᠵᠤ ᠪᠠᠶᠢᠨ᠎ᠠ ᠭᠡᠵᠦ ᠮᠡᠳᠡᠬᠦ᠃ ᠡᠭᠦᠨ ᠳᠤ ᠠᠪᠠᠭ᠎ᠠ ᠭᠡᠳᠡᠭ ᠳᠡᠭᠡᠷ᠎ᠡ ᠨᠢᠭᠡ ᠦᠶ᠎ᠡ ᠶᠢ ᠵᠢᠭᠠᠭᠰᠠᠨ ᠦᠭᠡᠨ ᠳᠤ ᠡᠴᠢᠭᠡ ᠭᠡᠳᠡᠭ ᠮᠥᠨ ᠬᠦ ᠳᠡᠭᠡᠷ᠎ᠡ ᠨᠢᠭᠡ ᠦᠶ᠎ᠡ ᠶᠢ ᠵᠢᠭᠠᠭᠰᠠᠨ ᠦᠭᠡ ᠶᠢ ᠨᠡᠮᠡᠵᠦ᠂ ᠳᠡᠭᠡᠷ᠎ᠡ ᠬᠤᠶᠠᠷ ᠦᠶ᠎ᠡ ᠶᠢᠨ ᠬᠥᠮᠥᠨ ᠤ ᠬᠥᠨᠳᠡᠯᠡᠨ ᠬᠠᠷᠢᠴᠠᠭ᠎ᠠ ᠶᠢᠨ ᠳᠠᠭᠤᠳᠠᠯᠭ᠎ᠠ ᠶᠢ ᠪᠦᠲᠦᠭᠡᠭᠰᠡᠨ ᠶᠤᠮ᠃ ᠡᠶᠢᠨ ᠬᠦ ᠠᠪᠠᠭ᠎ᠠ ᠭᠡᠳᠡᠭ ᠦᠭᠡ ᠲᠠᠢ ᠬᠤᠯᠪᠣᠭ᠎ᠠ ᠦᠭᠡ ᠪᠦᠲᠦᠭᠡᠭᠰᠡᠨ ᠡᠴᠢᠭᠡ ᠠᠴᠠ ᠳᠡᠭᠡᠭᠰᠢᠬᠢ ᠦᠶ᠎ᠡ ᠨᠢᠭᠡ ᠪᠦᠷᠢ ᠶᠢᠨ ᠨᠡᠷ᠎ᠡ᠂ ᠪᠦᠷ ᠨᠢᠭᠡ ᠦᠶ᠎ᠡ ᠠᠬᠢᠵᠤ ᠳᠠᠭᠤᠳᠠᠭᠳᠠᠨ᠎ᠠ᠃ ᠵᠢᠱᠢᠶᠡᠯᠡᠪᠡᠯ᠂ ᠠᠪᠠᠭ᠎ᠠ ᠡᠪᠦᠭᠡ ︵ᠡᠯᠦᠨᠴᠡ ᠶᠢᠨ ᠠᠬ᠎ᠠ ᠳᠡᠭᠦᠦ︶᠂ ᠠᠪᠠᠭ᠎ᠠ ᠡᠯᠦᠨᠴᠡ ︵ᠬᠤᠯᠤᠨᠴᠠ ᠶᠢᠨ ᠠᠬ᠎ᠠ ᠪᠤᠶᠤ ᠳᠡᠭᠦᠦ︶ ᠭᠡᠬᠦ ᠮᠡᠲᠦ᠃         ᠦᠵᠦᠮᠦᠴᠢᠨᠴᠤᠳ᠂ ᠡᠷᠲᠡᠨ ᠠᠴᠠ ᠪᠠᠨ ᠦᠶ᠎ᠡ ᠳᠠᠭᠤᠳᠠᠯᠭ᠎ᠠ ᠶᠢ ᠮᠠᠰᠢ ᠠᠩᠬᠠᠷᠳᠠᠭ ᠪᠠᠶᠢᠪᠠ᠃ ᠵᠢᠱᠢᠶᠡᠯᠡᠪᠡᠯ᠂ ᠠᠪᠠᠭ᠎ᠠ ᠡᠭᠡᠴᠢ ᠲᠠᠢ ᠬᠤᠷᠢᠮᠯᠠᠭᠰᠠᠨ ᠡᠷᠡᠭᠲᠡᠢ ᠬᠥᠮᠥᠨ ᠢ ᠠᠪᠠᠭ᠎ᠠ ᠬᠦᠷᠭᠡᠨ ᠠᠬ᠎ᠠ ᠭᠡᠵᠦ ᠳᠠᠭᠤᠳᠠᠬᠤ ᠠᠴᠠ ᠪᠢᠰᠢ ᠠᠪᠠᠭ᠎ᠠ ᠬᠦᠷᠭᠡᠨ ᠠᠪᠤ ᠭᠡᠵᠦ ᠳᠠᠭᠤᠳᠠᠳᠠᠭ ᠦᠭᠡᠢ᠃ ᠣᠳᠣ ᠡᠨᠡᠬᠦ ᠵᠠᠩᠰᠢᠯ ᠮᠠᠷᠲᠠᠭᠳᠠᠵᠤ ᠠᠪᠠᠭ᠎ᠠ ︵ᠡᠴᠢᠭᠡ ᠶᠢᠨ ᠠᠬ᠎ᠠ ᠳᠡᠭᠦᠦ︶  ᠪᠠᠨ ︽ᠠᠪᠠᠭ᠎ᠠ ᠠᠪᠤ︾᠂ ᠠᠪᠠᠭ᠎ᠠ ᠡᠭᠡᠴᠢ ᠪᠠᠨ ︽ᠠᠪᠠᠭ᠎ᠠ ᠡᠵᠢ︾ ᠭᠡᠵᠦ ᠳᠠᠭᠤᠳᠠᠬᠤ ᠨᠢ ᠣᠯᠠᠨ ᠰᠣᠨᠣᠰᠳᠠᠵᠤ ᠪᠣᠢ᠃ ᠣᠨᠴᠠᠭᠠᠶᠢᠯᠠᠨ ᠥᠭᠡᠷ᠎ᠡ ᠣᠪᠣᠭ ᠲᠤ ᠬᠠᠷᠢᠯᠠᠵᠤ ᠮᠣᠷᠳᠠᠭᠰᠠᠨ ᠲᠤᠰ ᠪᠠᠭᠤᠴᠠᠨ ᠤ ᠪᠦᠰᠡᠭᠦᠶᠢᠴᠦᠳ ᠢ ᠨᠠᠰᠤ ᠨᠢ ᠬᠡᠳᠦᠢ ᠶᠡᠭᠡ ᠦᠶ᠎ᠡ ᠨᠢ ᠬᠡᠳᠦᠢ ᠳᠡᠭᠡᠷ᠎ᠡ ᠪᠠᠶᠢᠭᠰᠠᠨ ᠴᠦ ᠡᠵᠢ ᠭᠡᠵᠦ ᠳᠠᠭᠤᠳᠠᠳᠠᠭ ᠦᠭᠡᠢ᠂ ᠴᠥᠮ ᠡᠭᠡᠴᠢ ᠪᠠᠷ ᠬᠠᠨᠳᠤᠵᠤ ᠠᠪᠠᠭ᠎ᠠ ᠡᠭᠡᠴᠢ᠂ ᠠᠪᠠᠭ᠎ᠠ ᠡᠪᠦᠭᠡ ᠡᠭᠡᠴᠢ᠂ ᠠᠪᠠᠭ᠎ᠠ ᠡᠯᠦᠨᠴᠡ ᠡᠭᠡᠴᠢ ᠭᠡᠵᠦ ᠦᠶ᠎ᠡ ᠶᠢ ᠲᠣᠳᠣᠳᠬᠠᠨ ᠳᠠᠭᠤᠳᠠᠳᠠᠭ ᠶᠣᠰᠣ ᠪᠣᠯ ᠵᠢᠷᠤᠮᠯᠠᠭᠤᠰᠢᠲᠠᠢ ᠵᠠᠩᠰᠢᠯ ᠪᠣᠯᠬᠤ ᠶᠤᠮ᠃ ᠤᠴᠢᠷ ᠨᠢ ᠲᠤᠰ ᠣᠪᠣᠭ ᠤᠨ ᠬᠠᠷᠢ ᠳᠤ ᠮᠣᠷᠳᠠᠭᠰᠠᠨ ᠪᠦᠰᠡᠭᠦᠶᠢᠴᠦᠳ ᠡᠨᠡ ᠭᠡᠷ ᠲᠥᠷᠥᠯ ᠳᠡᠭᠡᠨ ᠡᠬᠡ ᠪᠤᠶᠤ ︵ᠡᠵᠢ︶ ᠪᠣᠯᠬᠤ ᠶᠣᠰᠣ ᠦᠭᠡᠢ᠂ ᠥᠨᠢ ᠡᠭᠦᠷᠢᠳᠡ ᠡᠨᠡ ᠪᠠᠭᠤᠴᠠ ᠶᠢᠨ ᠥᠬᠢᠨ ᠪᠣᠯᠬᠤ ᠠᠴᠠ ᠡᠭᠡᠴᠢ ᠳᠠᠭᠤᠳᠠᠭᠳᠠᠬᠤ ᠤᠴᠢᠷᠲᠠᠢ ᠠᠵᠤᠭᠤ᠃          ᠠᠪᠠᠭ᠎ᠠ ᠳᠠᠭᠤᠳᠠᠯᠭ᠎ᠠ ᠨᠢ᠂ ᠠᠪᠠᠭ᠎ᠠ — ᠠᠪᠠᠭ᠎ᠠ ᠪᠡᠷᠭᠡᠨ᠂ ᠠᠪᠠᠭ᠎ᠠ ᠡᠴᠢᠭᠡ — ᠠᠪᠠᠭ᠎ᠠ ᠡᠬᠡ᠂ ᠠᠪᠠᠭ᠎ᠠ ᠡᠪᠦᠭᠡ — ᠠᠪᠠᠭ᠎ᠠ ᠡᠮᠡᠭᠡ᠂ ᠠᠪᠠᠭ᠎ᠠ ᠡᠯᠦᠨᠴᠡ ᠡᠪᠦᠭᠡ — ᠠᠪᠠᠭ᠎ᠠ ᠡᠯᠦᠨᠴᠡ ᠡᠮᠡᠭᠡ᠂ ᠠᠪᠠᠭ᠎ᠠ ᠬᠤᠯᠤᠨᠴᠠ ᠡᠪᠦᠭᠡ — ᠠᠪᠠᠭ᠎ᠠ ᠬᠤᠯᠤᠨᠴᠠ ᠡᠮᠡᠭᠡ ᠭᠡᠬᠦ ᠮᠡᠲᠦ ᠪᠠᠷ ᠦᠶ᠎ᠡ ᠠᠬᠢᠵᠤ ᠠᠪᠠᠭ᠎ᠠ ᠥᠨᠳᠥᠷ ᠡᠪᠦᠭᠡ ᠡᠮᠡᠭᠡ ᠳᠤ ᠬᠦᠷᠲᠡᠯ᠎ᠡ ᠳᠠᠭᠤᠳᠠᠵᠤ  ᠪᠣᠯᠳᠠᠭ ᠶᠤᠮ᠃          ᠡᠬᠡ ᠶᠢᠨ ᠲᠠᠯ᠎ᠠ ᠶᠢᠨ ᠲᠥᠷᠥᠯ ᠤᠨ ᠳᠠᠭᠤᠳᠠᠯᠭ᠎ᠠ — ᠦᠵᠦᠮᠦᠴᠢᠨᠴᠤᠳ ︽ᠬᠥᠮᠥᠨ ᠤ ᠦᠨᠳᠦᠰᠦ ᠨᠠᠭᠠᠴᠤ︾᠂ ︽ᠨᠠᠭᠠᠴᠤ ᠶᠢᠨ ᠰᠢᠷ᠎ᠠ ᠨᠣᠬᠠᠢ ᠨᠢ ᠴᠦ ᠠᠬᠠᠯᠠᠨ᠎ᠠ︾ ᠭᠡᠵᠦ ᠡᠬᠡ ᠶᠢᠨ ᠲᠠᠯ᠎ᠠ ᠶᠢᠨ ᠰᠠᠳᠤᠨ ᠲᠥᠷᠥᠯ ᠢ ᠬᠦᠨᠳᠦᠳᠬᠡᠵᠦ᠂ ᠰᠠᠶ᠋ᠢ ᠭᠠᠷᠤᠭᠰᠠᠨ ᠵᠢᠭᠡ ᠶᠢ ᠨᠢ ᠨᠠᠭᠠᠴᠤ ᠶᠢᠨ ᠳᠤᠨᠢ ᠵᠢᠭᠡ ᠪᠠᠭᠤᠯᠭᠠᠬᠤ᠂ ᠵᠢᠭᠡ ᠬᠥᠮᠥᠨ ᠨᠠᠭᠠᠴᠤ ᠶᠢᠨ ᠳᠡᠷᠭᠡᠳᠡ ᠳᠠᠯᠤ ᠥᠯᠥ ᠪᠠᠷᠢᠬᠤ᠂ ᠨᠠᠭᠠᠴᠤ ᠶᠢᠨ ᠭᠡᠷ ᠤᠨ ᠡᠭᠦᠳᠡᠨ ᠳᠤ ᠥᠯᠥ ᠰᠠᠭᠤᠬᠤ᠂ ᠪᠣᠱᠤᠭ᠎ᠠ ᠶᠢ ᠥᠯᠥ ᠤᠨᠤᠬᠤ᠂ ︽ᠨᠠᠭᠠᠴᠤ  ᠪᠠᠨ ᠵᠣᠳᠣᠪᠠᠯ ᠴᠡᠴᠡᠷᠡᠭᠡ ᠪᠣᠯᠳᠠᠭ︾ ᠭᠡᠬᠦ ᠴᠡᠭᠡᠷ ᠶᠣᠰᠣ ᠪᠠᠶᠢᠳᠠᠭ ᠪᠠ ᠵᠢᠯ ᠴᠠᠭᠠᠨ ᠰᠠᠷ᠎ᠠ ᠳᠤ ᠨᠠᠭᠠᠴᠤ ᠶᠢᠨ ᠬᠢᠨᠢ ᠵᠢᠭᠡ  ᠳᠡᠭᠡᠨ ︽ᠵᠢᠭᠡ ᠰᠦᠪᠡᠭᠡ︾ ᠭᠡᠵᠦ ᠭᠠᠳᠠᠷᠲᠠᠢ ᠰᠦᠪᠡᠭᠡ ᠬᠠᠪᠢᠰᠤ ᠡᠪᠦᠷᠯᠡᠭᠦᠯᠳᠡᠭ ᠵᠠᠩᠰᠢᠯ ᠲᠠᠢ ᠪᠢᠯᠡ᠃            ᠨᠠᠭᠠᠴᠤ ᠭᠡᠳᠡᠭ ᠦᠭᠡ ᠪᠣᠯ ᠡᠬᠡ ᠲᠠᠢ ᠬᠦᠢ ᠨᠢᠭᠡᠲᠡᠢ ᠡᠷᠡᠭᠲᠡᠢ ᠬᠥᠮᠥᠨ ᠢ ᠵᠢᠭᠠᠭᠰᠠᠨ ᠤᠳᠬ᠎ᠠ ᠲᠠᠢ ᠦᠭᠡ ᠪᠣᠯᠬᠤ  ᠪᠠᠷ ᠪᠠᠷᠠᠬᠤ ᠦᠭᠡᠢ᠂ ᠠᠪᠠᠭ᠎ᠠ ᠲᠠᠢ ᠠᠳᠠᠯᠢ ᠡᠬᠡ ᠶᠢᠨ ᠲᠠᠯ᠎ᠠ ᠶᠢᠨ ᠳᠡᠭᠡᠷ᠎ᠡ ᠨᠢᠭᠡ ᠦᠶ᠎ᠡ ᠶᠢ ᠵᠢᠭᠠᠭᠰᠠᠨ ᠨᠡᠷᠡᠶᠢᠳᠦᠯ ᠶᠤᠮ᠃ ᠡᠬᠡ ᠠᠴᠠ ᠠᠬ᠎ᠠ ᠶᠢ ᠶᠡᠭᠡ ᠨᠠᠭᠠᠴᠤ ᠪᠤᠶᠤ ᠪᠦᠳᠦᠭᠦᠨ ᠨᠠᠭᠠᠴᠤ᠂ ᠡᠬᠡ ᠠᠴᠠ ᠳᠡᠭᠦᠦ ᠶᠢ ᠪᠠᠭ᠎ᠠ ᠨᠠᠭᠠᠴᠤ ᠪᠤᠶᠤ ᠵᠢᠭᠠᠬᠠᠨ ᠨᠠᠭᠠᠴᠤ ᠭᠡᠳᠡᠭ᠃ ᠣᠯᠠᠨ ᠨᠠᠭᠠᠴᠤ ᠨᠠᠷ ᠲᠠᠢ ᠪᠣᠯ ᠲᠤᠭ᠎ᠠ ᠪᠤᠶᠤ ᠣᠨᠴᠠᠯᠢᠭ ᠡᠰᠡᠬᠦᠯ᠎ᠡ ᠬᠦᠨᠳᠦᠯᠡᠪᠦᠷᠢ ᠳᠠᠭᠤᠳᠠᠯᠭ᠎ᠠ ᠪᠠᠷ ᠨᠢ ᠢᠯᠭᠠᠵᠤ ᠳᠠᠭᠤᠳᠠᠳᠠᠭ᠃ ᠨᠠᠭᠠᠴᠤ ᠲᠠᠢ ᠬᠠᠤᠯᠢ ᠶᠣᠰᠣ ᠪᠠᠷ ᠬᠤᠷᠢᠮᠯᠠᠨ ᠰᠠᠭᠤᠭᠰᠠᠨ ᠡᠮᠡᠭᠲᠡᠢ ᠶᠢ ᠨᠠᠭᠠᠴᠤ ᠪᠡᠷᠭᠡᠨ ︵ᠡᠬᠡ ᠶᠢᠨ ᠪᠡᠷᠭᠡᠨ︶ ᠭᠡᠨ᠎ᠡ᠃ ᠨᠠᠭᠠᠴᠤ ᠶᠢᠨ ᠡᠬᠡ ᠶᠢ ᠨᠠᠭᠠᠴᠤ ᠡᠵᠢ ︵ᠡᠬᠡ︶ ᠭᠡᠨ᠎ᠡ᠃ ᠡᠬᠡ ᠶᠢᠨ ᠡᠪᠦᠭᠡ ᠶᠢ ᠨᠠᠭᠠᠴᠤ ᠡᠪᠦᠭᠡ᠂ ᠡᠮᠡᠭᠡ ᠶᠢ ᠨᠠᠭᠠᠴᠤ ᠡᠮᠡᠭᠡ ᠭᠡᠨ᠎ᠡ᠃ ᠡᠬᠡ ᠶᠢᠨ ᠡᠭᠡᠴᠢ ᠪᠤᠶᠤ ᠥᠬᠢᠨ ᠳᠡᠭᠦᠦ ᠶᠢ ᠨᠠᠭᠠᠴᠤ ᠡᠭᠡᠴᠢ᠂ ᠨᠠᠭᠠᠴᠤ ᠡᠭᠡᠴᠢ ᠶᠢᠨ ᠬᠦᠷᠭᠡᠨ ᠢ ᠨᠠᠭᠠᠴᠤ ᠬᠦᠷᠭᠡᠨ ᠠᠬ᠎ᠠ ᠪᠤᠶᠤ ᠬᠦᠷᠭᠡᠨ ᠠᠪᠤᠭᠠᠢ ᠭᠡᠨ᠎ᠡ᠃ ᠦᠵᠦᠮᠦᠴᠢᠨ ᠳᠤ ᠠᠬ᠎ᠠ ᠶᠢ ᠣᠯᠠᠩᠬᠢ ᠳᠠᠭᠠᠨ ︽ᠠᠪᠤᠭᠠᠢ︾ ᠭᠡᠳᠡᠭ᠃            ᠪᠡᠶ᠎ᠡ ᠠᠴᠠ ᠳᠣᠷᠤᠭᠰᠢᠬᠢ ᠭᠤᠣᠯ ᠤᠭᠰᠠᠭ᠎ᠠ ᠶᠢᠨ ᠳᠠᠭᠤᠳᠠᠯᠭ᠎ᠠ — ᠡᠬᠡ ᠨᠢᠭᠡᠲᠡᠢ ᠪᠤᠶᠤ ᠨᠡᠶᠢᠭᠡᠮ ᠳᠡᠭᠡᠷᠡᠬᠢ ᠪᠡᠶ᠎ᠡ  ᠠᠴᠠ ᠨᠠᠰᠤ ᠪᠠᠷ ᠪᠠᠭ᠎ᠠ ᠡᠷᠡᠭᠲᠡᠢ ᠶᠢ ᠳᠡᠭᠦᠦ᠂ ᠡᠴᠢᠭᠡ ᠡᠬᠡ ᠨᠢᠭᠡᠲᠡᠢ ᠪᠤᠶᠤ ᠡᠰᠡᠬᠦᠯ᠎ᠡ ᠡᠴᠢᠭᠡ ᠨᠢᠭᠡᠲᠡᠢ᠂ ᠡᠬᠡ ᠥᠭᠡᠷ᠎ᠡ  ᠲᠠᠢ ᠥᠪᠡᠷ ᠠᠴᠠ ᠨᠠᠰᠤ ᠪᠠᠷ ᠪᠠᠭ᠎ᠠ ᠡᠷᠡᠭᠲᠡᠢ ᠶᠢ ᠲᠥᠷᠥᠭᠰᠡᠨ ᠳᠡᠭᠦᠦ ᠭᠡᠨ᠎ᠡ᠃ ᠳᠡᠭᠦᠦ ᠶᠢᠨ ᠬᠤᠷᠢᠮᠯᠠᠵᠤ ᠪᠠᠭᠤᠯᠭᠠᠭᠰᠠᠨ ᠪᠤᠰᠤᠳ ᠣᠪᠣᠭ ᠤᠨ ᠡᠮᠡᠭᠲᠡᠢ ᠶᠢ ᠳᠡᠭᠦᠦ ᠪᠡᠷᠢ ᠭᠡᠳᠡᠭ᠃            ᠡᠪᠦᠭᠡ ᠨᠢᠭᠡᠲᠡᠢ ᠠᠬ᠎ᠠ ᠳᠡᠭᠦᠦ ᠶᠢ ᠦᠶᠡᠯᠢᠳ ᠠᠬ᠎ᠠ ᠳᠡᠭᠦᠦ᠂ ᠡᠯᠦᠨᠴᠡ ᠨᠢᠭᠡᠲᠡᠢ ᠠᠬ᠎ᠠ ᠳᠡᠭᠦᠦ ᠶᠢ ᠬᠠᠶᠠᠯᠢᠳ ᠠᠬ᠎ᠠ ᠳᠡᠭᠦᠦ᠂ ᠬᠤᠯᠤᠨᠴᠠ ᠨᠢᠭᠡᠲᠡᠢ ᠠᠬ᠎ᠠ ᠳᠡᠭᠦᠦ ᠶᠢ ᠦᠶ᠎ᠡ ᠠᠬ᠎ᠠ ᠳᠡᠭᠦᠦ᠂ ᠡᠯᠦᠨ ᠡᠪᠦᠭᠡ ᠨᠢᠭᠡᠲᠡᠢ ᠠᠬ᠎ᠠ ᠳᠡᠭᠦᠦ ᠶᠢ ᠬᠠᠶ᠎ᠠ ᠠᠬ᠎ᠠ ᠳᠡᠭᠦᠦ᠂ ᠬᠤᠯᠤᠨ ᠡᠪᠦᠭᠡ ᠨᠢᠭᠡᠲᠡᠢ ᠠᠬ᠎ᠠ ᠳᠡᠭᠦᠦ ᠶᠢ ᠦᠶᠡᠨᠴᠢᠷ ᠠᠬ᠎ᠠ ᠳᠡᠭᠦᠦ᠂ ᠬᠤᠯᠪᠣᠭ᠎ᠠ ᠡᠪᠦᠭᠡ ᠨᠢᠭᠡᠲᠡᠢ ᠠᠬ᠎ᠠ ᠳᠡᠭᠦᠦ ᠶᠢ ᠬᠠᠶᠠᠨᠴᠢᠷ ᠠᠬ᠎ᠠ ᠳᠡᠭᠦᠦ᠂ ᠥᠨᠳᠥᠷ ᠡᠪᠦᠭᠡ ᠨᠢᠭᠡᠲᠡᠢ ᠠᠬ᠎ᠠ ᠳᠡᠭᠦᠦ ᠶᠢ ᠲᠥᠷᠥᠯ ᠤᠨ ᠠᠬ᠎ᠠ ᠳᠡᠭᠦᠦ᠂ ᠤᠭ ᠳᠡᠭᠡᠳᠦᠰ ᠨᠢᠭᠡᠲᠡᠢ ᠠᠬ᠎ᠠ ᠳᠡᠭᠦᠦᠰ ᠢ ᠠᠶᠢᠮᠠᠭ ᠤᠨ ᠠᠬ᠎ᠠ ᠳᠡᠭᠦᠦ ᠭᠡᠵᠦ ᠳᠠᠭᠤᠳᠠᠯᠴᠠᠨ᠎ᠠ᠃ ᠮᠥᠨ ᠴᠦ ᠲᠡᠳᠡᠨ ᠤ ᠭᠡᠷᠭᠡᠶᠢᠳ ᠢ ᠦᠶᠡᠯᠢᠳ — ᠬᠠᠶᠠᠯᠢᠳ — ᠦᠶ᠎ᠡ — ᠬᠠᠶ᠎ᠠ — ᠦᠶᠡᠨᠴᠢᠷ — ᠬᠠᠶᠠᠨᠴᠢᠷ — ᠲᠥᠷᠥᠯ — ᠠᠶᠢᠮᠠᠭ ᠤᠨ ᠪᠡᠷᠢᠶᠡᠳ ᠭᠡᠵᠦ ᠦᠶ᠎ᠡ ᠳᠣᠷᠣᠭᠰᠢᠯᠠᠭᠤᠯᠤᠨ ᠰᠤᠨᠤᠭᠠᠵᠤ ᠳᠠᠭᠤᠳᠠᠳᠠᠭ ᠶᠤᠮ᠃            ᠳᠣᠣᠷ᠎ᠠ ᠨᠢᠭᠡ ᠦᠶ᠎ᠡ ᠶᠢᠨ ᠬᠡᠦᠬᠡᠳ ᠤᠨ ᠬᠤᠭᠤᠷᠣᠨᠳᠤᠬᠢ ᠳᠠᠭᠤᠳᠠᠯᠭ᠎ᠠ — ᠠᠬ᠎ᠠ ᠳᠡᠭᠦᠦ ᠬᠤᠶᠠᠷ ᠤᠨ ᠬᠡᠦᠬᠡᠳ᠂ ᠬᠤᠭᠤᠷᠣᠨᠳᠤ ᠪᠠᠨ ᠦᠶᠡᠯᠢᠳ ᠠᠬ᠎ᠠ ᠳᠡᠭᠦᠦ᠂ ᠦᠶᠡᠯᠢᠳ ᠡᠭᠡᠴᠢ ᠳᠡᠭᠦᠦ ᠭᠡᠵᠦ ᠳᠠᠭᠤᠳᠠᠯᠴᠠᠳᠠᠭ᠃ ᠡᠳᠡ ᠪᠣᠯ ᠣᠪᠣᠭ ᠨᠢᠭᠡᠲᠡᠢ᠃ ᠡᠭᠡᠴᠢ᠂ ᠥᠬᠢᠨ ᠳᠡᠭᠦᠦ ᠬᠤᠶᠠᠷ ᠤᠨ ᠬᠡᠦᠬᠡᠳ ᠬᠤᠭᠤᠷᠣᠨᠳᠤ ᠪᠠᠨ ᠪᠦᠯᠦ ᠠᠬ᠎ᠠ ᠳᠡᠭᠦᠦ᠂ ᠪᠦᠯᠦ ᠡᠭᠡᠴᠢ ᠳᠡᠭᠦᠦ ᠳᠠᠭᠤᠳᠠᠵᠤ᠂ ᠲᠡᠳᠡᠨ ᠤ ᠬᠡᠦᠬᠡᠳ ᠬᠤᠭᠤᠷᠣᠨᠳᠤ ᠪᠠᠨ ᠪᠦᠯᠦᠨᠴᠢᠷ ᠪᠣᠯᠳᠠᠭ᠂ ᠲᠡᠳᠡᠨᠦᠰ ᠪᠣᠯ ᠣᠪᠣᠭ ᠣᠨᠳᠣᠣ᠃          ᠠᠬ᠎ᠠ ᠥᠬᠢᠨ ᠳᠡᠭᠦᠦ ᠪᠤᠶᠤ ᠡᠰᠡᠬᠦᠯ᠎ᠡ ᠡᠭᠡᠴᠢ ᠳᠡᠭᠦᠦ ᠬᠤᠶᠠᠷ ᠤᠨ ᠬᠡᠦᠬᠡᠳ ᠬᠤᠭᠤᠷᠣᠨᠳᠤ ᠪᠠᠨ ᠨᠠᠭ᠎ᠠ ᠵᠢᠭᠡ ᠪᠤᠶᠤ ᠵᠢᠭᠡ — ᠨᠠᠭ᠎ᠠ ᠪᠣᠯᠳᠠᠭ᠃ ᠨᠠᠰᠤᠨ ᠤ ᠶᠡᠭᠡ ᠪᠠᠭ᠎ᠠ ᠪᠠᠷ ᠢᠶᠠᠨ ᠨᠠᠭ᠎ᠠ ᠠᠪᠤᠭᠠᠢ ︵ᠠᠬ᠎ᠠ︶᠂ ᠨᠠᠭ᠎ᠠ ᠠᠨᠢᠶᠠ ︵ᠡᠭᠡᠴᠢ︶᠂ ᠵᠢᠭᠡ ᠠᠪᠤᠭᠠᠢ ︵ᠠᠬ᠎ᠠ︶᠂ ᠵᠢᠭᠡ ᠠᠨᠢᠶᠠ ︵ᠡᠭᠡᠴᠢ︶ ᠭᠡᠬᠦ ᠮᠡᠨᠳᠦᠴᠢᠯᠡᠨ ᠳᠠᠭᠤᠳᠠᠳᠠᠭ᠃ ᠨᠠᠭ᠎ᠠ ᠭᠡᠳᠡᠭ ᠪᠣᠯ ᠨᠠᠭᠠᠴᠤ ᠲᠠᠢ ᠠᠳᠠᠯᠢ ᠳᠡᠭᠡᠷ᠎ᠡ ᠨᠢᠭᠡ ᠦᠶ᠎ᠡ ᠶᠢ ᠵᠢᠭᠠᠭᠰᠠᠨ ᠤᠳᠬ᠎ᠠ ᠲᠠᠢ ᠪᠢᠰᠢ᠂ ᠬᠠᠷᠢᠨ ᠦᠶ᠎ᠡ ᠠᠳᠠᠯᠢ ᠪᠠᠶᠢᠬᠤ ᠶᠢ ᠢᠯᠡᠳᠬᠡᠭᠰᠡᠨ ᠥᠪᠡᠷᠮᠢᠴᠡ ᠳᠠᠭᠤᠳᠠᠯᠭ᠎ᠠ ᠲᠠᠰᠢᠶᠠᠷᠠᠵᠤ ᠪᠠᠶᠢᠭ᠎ᠠ ᠶᠠᠪᠤᠳᠠᠯ ᠶᠤᠮ᠃ ᠨᠠᠭ᠎ᠠ ᠡᠪᠦᠭᠡ ᠭᠡᠳᠡᠭ ᠢᠶᠠᠷ ᠵᠢᠱᠢᠶᠡᠯᠡᠪᠡᠯ ᠲᠡᠷᠡ ᠨᠢ ᠨᠠᠭ᠎ᠠ ᠶᠢᠨ ᠡᠪᠦᠭᠡ᠂ ᠪᠡᠶ᠎ᠡ ᠳᠤ ᠠᠪᠴᠤ ᠬᠡᠯᠡᠪᠡᠯ ᠨᠠᠭᠠᠴᠤ ᠠᠪᠤ ᠶᠢ ᠵᠢᠭᠠᠵᠤ ᠪᠠᠶᠢᠬᠤ ᠶᠢ ᠮᠡᠳᠡᠭᠡᠷᠡᠢ᠃ ᠠᠬ᠎ᠠ ᠪᠤᠶᠤ ᠳᠡᠭᠦᠦ ᠶᠢᠨ ᠬᠡᠦᠬᠡᠳ᠂ ᠥᠪᠡᠷ ᠲᠤ ᠠᠴᠢ ᠪᠣᠯᠣᠨ᠎ᠠ᠃ ᠡᠨᠡ ᠪᠣᠯ ᠤᠳᠤᠮ ᠤᠭᠰᠠᠭ᠎ᠠ ᠳᠤ ᠠᠴᠢ ᠰᠠᠯᠠᠭ᠎ᠠ ᠦᠶ᠎ᠡ ᠭᠠᠷᠤᠯ᠎ᠠ ᠭᠡᠬᠦ ᠤᠳᠬ᠎ᠠ ᠲᠠᠢ ᠦᠭᠡ ᠪᠣᠯᠬᠤ ᠠᠴᠠ ᠭᠠᠳᠠᠨ᠎ᠠ ᠲᠥᠷᠥᠭᠰᠡᠨ ᠬᠦᠦ ᠶᠢᠨ ᠬᠡᠦᠬᠡᠳ ᠢ ᠴᠦ ᠠᠴᠢ ᠭᠡᠵᠦ ᠳᠠᠭᠤᠳᠠᠵᠤ᠂ ᠬᠦᠦ ᠶᠢᠨ ᠬᠡᠦᠬᠡᠳ᠂ ᠲᠥᠷᠥᠭᠰᠡᠨ ᠠᠬ᠎ᠠ ᠳᠡᠭᠦᠦ ᠨᠠᠷ ᠤᠨ ᠬᠡᠦᠬᠡᠳ ᠢ ᠬᠠᠮᠲᠤ ᠳᠤᠨᠢ ᠵᠢᠭᠠᠳᠠᠭ ᠳᠠᠪᠬᠤᠷ ᠤᠳᠬ᠎ᠠ ᠲᠠᠢ ᠳᠠᠭᠤᠳᠠᠯᠭ᠎ᠠ ᠪᠣᠯᠬᠤ ᠶᠤᠮ᠃          ᠡᠭᠡᠴᠢ ᠪᠠ ᠥᠬᠢᠨ ᠳᠡᠭᠦᠦ ᠶᠢᠨ ᠬᠡᠦᠬᠡᠳ ᠤᠳ ᠥᠪᠡᠷ ᠲᠤ ᠵᠢᠭᠡ ᠪᠣᠯᠳᠠᠭ᠃ ᠵᠢᠭᠡ ᠶᠢᠨ ᠬᠡᠦᠬᠡᠳ ᠨᠢ ᠵᠢᠭᠡᠨᠴᠢᠷ ᠪᠣᠯᠳᠠᠭ᠃          ᠰᠠᠳᠤᠨ ᠢᠶᠠᠷ ᠦᠵᠡᠬᠦ ᠣᠶᠢᠷ᠎ᠠ ᠲᠥᠷᠥᠯ ᠤᠨ ᠪᠤᠰᠤᠳ ᠳᠠᠭᠤᠳᠠᠯᠭ᠎ᠠ — ᠦᠵᠦᠮᠦᠴᠢᠨ ᠳᠤ ᠬᠤᠶᠢᠲᠤ ᠠᠪᠤ ︵ᠡᠴᠢᠭᠡ ᠨᠢ ᠦᠬᠦᠭᠰᠡᠨ ᠪᠤᠶᠤ ᠤᠷᠤᠭ ᠰᠠᠯᠤᠭᠰᠠᠨ ᠬᠤᠶᠢᠨ᠎ᠠ ᠡᠬᠡ ᠶᠢᠨ ᠳᠠᠬᠢᠨ ᠤᠷᠤᠭᠯᠠᠭᠰᠠᠨ ᠡᠷ᠎ᠡ ᠶᠢ ᠬᠤᠶᠢᠲᠤ ᠠᠪᠤ ᠭᠡᠨ᠎ᠡ︶᠂ ᠬᠤᠶᠢᠲᠤ ᠡᠵᠢ ︵ᠡᠬᠡ ᠦᠬᠦᠭᠰᠡᠨ ᠪᠤᠶᠤ ᠤᠷᠤᠭ ᠰᠠᠯᠤᠭᠰᠠᠨ ᠬᠤᠶᠢᠨ᠎ᠠ ᠡᠴᠢᠭᠡ ᠶᠢᠨ ᠳᠠᠬᠢᠨ ᠤᠷᠤᠭᠯᠠᠭᠰᠠᠨ ᠡᠮ᠎ᠡ ᠶᠢ ᠬᠤᠶᠢᠲᠤ ᠡᠵᠢ ᠭᠡᠨ᠎ᠡ︶᠂ ᠶᠡᠭᠡ ᠪᠠᠭ᠎ᠠ ᠡᠵᠢ ︵ᠡᠴᠢᠭᠡ ᠶᠢᠨ ᠰᠠᠭᠠᠳᠠᠭᠯᠠᠵᠤ ᠪᠠᠭᠤᠯᠭᠠᠭᠰᠠᠨ᠂ ᠡᠬᠡ ᠠᠴᠠ ᠪᠤᠰᠤᠳ ᠡᠬᠡᠨᠡᠷ ᠤᠳ︶᠂ ᠲᠡᠵᠢᠭᠡᠵᠦ ᠦᠷᠡᠴᠢᠯᠡᠭᠰᠡᠨ ᠡᠴᠢᠭᠡ ᠡᠬᠡ᠂ ᠰᠦᠨᠡᠰᠦᠨ ᠡᠭᠡᠴᠢ ︵ᠵᠠᠷᠢᠮ ᠪᠢᠴᠢᠭ ᠲᠤ ᠰᠤᠨᠤᠭᠰᠠᠨ ᠡᠭᠡᠴᠢ ᠭᠡᠬᠦ᠂ ᠡᠭᠡᠴᠢ ᠶᠢ ᠦᠬᠦᠭᠰᠡᠨ ᠪᠤᠶᠤ ᠰᠠᠯᠤᠭᠰᠠᠨ ᠬᠤᠶᠢᠨ᠎ᠠ ᠡᠭᠡᠴᠢ ᠶᠢ ᠣᠷᠣᠯᠠᠵᠤ ᠬᠦᠷᠭᠡᠨ ᠠᠬ᠎ᠠ  ᠶᠢᠨ ᠲᠠᠬᠢᠨ ᠪᠠᠭᠤᠯᠭᠠᠭᠰᠠᠨ ᠡᠬᠡᠨᠡᠷ︶᠂ ᠬᠥᠬᠦᠯᠲᠦ ᠡᠴᠢᠭᠡ ᠡᠬᠡ᠂ ᠮᠥᠷᠭᠦᠭᠦᠯᠦᠭᠰᠡᠨ ᠥᠬᠢᠨ ᠳᠡᠭᠦᠦ᠂ ᠨᠠᠶᠢᠵᠠ ᠬᠤᠳᠠ ᠬᠤᠳᠠᠭᠠᠢ᠂ ᠨᠠᠶᠢᠵᠠ ︵ᠥᠬᠢᠳ ᠬᠤᠭᠤᠷᠣᠨᠳᠤ ᠪᠠᠨ ᠵᠢᠷᠤᠮ ᠤᠨ ᠡᠭᠡᠴᠢ ᠳᠡᠭᠦᠦ ᠪᠠᠷᠢᠯᠳᠤᠭᠰᠠᠨ︶᠂ ᠠᠨᠳᠠ ︵ᠬᠥᠪᠡᠭᠦᠳ ᠬᠤᠭᠤᠷᠣᠨᠳᠤ ᠪᠠᠨ ᠲᠡᠭᠷᠢ ᠳᠤ ᠮᠥᠷᠭᠦᠵᠦ ᠠᠨᠳᠠᠭᠠᠶᠢᠯᠠᠭᠰᠠᠨ ᠠᠬ᠎ᠠ ᠳᠡᠭᠦᠦ︶᠂ ᠰᠢᠷᠭᠤᠭᠤᠯᠤᠭᠰᠠᠨ ᠡᠴᠢᠭᠡ ᠡᠬᠡ ︵ᠡᠩᠬᠦᠷᠡᠢ ᠬᠡᠦᠬᠡᠳ ᠢ ᠬᠤᠷᠮᠣᠢ ᠳᠤᠨᠢ ᠰᠢᠷᠭᠤᠭᠤᠯᠵᠤ᠂ ᠡᠪᠦᠳᠦᠭ ᠳᠤᠨᠢ ᠮᠥᠷᠭᠦᠭᠦᠯᠵᠦ ᠡᠴᠢᠭᠡ ᠡᠬᠡ ᠲᠠᠨᠢᠭᠤᠯᠤᠭᠰᠠᠨ︶ ᠶᠢ ᠴᠥᠮ ᠵᠠᠶᠢᠯᠠᠰᠢ ᠦᠭᠡᠢ ᠰᠠᠳᠤᠨ ᠰᠦᠯᠪᠡᠭᠡ ᠪᠠᠷ ᠦᠵᠡᠵᠦ ᠳᠠᠭᠤᠳᠠᠳᠠᠭ ᠶᠣᠰᠣ ᠲᠠᠢ᠃          ᠦᠶ᠎ᠡ᠂ ᠨᠠᠰᠤ ᠢᠯᠭᠠᠬᠤ ᠶᠣᠰᠣᠨ — ᠦᠵᠦᠮᠦᠴᠢᠨᠴᠤᠳ ᠶᠠᠰᠤᠨ ᠲᠥᠷᠥᠯ᠂ ᠴᠢᠰᠤᠨ ᠲᠥᠷᠥᠯ᠂ ᠰᠠᠳᠤᠨ ᠰᠦᠯᠪᠡᠭᠡ ᠶᠢᠨ ᠠᠬ᠎ᠠ ᠳᠡᠭᠦᠦ᠂ ᠡᠭᠡᠴᠢ ᠥᠬᠢᠨ ᠳᠡᠭᠦᠦ ᠶᠢᠨ ᠡᠮ᠎ᠡ ᠨᠥᠬᠦᠷ᠂ ᠡᠷ᠎ᠡ ᠨᠥᠬᠦᠷ ᠢ ᠨᠠᠰᠤ ᠢᠯᠭᠠᠬᠤ ᠦᠭᠡᠢ ᠠᠬ᠎ᠠ ᠳᠡᠭᠦᠦ᠂ ᠡᠭᠡᠴᠢ ᠥᠬᠢᠨ ᠳᠡᠭᠦᠦ ᠪᠠᠨ ᠳᠠᠭᠠᠭᠤᠯᠵᠤ ᠳᠠᠭᠤᠳᠠᠳᠠᠭ᠃ ᠵᠢᠱᠢᠶᠡᠯᠡᠪᠡᠯ᠂ ᠪᠡᠷᠭᠡᠨ ᠤ ᠨᠠᠰᠤ ᠨᠢ ᠪᠡᠶ᠎ᠡ  ᠠᠴᠠ ᠳᠡᠭᠦᠦ ᠪᠠᠶᠢᠭᠰᠠᠨ ᠴᠦ ᠡᠭᠡᠴᠢ ᠪᠠᠷ ᠦᠵᠡᠵᠦ ᠪᠡᠷᠭᠡᠨ ᠳᠠᠭᠤᠳᠠᠨ᠎ᠠ᠃ ᠳᠡᠭᠦᠦ ᠪᠡᠷᠢ ᠶᠢᠨ ᠨᠠᠰᠤ ᠨᠢ ᠪᠡᠶ᠎ᠡ ᠠᠴᠠ ᠡᠭᠡᠴᠢ ᠪᠠᠶᠢᠭᠰᠠᠨ ᠴᠦ ᠳᠡᠭᠦᠦ ᠪᠠᠷ ᠦᠵᠡᠵᠦ ᠳᠡᠭᠦᠦ ᠪᠡᠷᠢ ᠳᠠᠭᠤᠳᠠᠨ᠎ᠠ᠃ ᠬᠦᠷᠭᠡᠨ ᠠᠬ᠎ᠠ ᠶᠢᠨ ᠨᠠᠰᠤ ᠨᠢ ᠪᠡᠶ᠎ᠡ ᠠᠴᠠ ᠳᠡᠭᠦᠦ ᠴᠦ ᠠᠬ᠎ᠠ ᠪᠠᠷ ᠦᠵᠡᠵᠦ ᠬᠦᠷᠭᠡᠨ ᠠᠬ᠎ᠠ ᠳᠠᠭᠤᠳᠠᠵᠤ᠂ ᠳᠡᠭᠦᠦ ᠬᠦᠷᠭᠡᠨ ᠤ ᠨᠠᠰᠤ ᠪᠡᠶ᠎ᠡ ᠠᠴᠠ ᠠᠬ᠎ᠠ ᠪᠠᠶᠢᠭᠰᠠᠨ ᠴᠦ ᠳᠡᠭᠦᠦ ᠪᠠᠷ ᠦᠵᠡᠵᠦ ᠳᠡᠭᠦᠦ ᠬᠦᠷᠭᠡᠨ ᠳᠠᠭᠤᠳᠠᠨ᠎ᠠ᠃ ᠪᠡᠷᠭᠡᠨ ᠪᠠ ᠬᠦᠷᠭᠡᠨ ᠠᠬ᠎ᠠ ᠶᠢᠨ ᠳᠡᠭᠦᠦ ᠪᠠ ᠥᠬᠢᠨ ᠳᠡᠭᠦᠦ  ᠶᠢ ᠨᠠᠰᠤ ᠢᠯᠭᠠᠵᠤ ᠪᠡᠶ᠎ᠡ ᠠᠴᠠ ᠨᠠᠰᠤ ᠠᠬ᠎ᠠ ᠶᠢ ᠨᠢ ᠬᠤᠳᠠ ᠠᠬ᠎ᠠ᠂ ᠬᠤᠳᠠᠭᠠᠢ ᠡᠭᠡᠴᠢ ᠭᠡᠵᠦ᠂ ᠨᠠᠰᠤ ᠳᠡᠭᠦᠦ ᠶᠢ ᠬᠤᠳᠠ ᠳᠡᠭᠦᠦ᠂ ᠬᠤᠳᠠᠭᠠᠢ ᠥᠬᠢᠨ ᠳᠡᠭᠦᠦ ᠭᠡᠵᠦ ᠳᠠᠭᠤᠳᠠᠨ᠎ᠠ᠃          ᠳᠡᠭᠦᠦ ᠪᠡᠷᠢ ᠪᠠ ᠳᠡᠭᠦᠦ ᠬᠦᠷᠭᠡᠨ ᠤ ᠠᠬ᠎ᠠ ᠡᠭᠡᠴᠢ ᠶᠢ ᠮᠥᠨ ᠨᠠᠰᠤ ᠢᠯᠭᠠᠵᠤ᠂ ᠪᠡᠶ᠎ᠡ ᠠᠴᠠ ᠠᠬ᠎ᠠ ︵ᠡᠭᠡᠴᠢ︶  ᠶᠢ ᠨᠢ ᠬᠤᠳᠠ ᠠᠬ᠎ᠠ᠂ ᠬᠤᠳᠠᠭᠠᠢ ᠡᠭᠡᠴᠢ ᠭᠡᠵᠦ᠂ ᠨᠠᠰᠤ ᠪᠠᠷ ᠳᠡᠭᠦᠦ ᠶᠢ ᠨᠢ ᠬᠤᠳᠠ ᠳᠡᠭᠦᠦ᠂ ᠬᠤᠳᠠᠭᠠᠢ ᠥᠬᠢᠨ ᠳᠡᠭᠦᠦ ᠭᠡᠵᠦ ᠳᠠᠭᠤᠳᠠᠨ᠎ᠠ᠃ ᠳᠡᠭᠦᠦ ᠪᠡᠷᠢ ᠪᠠ ᠳᠡᠭᠦᠦ ᠬᠦᠷᠭᠡᠨ ᠤ ᠳᠡᠭᠦᠦ ᠨᠠᠷ ᠤᠳ ᠢ ᠨᠠᠰᠤ ᠨᠢ ᠪᠡᠶ᠎ᠡ ᠠᠴᠠ ᠠᠬ᠎ᠠ ᠪᠠᠶᠢᠭᠰᠠᠨ ᠴᠦ ᠬᠤᠳᠠ ᠳᠡᠭᠦᠦ᠂ ᠬᠤᠳᠠᠭᠠᠢ ᠥᠬᠢᠨ ᠳᠡᠭᠦᠦ ᠭᠡᠵᠦ ᠳᠠᠭᠤᠳᠠᠳᠠᠭ᠃          ᠡᠬᠡᠨᠡᠷ ᠬᠠᠷ᠎ᠠ ᠬᠥᠮᠥᠨ ᠬᠤᠶᠠᠷ ︵ᠡᠷ᠎ᠡ ᠡᠮ᠎ᠡ ᠬᠤᠶᠠᠷ︶ ᠬᠠᠷᠢᠯᠴᠠᠨ ᠨᠢᠭᠡᠨ ᠢᠶᠠᠨ ᠳᠠᠭᠠᠵᠤ᠂ ᠡᠬᠡᠨᠡᠷ ᠨᠢ ᠬᠠᠷ᠎ᠠ ᠬᠥᠮᠥᠨ ᠢᠶᠠᠨ ᠳᠠᠭᠠᠵᠤ ᠬᠠᠷ᠎ᠠ ᠬᠥᠮᠥᠨ ᠨᠢ ᠡᠬᠡᠨᠡᠷ ᠢᠶᠠᠨ ᠳᠠᠭᠠᠵᠤ ᠨᠠᠰᠤ ᠢᠯᠭᠠᠬᠤ ᠦᠭᠡᠢ ᠳᠠᠭᠤᠳᠠᠳᠠᠭ᠃ ᠵᠢᠱᠢᠶᠡᠯᠡᠪᠡᠯ᠂ ᠬᠠᠷ᠎ᠠ ᠬᠥᠮᠥᠨ ᠤ ᠠᠬ᠎ᠠ ᠡᠭᠡᠴᠢ ᠶᠢᠨ ᠨᠠᠰᠤ ᠨᠢ ᠳᠡᠭᠦᠦ ᠪᠠᠶᠢᠭᠰᠠᠨ ᠴᠦ ᠪᠡᠷᠢ ᠨᠢ ᠬᠠᠳᠠᠮ ᠠᠬ᠎ᠠ᠂ ᠬᠠᠳᠠᠮ ᠡᠭᠡᠴᠢ ᠳᠠᠭᠤᠳᠠᠨ᠎ᠠ᠃ ᠬᠠᠷ᠎ᠠ ᠬᠥᠮᠥᠨ ᠤ ᠳᠡᠭᠦᠦ ᠶᠢᠨ ᠨᠠᠰᠤ ᠨᠢ ᠪᠡᠷᠭᠡᠨ ᠠᠴᠠ ᠪᠠᠨ ᠠᠬ᠎ᠠ ᠪᠤᠶᠤ ᠡᠭᠡᠴᠢ ᠪᠠᠶᠢᠭᠰᠠᠨ ᠴᠦ ᠪᠡᠷᠭᠡᠨ  ᠨᠢ ᠬᠠᠳᠠᠮ ᠳᠡᠭᠦᠦ᠂ ᠬᠠᠳᠠᠮ ᠥᠬᠢᠨ ᠳᠡᠭᠦᠦ ᠳᠠᠭᠤᠳᠠᠨ᠎ᠠ᠃ ᠮᠥᠨ ᠡᠨᠡ ᠮᠡᠲᠦ ᠪᠠᠷ ᠡᠬᠡᠨᠡᠷ ᠤᠨ ᠠᠬ᠎ᠠ ᠡᠭᠡᠴᠢ ᠶᠢᠨ ᠨᠠᠰᠤ ᠨᠢ ᠳᠡᠭᠦᠦ ᠬᠦᠷᠭᠡᠨ ᠠᠴᠠ ᠪᠠᠨ ᠳᠡᠭᠦᠦ ᠪᠠᠶᠢᠭᠰᠠᠨ ᠴᠦ ᠬᠦᠷᠭᠡᠨ ᠨᠢ ᠬᠠᠳᠠᠮ ᠠᠬ᠎ᠠ᠂ ᠡᠭᠡᠴᠢ ᠳᠠᠭᠤᠳᠠᠵᠤ ᠬᠦᠷᠢ ᠳᠡᠭᠦᠦ ᠨᠠᠷ ᠤᠨ ᠨᠠᠰᠤ ᠨᠢ ᠪᠡᠶ᠎ᠡ ᠠᠴᠠ ᠨᠢ ᠠᠬ᠎ᠠ ᠪᠠᠶᠢᠭᠰᠠᠨ ᠴᠦ ᠬᠦᠷᠢ ᠳᠡᠭᠦᠦ᠂ ᠬᠦᠷᠢ ᠥᠬᠢᠨ ᠳᠡᠭᠦᠦ ᠭᠡᠵᠦ ᠳᠠᠭᠤᠳᠠᠳᠠᠭ᠃            ᠵᠠᠷᠢᠮ ᠳᠠᠭᠤᠳᠠᠯᠭ᠎ᠠ ᠳᠤ ᠦᠶ᠎ᠡ ᠶᠢ ᠴᠢᠩᠭ᠎ᠠ ᠢᠯᠭᠠᠵᠤ᠂ ᠨᠠᠰᠤ ᠶᠢ ᠢᠯᠭᠠᠬᠤ ᠦᠭᠡᠢ ᠪᠠᠶᠢᠳᠠᠭ᠃ ᠵᠢᠱᠢᠶᠡᠯᠡᠪᠡᠯ᠂ ᠠᠪᠠᠭ᠎ᠠ ᠶᠢᠨ ᠨᠠᠰᠤ ᠨᠢ ᠪᠡᠶ᠎ᠡ ᠠᠴᠠ ᠳᠡᠭᠦᠦ ᠪᠠᠶᠢᠭᠰᠠᠨ ᠴᠦ ᠡᠴᠢᠭᠡ ᠦᠶ᠎ᠡ ᠶᠢᠨ ᠬᠥᠮᠥᠨ᠂ ᠦᠶᠡᠯᠢᠳ ᠳᠡᠭᠦᠦ ᠶᠢᠨ ᠨᠠᠰᠤ  ᠨᠢ ᠪᠡᠶ᠎ᠡ ᠠᠴᠠ ᠠᠬ᠎ᠠ ᠪᠠᠶᠢᠭᠰᠠᠨ ᠴᠦ ᠬᠥᠪᠡᠭᠦᠳ ᠦᠶ᠎ᠡ ᠶᠢᠨ ᠬᠥᠮᠥᠨ᠃            ᠳᠡᠭᠡᠷ᠎ᠡ ᠳᠣᠣᠷ᠎ᠠ ᠦᠶ᠎ᠡ ᠶᠢᠨ ᠬᠥᠮᠥᠰ ᠤᠨ ᠢᠵᠢᠯ ᠦᠶ᠎ᠡ ᠳᠣᠲᠣᠷᠠᠬᠢ ᠶᠡᠭᠡ ᠪᠠᠭ᠎ᠠ ᠶᠢ ᠢᠯᠭᠠᠬᠤ ᠳᠠᠭᠠᠨ ᠳᠡᠭᠡᠷ᠎ᠡ ᠦᠶ᠎ᠡ ᠶᠢᠨ ᠬᠥᠮᠥᠰ ᠤᠨ ᠢᠵᠢᠯ ᠦᠶ᠎ᠡ ᠶᠢᠨ ᠬᠢᠨᠢ ᠳᠣᠲᠣᠷᠠᠬᠢ ᠶᠡᠭᠡ ᠪᠠᠭ᠎ᠠ ᠶᠢ ᠠᠬ᠎ᠠ ᠪᠣᠯᠬᠤ ᠶᠢ ᠨᠢ ︽ᠶᠡᠭᠡ︾᠂ ᠳᠡᠭᠦᠦ ᠪᠣᠯᠬᠤ ᠶᠢ ᠨᠢ ︽ᠪᠠᠭ᠎ᠠ︾ ᠪᠠᠷ ᠲᠣᠳᠣᠳᠬᠠᠵᠤ ᠳᠠᠭᠤᠳᠠᠳᠠᠭ᠃ ᠳᠣᠣᠷ᠎ᠠ ᠦᠶ᠎ᠡ ᠶᠢᠨ ᠬᠥᠮᠥᠰ ᠢ ᠨᠡᠷ᠎ᠡ ᠪᠠᠷ ᠨᠢ ᠪᠤᠶᠤ ᠳᠡᠭᠦᠦ ᠪᠣᠯᠬᠤ ᠶᠢ ᠨᠢ ︽ᠪᠠᠭ᠎ᠠ︾ ᠪᠠᠷ ᠲᠣᠳᠣᠳᠬᠠᠵᠤ ᠳᠠᠭᠤᠳᠠᠳᠠᠭ᠃ ᠳᠣᠣᠷ᠎ᠠ ᠦᠶ᠎ᠡ ᠶᠢᠨ ᠬᠥᠮᠥᠰ ᠢ ᠨᠡᠷ᠎ᠡ ᠪᠠᠷ  ᠨᠢ ᠪᠤᠶᠤ ᠦᠶ᠎ᠡ ᠪᠠᠷ ᠨᠢ ᠰᠢᠭᠤᠳ ᠳᠠᠭᠤᠳᠠᠳᠠᠭ ᠪᠣᠯᠪᠠᠴᠤ ᠲᠡᠳᠡᠨ ᠢ ᠢᠵᠢᠯ ᠦᠶ᠎ᠡ ᠳᠣᠲᠣᠷ᠎ᠠ ᠨᠢ ᠬᠠᠷᠢᠨ ᠬᠠᠮᠤᠭ ᠤᠨ ᠲᠡᠷᠢᠭᠦᠨ ᠳᠤ ᠲᠥᠷᠥᠭᠰᠡᠨ ᠢ ᠨᠢ ᠤᠤᠭᠠᠨ᠂ ᠳᠠᠷᠠᠭ᠎ᠠ ᠲᠥᠷᠥᠭᠰᠡᠨ ᠢ ᠨᠢ ᠤᠳᠠᠭᠠᠬᠢ᠂ ᠬᠠᠮᠤᠭ ᠤᠨ ᠰᠡᠭᠦᠯ ᠲᠥᠷᠥᠭᠰᠡᠨ ᠢ  ᠨᠢ ᠣᠳᠬᠤᠨ ᠭᠡᠵᠦ ᠢᠯᠭᠠᠨ ᠳᠠᠭᠤᠳᠠᠳᠠᠭ ᠶᠤᠮ᠃                            
 
ᠢᠷᠡᠯᠲᠡ᠄ ︽ᠦᠵᠦᠮᠦᠴᠢᠨ ᠤᠭ ᠤᠨ ᠪᠢᠴᠢᠭ︾
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号