ᠬᠠᠳᠠᠭ ᠪᠠᠷᠢᠵᠤ ᠮᠡᠨᠳᠦᠴᠢᠯᠡᠬᠦ ᠪᠠ ᠬᠠᠳᠠᠭ ᠪᠡᠯᠡᠭᠯᠡᠬᠦ ᠶᠤᠰᠤᠨ
ᠨᠡᠶᠢᠲᠡᠯᠡᠭᠰᠡᠨ ᠴᠠᠭ᠄
2017/3/15
      ᠦᠵᠦᠮᠦᠴᠢᠨ ᠳᠤ ᠰᠠᠮᠪᠠᠢ ᠬᠠᠳᠠᠭ ᠢ ᠨᠠᠨᠳᠢᠨ ᠪᠡᠯᠡᠭ ᠪᠤᠯᠭᠠᠵᠤ᠂ ᠬᠠᠷᠢᠯᠴᠠᠨ ᠠᠮᠤᠷ ᠮᠡᠨᠳᠦ ᠠᠰᠠᠭᠤᠨ ᠮᠡᠨᠳᠦᠴᠢᠯᠡᠵᠦ᠂ ᠬᠤᠷᠢᠮ ᠨᠠᠶᠢᠷ ᠪᠤᠶᠠᠨ ᠢᠷᠦᠭᠡᠯ ᠬᠢᠬᠦ᠂ ᠪᠠᠶᠠᠷ ᠳᠤᠷᠠᠰᠬᠠᠯ ᠳᠤ ᠪᠡᠯᠡᠭᠯᠡᠬᠦ᠂ ᠤᠷᠤᠭ ᠰᠠᠳᠤᠨ ᠪᠤᠯᠤᠨ ᠡᠷᠬᠢᠮ ᠬᠦᠨᠳᠦᠲᠦ ᠵᠤᠴᠢᠨ ᠳᠠᠭᠠᠨ ᠪᠡᠯᠡᠭᠯᠡᠬᠦ᠂ ᠰᠢᠨᠡᠯᠡᠬᠦ ᠪᠤᠶᠤ ᠤᠭᠳᠤᠵᠤ ᠠᠭᠤᠯᠵᠠᠬᠤ᠂ ᠦᠳᠡᠵᠦ ᠮᠤᠷᠳᠠᠭᠤᠯᠬᠤ᠂ ᠴᠠᠭᠠᠯᠠᠵᠤ ᠤᠷᠤᠰᠢᠭᠤᠯᠬᠤ ᠶᠠᠪᠤᠳᠠᠯ ᠬᠦᠷᠲᠡᠯ᠎ᠠ ᠤᠯᠠᠨ ᠠᠭᠤᠯᠭ᠎ᠠ ᠶᠢ ᠲᠦᠯᠦᠭᠡᠯᠡᠬᠦ ᠵᠤᠷᠢᠯᠭ᠎ᠠ ᠲᠠᠢ ᠤᠯᠠᠮᠵᠢᠯᠠᠭᠳᠠᠵᠤ ᠢᠷᠡᠭᠰᠡᠨ ᠦᠨᠡᠲᠦ ᠵᠦᠢᠯ ᠪᠤᠯᠭᠠᠨ ᠬᠡᠷᠡᠭᠯᠡᠳᠡᠭ ᠶᠤᠮ᠃ ᠬᠠᠳᠠᠭ ᠲᠤ ᠲᠤᠷᠭᠠᠨ ᠬᠠᠳᠠᠭ᠂ ᠱᠠ ᠬᠠᠳᠠᠭ ᠭᠡᠬᠦ ᠤᠯᠠᠨ ᠵᠦᠢᠯ ᠪᠠᠶᠢᠳᠠᠭ ᠪᠦᠭᠡᠳ ᠭᠤᠤᠯᠳᠠᠭᠤ ᠴᠠᠭᠠᠨ᠂ ᠬᠦᠬᠡ ᠦᠡᠭᠭᠡ ᠶᠢᠨ ᠪᠠᠶᠢᠵᠤ᠂ ᠪᠠᠰᠠ ᠴᠠᠭᠠᠨ ᠴᠡᠩᠬᠡᠷ᠂ ᠰᠢᠷᠠᠪᠳᠤᠷ ᠦᠡᠭᠭᠡᠲᠡᠢ ᠴᠦ ᠪᠠᠶᠢᠳᠠᠭ ᠪᠦᠭᠡᠳ ᠤᠷᠲᠤ ᠪᠤᠭᠤᠨᠢ ᠨᠢ ᠴᠦ ᠠᠳᠠᠯᠢ ᠦᠭᠡᠢ ᠪᠠᠶᠢᠳᠠᠭ ᠶᠤᠮ᠃ ᠡᠩ ᠤᠨ ᠶᠤᠰᠤᠯᠠᠯ ᠳᠤ ᠨᠢᠭᠡ ᠲᠤᠬᠤᠢ ᠭᠤᠷᠪᠠᠨ ᠢᠮᠠᠬᠤ ᠠᠴᠠ ᠭᠤᠷᠪᠠᠨ ᠲᠤᠬᠤᠢ ᠤᠷᠲᠤ ᠬᠠᠳᠠᠭ ᠬᠡᠷᠡᠭᠯᠡᠳᠡᠭ ᠪᠠᠶᠢᠨ᠎ᠠ᠃ ᠡᠭᠦᠨ ᠳᠤ᠂ ᠴᠠᠭᠠᠨ ᠬᠠᠳᠠᠭ ᠨᠢ ᠭᠬᠢᠷ ᠦᠭᠡᠢ ᠠᠷᠢᠭᠤᠨ ᠴᠠᠭᠠᠨ ᠰᠡᠳᠬᠢᠯ ᠢ ᠢᠯᠡᠳᠬᠡᠨ᠂ ᠰᠢᠷ ᠎ᠠ ᠨᠢ ᠨᠠᠰᠤᠨ ᠬᠤᠳᠤᠭ ᠤᠷᠳᠤᠳᠬᠤ ᠶᠢ ᠪᠡᠯᠭᠡᠳᠡᠨ᠂ ᠴᠡᠩᠬᠡᠷ ᠨᠢ ᠬᠦᠬᠡ ᠴᠡᠩᠬᠡᠷ ᠮᠦᠡᠭᠬᠡ ᠲᠡᠭᠷᠢ ᠰᠢᠭ ᠡᠭᠦᠷᠢᠳᠡ ᠮᠦᠡᠭᠬᠡᠷᠡᠬᠦ ᠶᠢ ᠲᠤᠰ ᠲᠤᠰ ᠪᠡᠯᠭᠡᠳᠡᠳᠡᠭ ᠪᠠᠶᠢᠨ᠎ᠠ᠃           ᠦᠵᠦᠮᠦᠴᠢᠨ ᠮᠤᠩᠭᠤᠯᠴᠤᠳ ᠤᠨ ᠵᠠᠩᠰᠢᠯ ᠳᠤ ᠬᠤᠷᠠᠯ ᠬᠤᠢ᠂ ᠨᠠᠶᠢᠷ ᠨᠠᠭᠠᠳᠤᠮ᠂ ᠪᠠᠶᠠᠷ ᠲᠤᠷᠠᠰᠬᠠᠯ ᠢ ᠪᠡᠯᠭᠡᠯᠡᠬᠦ ᠳᠤ ᠬᠦᠬᠡ ᠲᠤᠷᠭᠠᠨ ᠬᠠᠳᠠᠭ᠂ ᠴᠡᠩᠬᠡᠷ ᠴᠠᠭᠠᠨ ᠪᠤᠶᠤ ᠰᠢᠷ᠎ᠠ ᠦᠡᠭᠬᠡ ᠶᠢᠨ ᠬᠠᠳᠠᠭ ᠪᠠᠷᠢᠵᠤ ᠡᠷᠭᠦᠨ᠎ᠠ᠃ ᠨᠠᠰᠤ ᠨᠦᠭᠴᠢᠭᠰᠡᠨ ᠬᠦᠮᠦᠨ ᠢ ᠭᠠᠰᠢᠭᠤᠳᠠᠬᠤ ᠪᠤᠶᠤ ᠪᠡᠯᠪᠡᠰᠦᠷᠡᠬᠦ ᠶᠠᠪᠤᠳᠠᠯ ᠳᠤ ᠴᠠᠭᠠᠨ ᠦᠡᠭᠬᠡ ᠶᠢᠨ ᠰᠠᠮᠪᠠᠢ ᠬᠠᠳᠠᠭ ᠢ ᠴᠢᠨᠳᠠᠷ ᠤᠨ ᠬᠢᠨᠢ ᠡᠮᠦᠨ᠎ᠠ ᠡᠯᠭᠦᠳᠡᠭ᠃ ᠦᠭᠡᠷ᠎ᠠ ᠦᠡᠭᠭᠡ ᠶᠢᠨ ᠬᠠᠳᠠᠭ ᠦᠭᠬᠦ ᠶᠢ ᠴᠡᠭᠡᠷᠯᠡᠳᠡᠭ᠃ ᠬᠡᠤᠬᠡᠳ ᠳᠡᠭᠦᠦ ᠨᠠᠷ ᠨᠢ ᠨᠠᠰᠤᠲᠠᠨ ᠦᠳᠡᠭᠦᠰ ᠢ ᠬᠦᠨᠳᠦᠳᠬᠡᠬᠦ ᠳᠤ ᠬᠠᠳᠠᠭ ᠢᠶᠠᠨ ᠬᠤᠶᠠᠷ ᠭᠠᠷ ᠢᠶᠠᠷ ᠢᠶᠠᠨ ᠪᠠᠷᠢᠵᠤ᠂ ᠪᠠᠶ᠎ᠠ ᠮᠡᠭᠦ᠋ᠢᠨ ᠳᠡᠭᠡᠭᠰᠢ ᠡᠷᠭᠦᠨ ᠭᠠᠷ ᠲᠤᠨᠢ ᠪᠠᠷᠢᠭᠤᠯᠤᠭᠰᠠᠨ ᠤ ᠳᠠᠷᠠᠭ᠎ᠠ ᠬᠢᠴᠢᠶᠡᠩᠭᠦ᠋ᠢᠯᠡᠨ ᠳᠤᠷᠤᠭᠰᠢ ᠰᠦᠭᠦᠳᠦᠨ ᠮᠦᠷᠭᠦᠨ ᠶᠤᠰᠤᠯᠠᠨ᠎ᠠ ᠃ ᠭᠡᠬᠦ ᠳᠡᠭᠡᠨ ᠬᠠᠳᠠᠭ ᠢᠶᠠᠨ ᠦᠷᠭᠡᠨ ᠢᠶᠠᠷ ᠨᠢ ᠭᠤᠤᠯ ᠳᠤᠮᠳᠠᠭᠤᠷ ᠨᠢ ᠨᠢᠭᠡ  ᠨᠤᠭᠤᠯᠵᠤ᠂ ᠨᠤᠭᠤᠯᠤᠭᠠᠰᠤ ᠶᠢᠨ ᠠᠮᠠ ᠶᠢ ᠵᠤᠴᠢᠨ ᠤ ᠦᠬᠡᠳᠡ ᠠᠴᠠ ᠨᠢ ᠬᠠᠨᠳᠤᠭᠤᠯᠤᠨ᠂ ᠬᠤᠶᠠᠷ ᠭᠠᠷ ᠤᠨ ᠠᠯᠠᠭᠠᠨ ᠳᠡᠭᠡᠷ᠎ᠠ ᠪᠠᠨ ᠳᠡᠭᠡᠭᠰᠢ ᠳᠡᠯᠭᠡᠨ ᠳᠤᠤᠷ᠎ᠠ ᠠᠴᠠ ᠳᠡᠭᠡᠭᠰᠢ ᠪᠠᠷᠢᠳᠠᠭ ᠶᠤᠰᠤ ᠲᠠᠢ ᠶᠤᠮ᠃           ᠤᠳᠤ ᠪᠤᠯ ᠬᠠᠳᠠᠭ ᠪᠠᠷᠢᠵᠤ ᠪᠠᠶᠢᠭ᠎ᠠ ᠬᠦᠮᠦᠨ ᠨᠢ ᠲᠦᠪ ᠵᠤᠭᠰᠤᠵᠤ ᠪᠠᠶ᠎ᠠ ᠪᠠᠨ ᠮᠡᠬᠦ᠋ᠢᠨ ᠬᠤᠶᠠᠷ ᠭᠠᠷ ᠢᠶᠠᠷ ᠢᠶᠠᠨ ᠬᠠᠳᠠᠭ ᠢᠶᠠᠨ ᠪᠠᠷᠢᠵᠤ ᠳᠡᠭᠡᠷ᠎ᠠ ᠨᠢ ᠮᠦᠡᠭᠭᠦᠨ ᠠᠶᠠᠭᠠᠨ ᠳᠤ ᠰᠠᠭᠠᠯᠢ ᠶᠢᠨ ᠠᠷᠢᠬᠢ ᠪᠤᠶᠤ ᠴᠡᠭᠡ ᠳᠦᠭᠦᠷᠭᠡᠵᠦ ᠳᠡᠭᠡᠭᠰᠢ ᠡᠷᠭᠦᠨ ᠪᠠᠷᠢᠵᠤ ᠪᠠᠶᠢᠨ᠎ᠠ᠃ ᠬᠠᠳᠠᠭ ᠢ ᠬᠦᠯᠢᠶᠠᠨ ᠠᠪᠤᠭᠴᠢ ᠨᠢ ᠪᠠᠰᠠ ᠪᠠᠶ᠎ᠠ ᠮᠡᠭᠦ᠋ᠢᠨ ᠳᠤᠰᠴᠤ ᠠᠪᠤᠭᠠᠳ ᠲᠠᠯᠠᠷᠬᠠᠵᠤ ᠪᠠᠶᠢᠭ᠎ᠠ ᠰᠡᠳᠬᠢᠯ ᠢᠶᠠᠨ ᠢᠯᠡᠳᠬᠡᠳᠡᠭ᠃ ᠬᠠᠳᠠᠭ ᠪᠠᠷᠢᠬᠤ ᠳᠤ ᠬᠠᠳᠠᠭ ᠡᠷᠭᠦᠭᠦ ᠪᠠ ᠬᠠᠷᠢᠯᠴᠠᠨ ᠪᠠᠷᠢᠬᠤ ᠭᠡᠵᠦ ᠬᠤᠶᠠᠷ ᠵᠦᠢᠯ ᠪᠠᠶᠢᠳᠠᠭ ᠶᠤᠮ᠃ ᠤᠳᠤ ᠠᠨᠳᠠ ᠨᠠᠶᠢᠵᠠ ᠨᠠᠷ ᠪᠠ ᠲᠦᠷᠦᠯ ᠰᠠᠳᠤᠨ ᠬᠤᠭᠤᠷᠤᠨᠳᠤ ᠪᠠᠨ ᠠᠭᠤᠯᠵᠠᠬᠤ ᠳᠠᠭᠠᠨ ᠡᠩ ᠤᠨ ᠦᠶ᠎ᠠ ᠳᠤ ᠪᠤᠯ ᠪᠠᠷᠤᠭ ᠬᠠᠳᠠᠭ ᠬᠡᠷᠡᠭᠯᠡᠬᠦ ᠦᠭᠡᠢ ᠬᠠᠷᠢᠨ ᠬᠠᠷᠢᠯᠴᠠᠨ ᠭᠠᠷ ᠪᠠᠷᠢᠬᠤ ᠠᠴᠠ ᠭᠠᠳᠠᠨ᠎ᠠ ᠵᠢᠯ ᠴᠠᠭᠠᠨ ᠰᠠᠷ᠎ᠠ ᠶᠢᠨ ᠰᠢᠨ᠎ᠠ ᠶᠢᠨ ᠵᠤᠯᠭᠠᠯᠲᠠ ᠶᠢᠨ ᠦᠶ ᠎ᠠ ᠳᠤ ᠬᠠᠳᠠᠭ ᠬᠡᠷᠡᠭᠯᠡᠵᠦ ᠪᠠᠶᠢᠨ᠎ᠠ᠃ ᠭᠡᠪᠡᠴᠦ ᠶᠡᠬᠡᠰ ᠳᠤᠮᠤᠭᠠᠲᠠᠨ ᠬᠦᠮᠦᠰ ᠪᠠ ᠵᠠᠰᠠᠭ ᠲᠦᠷᠦ᠂ ᠱᠠᠰᠢᠨ ᠰᠤᠷᠲᠠᠬᠤᠨ ᠤ ᠳᠡᠭᠡᠳᠦ ᠬᠦᠮᠦᠰ ᠲᠠᠢ ᠠᠭᠤᠯᠵᠠᠬᠤ ᠪᠤᠶᠤ ᠤᠭᠳᠤᠬᠤ ᠳᠤ ᠬᠠᠳᠠᠭ ᠡᠷᠭᠦᠨ ᠪᠠᠷᠢᠵᠤ ᠪᠠᠶᠢᠨ᠎ᠠ᠃ ᠦᠵᠦᠮᠦᠴᠢᠨ ᠳᠤ ᠦᠷ᠎ᠠ ᠬᠡᠤᠬᠡᠳ ᠨᠢ ᠪᠡᠷᠢ ᠠᠪᠴᠤ ᠪᠠᠶᠠᠷ ᠪᠤᠯᠪᠠᠯ ᠨᠠᠰᠤᠲᠠᠨ ᠡᠪᠦᠭᠡ ᠪᠤᠶᠤ ᠠᠪᠤ ᠠᠪᠠᠭ᠎ᠠ ᠨᠠᠷ ᠠᠴᠠ ᠨᠢ ᠬᠦᠦ ᠪᠡᠷᠢ ᠶᠢᠨ ᠪᠠᠶᠠᠷ ᠳᠡᠭᠡᠷ᠎ᠠ ᠳᠤᠷᠭᠠᠨ ᠬᠠᠳᠠᠭ ᠲᠠᠢ ᠮᠦᠡᠭᠭᠦᠨ ᠠᠶᠠᠭ᠎ᠠ‌‍ᠳᠤ ᠰᠦ ᠴᠡᠭᠡ ᠠᠬᠤᠭᠤᠯᠤᠨ᠂ ᠬᠦᠦ ᠪᠡᠷᠢ ᠳᠡᠭᠡᠨ ᠦᠭᠴᠦ ᠪᠠᠷᠢᠭᠤᠯᠤᠭᠠᠳ᠂ ᠰᠠᠶᠢᠨ ᠰᠠᠶᠢᠬᠠᠨ ᠶᠠᠪᠤᠬᠤ ᠶᠢ ᠨᠢ ᠢᠷᠦᠭᠡᠨ ᠪᠡᠯᠭᠡᠳᠡᠳᠡᠭ ᠪᠠᠶᠢᠨ᠎ᠠ᠃ ᠦᠵᠦᠮᠦᠴᠢᠨ ᠮᠤᠩᠭᠤᠯᠴᠤᠳ ᠴᠠᠭᠠᠨ ᠦᠡᠭᠭᠡ ᠶᠢ ᠢᠯᠡᠭᠦᠦ ᠡᠷᠬᠢᠮᠯᠡᠵᠦ᠂ ᠲᠡᠭᠦᠨ ᠢ ᠢᠳᠡᠭᠡᠨ ᠤ ᠳᠡᠭᠡᠵᠢ ᠪᠤᠯᠤᠭᠰᠠᠨ ᠰᠦ ᠶᠢᠨ ᠦᠡᠭᠬᠡ ᠲᠠᠢ ᠬᠤᠯᠪᠤᠵᠤ ᠦᠵᠡᠳᠡᠭ ᠪᠠᠶᠢᠨ᠎ᠠ᠃ ᠲᠤᠬᠠᠢᠢᠯᠠᠪᠠᠯ᠂ ᠳᠡᠳᠡ ᠭᠡᠷ ᠲᠤᠨᠢ ᠵᠤᠴᠢᠨ ᠭᠡᠶᠢᠴᠢᠨ ᠢᠷᠡᠪᠡᠯ ᠶᠠᠭᠤᠨ ᠤ ᠡᠮᠦᠨ᠎ᠠ ᠴᠠᠭᠠᠨ ᠢᠳᠡᠭᠡ ᠪᠠᠨ ᠦᠭᠴᠦ ᠠᠮᠰᠠᠭᠤᠯᠵᠤ᠂ ᠤᠪᠤᠭ᠎ᠠ ᠤᠰᠤᠨ ᠤ ᠳᠠᠬᠢᠯᠭ᠎ᠠ ᠪᠠ ᠭᠠᠯ ᠳᠠᠬᠢᠯᠭ᠎ᠠ ᠳᠤ ᠴᠦᠮ ᠴᠠᠭᠠᠨ ᠢᠳᠡᠭᠡ᠂ ᠰᠠᠭᠠᠯᠢ ᠶᠢᠨ ᠠᠷᠢᠬᠢ ᠰᠠᠷᠬᠤᠳ ᠢᠶᠠᠨ ᠪᠡᠯᠭᠡ ᠶᠢᠨ ᠳᠡᠭᠡᠵᠢ ᠪᠤᠯᠭᠠᠵᠤ ᠰᠠᠴᠤᠯᠢ ᠡᠷᠭᠦᠳᠡᠭ ᠵᠠᠩ ᠤᠢᠢᠯᠡ ᠲᠠᠢ ᠶᠤᠮ᠃ ᠪᠢᠯᠢᠭ ᠤᠨ ᠤᠯᠠᠷᠢᠯ ᠤᠨ ᠨᠠᠢᠮᠠᠨ ᠰᠠᠷ᠎ᠠ ᠶᠢ ᠴᠠᠭᠠᠨ ᠰᠠᠷ᠎ᠠ ᠬᠡᠮᠡᠨ ᠪᠡᠯᠭᠡᠯᠡᠨ ᠪᠠᠶᠠᠷ ᠨᠠᠶᠢᠷ ᠬᠢᠳᠡᠭ ᠨᠢ ᠮᠤᠩᠭᠤᠯᠴᠤᠳ ᠤᠨ ᠠᠵᠤ ᠠᠬᠤᠢ ᠶᠢᠨ ᠰᠠᠭᠤᠷᠢ ᠪᠤᠯᠬᠤ ᠮᠠᠯᠵᠢᠬᠤ ᠦᠢᠯᠡᠳᠪᠦᠷᠢᠯᠡᠯ ᠤᠨ ᠠᠮᠵᠢᠯᠲᠠ ᠪᠦᠲᠦᠭᠡᠯ ᠢᠶᠠᠨ ᠪᠡᠯᠭᠡᠯᠡᠬᠦ ᠶᠠᠪᠤᠳᠠᠯ ᠲᠠᠢ ᠰᠢᠭᠤᠳ ᠬᠤᠯᠪᠤᠭ᠎ᠠ ᠲᠠᠢ ᠪᠤᠯᠤᠭᠰᠠᠨ ᠶᠤᠮ᠃ ᠶᠠᠭ ᠡᠶᠢᠮᠦ ᠠᠴᠠ ᠵᠢᠯ ᠤᠨ ᠲᠡᠷᠢᠭᠦᠨ ᠰᠠᠷ ᠎ᠠ ᠶᠢ ᠴᠠᠭᠠᠨ ᠰᠠᠷ᠎ᠠ ᠭᠡᠵᠦ ᠨᠡᠷᠡᠯᠡᠭᠰᠡᠨ ᠨᠢ ᠡᠭᠦᠨ ᠲᠠᠢ ᠰᠢᠭᠤᠳ ᠬᠤᠯᠪᠤᠭᠳᠠᠯ ᠲᠠᠢ ᠶᠤᠮ᠃        ᠹᠦᠯᠦᠩᠭ᠎ᠠ ᠯ᠊ · ᠠᠮᠤᠷᠮᠡᠨᠳᠤ ᠶᠢᠨ ᠨᠠᠶᠢᠷᠠᠭᠤᠯᠤᠠ ᠵᠤᠭᠢᠶᠠᠭᠰᠠᠠ ︽ᠦᠵᠦᠮᠦᠴᠢᠡ ᠤ ᠵᠠᠩ ᠠᠭᠠᠯᠢ︾ ᠠᠴᠠ  ᠪᠠᠭᠤᠯᠭᠠᠪᠠ  
 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠣᠶᠣᠯ ᠭᠠᠷᠠᠭ ᠤᠨ ᠬᠡᠪᠯᠡᠯ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号