ᠨᠤᠮ ᠢ ᠡᠷᠬᠢᠮᠯᠡᠳᠡᠭ ᠲᠡᠭᠡᠳᠦ ᠶᠢᠨ ᠤᠯᠠᠮᠵᠢᠯᠠᠯ ᠲᠠᠢ ᠮᠠᠯᠴᠢᠨ ᠵᠠᠯᠠᠭᠤ ᠶᠢᠨ ᠤᠶᠤᠨ ᠤ ᠪᠠᠭᠤᠴᠠ
ᠨᠡᠶᠢᠲᠡᠯᠡᠭᠰᠡᠨ ᠴᠠᠭ᠄
2020/10/15
  ᠨᠤᠮ ᠢ ᠡᠷᠬᠢᠮᠯᠡᠳᠡᠭ ᠲᠡᠭᠡᠳᠦ ᠶᠢᠨ ᠤᠯᠠᠮᠵᠢᠯᠠᠯ ᠲᠠᠢ ᠮᠠᠯᠴᠢᠨ ᠵᠠᠯᠠᠭᠤ ᠶᠢᠨ ᠤᠶᠤᠨ ᠤ ᠪᠠᠭᠤᠴᠠ                                                ᠮᠤᠩᠭᠤᠯᠴᠤᠳ ᠡᠷᠳ᠋ᠨ ᠲᠡᠭᠡᠳᠦ ᠦᠶ᠎ᠡ ᠠᠴᠠ ᠪᠠᠨ ︽ᠤᠬᠠᠭᠠᠨ ᠤ ᠲᠠᠯᠠᠢ ᠨᠤᠮ ᠠᠴᠠ ᠡᠬᠢ ᠲᠠᠢ︾ ᠬᠡᠮᠡᠨ ᠦᠷ᠎ᠡ ᠬᠡᠤᠬᠡᠳ ᠢᠶᠠᠨ ᠰᠤᠷᠭᠠᠵᠦ᠂ ᠡᠷᠳᠡᠮ ᠤᠬᠠᠭᠠᠨ ᠢ ᠰᠢᠳᠦᠨ ᠪᠢᠰᠢᠷᠡᠵᠦ ᠡᠷᠬᠢᠮᠯᠡᠨ ᠲᠡᠭᠡᠳᠦᠯᠡᠵᠦ ᠢᠷᠡᠭᠰᠡᠨ ᠰᠠᠶᠢᠬᠠᠨ ᠤᠯᠠᠮᠵᠢᠯᠠᠯ ᠲᠠᠢ ᠰᠤᠶᠤᠯᠳᠦ ᠲᠦᠮᠡᠨ ᠶᠤᠮ᠃ ᠨᠡᠶᠢᠭᠡᠮ ᠠᠵᠤ ᠠᠬᠤᠢ ᠶᠢᠨ ᠦᠨᠳᠦᠷ ᠬᠦᠭᠵᠢᠯᠳᠡ ᠪᠠ ᠰᠤᠷᠠᠭ ᠵᠠᠩᠭᠢᠴᠢᠯᠠᠯᠳᠠ ᠶᠢᠨ ᠡᠨᠡ ᠡᠷᠡᠨ ᠳᠤ ᠴᠦ ᠮᠤᠩᠭᠤᠯ ᠵᠠᠯᠠᠭᠤᠴᠤᠳ ᠨᠤᠮ ᠢ ᠲᠡᠭᠡᠳᠦᠯᠡᠳᠡᠭ ᠰᠠᠶᠢᠬᠠᠨ ᠤᠯᠠᠮᠵᠢᠯᠠᠯ ᠢᠶᠠᠨ ᠤᠯᠠᠮᠵᠢᠯᠠᠨ ᠵᠠᠯᠭᠠᠮᠵᠢᠯᠠᠵᠦ᠂ ᠨᠤᠮ ᠪᠢᠴᠢᠭ ᠲᠠᠢ ᠬᠠᠨᠢᠯᠠᠨ ᠴᠠᠭ ᠦᠶ᠎ᠡ ᠲᠠᠢ ᠵᠡᠷᠭᠡᠴᠡᠨ ᠤᠷᠤᠭᠰᠢᠯᠠᠬᠤ ᠪᠠᠷ ᠮᠡᠷᠡᠶᠢᠨ ᠴᠢᠷᠮᠠᠶᠢᠵᠤ ᠶᠠᠪᠤᠭ᠎ᠠ ᠨᠢ ᠪᠠᠭ᠋ᠠᠷᠬᠠᠯᠳᠠᠢ ᠪᠠᠶᠢᠨ᠎ᠠ᠃      ᠬᠤᠰᠢᠭᠤᠨ ᠤ ᠪᠠᠶᠠᠠᠬᠤᠸᠠ ᠪᠠᠯᠭᠠᠰᠤᠨ ᠤ ᠪᠠᠶᠠᠠᠳᠦ᠋ᠭᠦᠷᠡᠭ ᠭᠠᠴᠠᠭᠠᠨ ᠤ ᠮᠠᠯᠴᠢᠨ ᠵᠠᠯᠠᠭᠤ ᠰᠠᠶᠢᠬᠤᠴᠠᠷᠠᠯ ᠪᠤᠯ ᠨᠤᠮ ᠪᠢᠴᠢᠭ ᠲᠤ ᠲᠤᠷ᠎ᠠ ᠪᠠᠬ᠎ᠠ ᠲᠠᠢ ᠨᠢᠭᠡᠨ ᠪᠠᠶᠢᠭ᠎ᠠ ᠶᠤᠮ᠃ ᠲᠡᠷᠡ ᠪᠠᠷ ᠪᠠᠭ᠎ᠠ ᠨᠠᠰᠤᠨ ᠠᠴᠠ ᠪᠠᠨ ᠠᠪᠤ ᠡᠵᠢ ᠶᠢᠨ ᠢᠶᠠᠨ ᠨᠦᠯᠦᠭᠡ ᠪᠠᠷ ᠨᠤᠮ ᠪᠢᠴᠢᠭ ᠤᠩᠰᠢᠵᠦ ᠰᠤᠨᠢᠷᠬᠠᠬᠤ᠂ ᠬᠠᠳᠠᠭᠠᠯᠠᠵᠦ ᠬᠢᠮᠠᠭᠠᠳᠠᠬᠤ ᠰᠠᠶᠢᠬᠠᠨ ᠵᠠᠩᠰᠢᠯ ᠲᠠᠢ ᠪᠤᠯᠤᠨ ᠬᠦᠮᠦᠵᠢᠭᠳᠡᠵᠦ᠂ ᠨᠡᠩ ᠴᠦ ᠤᠶᠢᠷ᠎ᠠ ᠶᠢᠨ ᠵᠢᠯ ᠠᠴᠠ ᠲᠤᠷ᠎ᠠ ᠰᠤᠨᠢᠷᠬᠠᠯ ᠳᠠᠭᠠᠨ ᠬᠦᠳᠦᠯᠦᠭᠳᠡᠨ ᠨᠤᠮ ᠪᠢᠴᠢᠭ ᠢ ᠤᠯᠳᠠᠭᠰᠠᠨ ᠬᠢᠷᠢ ᠪᠠᠷ ᠢᠶᠠᠨ ᠬᠤᠷᠢᠶᠠᠨ ᠴᠤᠭᠯᠠᠭᠤᠯᠵᠤ ᠢᠷᠡᠵᠡᠢ᠃       ᠰᠠᠶᠢᠬᠤᠴᠠᠷᠠᠯ ᠤᠳᠤ ᠬᠦᠳᠡᠭᠡ ᠨᠤᠳᠤᠭ ᠲᠠᠭᠠᠨ ᠮᠠᠯ ᠢᠶᠠᠨ ᠮᠠᠯᠵᠢᠬᠤ ᠶᠢᠨ ᠲᠠᠭᠠᠤ᠂ ᠴᠢᠯᠦᠭᠡ ᠵᠠᠪ ᠢᠶᠠᠷ  ᠢᠶᠠᠨ ᠨᠠᠶᠢᠷ ᠨᠠᠭᠠᠳᠤᠮ ᠳᠤ ᠪᠦᠬᠡ ᠲᠠᠶᠢᠯᠪᠤᠷᠢᠯᠠᠵᠦ ᠬᠢᠬᠦ ᠦᠢᠯᠡᠰ ᠪᠦᠳᠦᠭᠡᠬᠦ ᠮᠦᠷᠦᠭᠡᠳᠦᠯ ᠲᠠᠢ ᠶᠠᠪᠤᠨ᠎ᠠ᠃ ᠪᠦᠬᠡ  ᠶᠢᠨ ᠨᠤᠳᠤᠭ ᠲᠤ ᠦᠰᠴᠦ ᠪᠦᠭᠡ ᠳᠤ ᠰᠤᠨᠢᠷᠬᠠᠯ ᠲᠠᠢ ᠲᠡᠷᠡ ᠪᠠᠷ ᠮᠠᠯᠵᠢᠬᠤ ᠦᠢᠯᠡᠳᠪᠦᠷᠢᠯᠡᠯ ᠤᠨ ᠴᠢᠯᠦᠭᠡ ᠪᠠᠷ ᠪᠦᠬᠡ ᠶᠢᠨ ᠪᠠᠷᠢᠯᠳᠤᠭᠠᠨ ᠢ ᠠᠯᠳᠠᠯ ᠦᠭᠡᠢ ᠦᠵᠡᠵᠦ ᠪᠠᠶᠢᠭᠰᠠᠨ ᠢᠶᠠᠨ ᠨᠢᠭᠡ ᠯᠡ ᠮᠡᠳᠡᠬᠦ ᠳᠤ ᠪᠦᠬᠡ ᠲᠠᠶᠢᠯᠪᠤᠷᠢᠯᠠᠵᠦ ᠡᠬᠢᠯᠡᠪᠡ᠃ ᠡᠶᠢᠨᠬᠦ ᠪᠦᠬᠡ ᠶᠢᠨ ᠲᠤᠬᠠᠢ ᠨᠤᠮ ᠪᠠ ᠤᠷᠤᠨ ᠨᠤᠳᠤᠭ ᠤᠨ ᠤᠶᠢᠯᠠᠯᠭ᠎ᠠ ᠮᠡᠳᠦ ᠶᠢᠨ ᠨᠤᠮ ᠵᠤᠬᠢᠶᠠᠯ ᠢ ᠰᠢᠮᠳᠠᠨ ᠤᠩᠰᠢᠳᠠᠭ ᠪᠠᠶᠢᠭᠰᠠᠨ ᠢᠶᠠᠨ ᠤᠳᠤ ᠲᠤᠷ᠎ᠠ ᠰᠤᠨᠢᠷᠬᠠᠯ ᠨᠢ ᠴᠦ ᠦᠷᠭᠡᠵᠢᠵᠦ ᠤᠯᠠᠨ ᠲᠠᠯ᠎ᠠ ᠶᠢᠨ ᠨᠤᠮ ᠢ ᠤᠩᠰᠢᠳᠠᠭ ᠪᠤᠯᠵᠠᠢ᠃     ᠤᠳᠤ ᠲᠡᠭᠦᠨ ᠤ ᠨᠤᠮ ᠤᠨ ᠦᠷᠦᠭᠡᠨ ᠳᠤ ᠤᠯᠠᠨ ᠲᠦᠷᠦᠯ ᠬᠡᠯᠪᠡᠷᠢ ᠶᠢᠨ ᠴᠤᠪᠤᠷᠠᠯ ᠨᠤᠮ ᠤᠳ ᠪᠤᠳᠢ ᠬᠡᠪᠯᠡᠯ ᠢᠶᠠᠷ ᠢᠶᠠᠨ ᠪᠠᠶᠢᠬᠤ ᠠᠴᠠ ᠭᠠᠳᠠᠨ᠎ᠠ᠂ ᠤᠷᠠᠨ ᠵᠤᠬᠢᠶᠠᠯ᠂ ᠲᠡᠤᠬᠡ ᠴᠠᠳᠢᠭ᠂ ᠠᠷᠠᠳ ᠤᠨ ᠠᠮᠠᠨ ᠵᠤᠬᠢᠶᠠᠯ  ᠤᠨ ᠡᠮᠬᠢᠳᠬᠡᠯ᠂ ᠲᠤᠯᠢ ᠪᠢᠴᠢᠭ᠂ ᠡᠯᠳᠡᠪ ᠬᠡᠷᠡᠭᠯᠡᠭᠡᠨ ᠤ ᠨᠤᠮ᠂ ᠲᠠᠨᠢᠨ ᠮᠡᠳᠡᠬᠦᠢ ᠶᠢᠨ ᠨᠤᠮ᠂ ᠤᠷᠴᠢᠭᠤᠯᠭ᠎ᠠ ᠶᠢᠨ ᠨᠤᠮ ᠵᠤᠬᠢᠶᠠᠯ ᠢ ᠪᠠᠭᠳᠠᠭᠠᠭᠰᠠᠨ ᠨᠡᠶᠢᠳᠡ 2500 ᠭᠠᠷᠤᠢ ᠲᠦᠷᠦᠯ ᠤᠨ 4000 ᠲᠡᠪᠳᠡᠷ ᠮᠤᠩᠭᠤᠯ ᠨᠤᠮ ᠪᠢᠴᠢᠭ ᠢ ᠬᠤᠷᠢᠶᠠᠨ ᠬᠠᠳᠠᠭᠠᠯᠠᠵᠦ᠂ ᠬᠦᠮᠦᠨ ᠤᠯᠠᠨ ᠳᠠᠭᠠᠨ ᠬᠦᠷᠳᠡᠭᠡᠯ ᠪᠤᠯᠭᠠᠬᠤ ᠰᠠᠶᠢᠬᠠᠨ ᠮᠦᠷᠦᠭᠡᠳᠦᠯ ᠲᠠᠢ ᠶᠠᠪᠤᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号