ᠨᠤᠮ ᠰᠤᠳᠤᠷ | ᠦᠵᠦᠮᠦᠴᠢᠨ ᠳᠤ ᠵᠤᠬᠢᠶᠠᠭᠳᠠᠭᠰᠠᠨ ᠨᠤᠮ ᠰᠤᠳᠤᠷ ᠤᠳᠤᠬᠠᠨ ᠳᠠᠭᠠᠨ ᠮᠠᠨ ᠳᠤ ᠲᠤᠩ ᠴᠦᠭᠡᠨ | ᠤᠯᠳᠠᠭᠰᠠᠨ ᠨᠢ ᠲᠤᠶᠢᠯ ᠤᠨ ᠬᠠᠷᠠᠮᠰᠠᠯᠳᠠᠢ᠃ ᠤᠳᠤ ᠨᠢᠭᠡᠨᠳᠠ ᠮᠠᠨ ᠤ ᠮᠠᠳᠡᠭᠦ ᠦᠵᠦᠮᠦᠴᠢᠨ ᠳᠤ ᠵᠤᠬᠢᠶᠠᠭᠳᠠᠭᠰᠠᠨ | ᠨᠤᠮ ᠰᠤᠳᠤᠷ ᠪᠤᠯ᠄ | 1. ︽ᠭᠠᠩᠭ᠎ᠠ ᠶᠢᠨ ᠤᠷᠤᠰᠬᠠᠯ︾ | ︽ᠭᠠᠩᠭ᠎ᠠ ᠶᠢᠨ ᠤᠷᠤᠰᠬᠠᠯ︾ ᠪᠤᠯ ᠦᠵᠦᠮᠦᠴᠢᠨ ᠤ ᠭᠤᠮᠪᠤᠵᠠᠪ ᠭᠦᠩ ᠤᠨ 1725 ᠤᠨ ᠳᠤ ᠡᠭᠡ | ᠭᠡᠯᠡ ᠪᠠᠷ ᠢᠶᠠᠨ ᠵᠤᠬᠢᠶᠠᠭᠰᠠᠨ ᠮᠤᠩᠭᠤᠯ ᠲᠡᠤᠭᠡ ᠶᠢᠨ ᠠᠯᠳᠠᠷᠳᠤ ᠲᠡᠤᠭᠡᠨ ᠪᠢᠴᠢᠭ ᠪᠤᠯᠬᠤ ᠶᠤᠮ᠃ | ︽ᠭᠠᠩᠭ᠎ᠠ ᠶᠢᠨ ᠤᠷᠤᠰᠬᠠᠯ︾ ᠢ 1980 ᠤᠨ ᠳᠤ ᠡᠷᠳᠡᠮᠳᠠᠨ ᠴᠤᠶᠢᠵᠢ ᠲᠤᠯᠭᠠᠨ ᠬᠠᠷᠭᠤᠭᠤᠯᠵᠤ | ᠭᠡᠪᠯᠡᠯ ᠳᠤ ᠪᠡᠯᠡᠳᠭᠡᠨ᠂ ︽ᠦᠪᠤᠷ ᠮᠤᠩᠭᠤᠯ ᠤᠨ ᠠᠷᠠᠳ ᠤᠨ ᠭᠡᠪᠯᠡᠯ ᠤᠨ ᠬᠤᠷᠢᠶ᠎ᠠ︾ ᠭᠡᠪᠯᠡᠭᠦᠯᠪᠡ᠃ ᠡᠭᠦᠨ | ᠠᠴᠠ ᠤᠷᠢᠳ ᠤᠭ ᠤᠨ ᠵᠦᠪᠯᠡᠯᠳᠤ ᠬᠤᠯᠪᠤᠭᠠᠳᠤ ᠤᠯᠤᠰ᠂ ᠮᠤᠩᠭᠤᠯ ᠤᠯᠤᠰ ᠲᠤ ᠪᠦᠷ ᠭᠡᠪᠯᠡᠭᠳᠡᠵᠤ | ᠦᠩᠭᠡᠷᠡᠭᠰᠡᠨ ᠪᠠᠶᠢᠨ᠎ᠠ᠃ | 2. ︽ᠮᠡᠷᠭᠡᠳ ᠭᠠᠷᠬᠤ ᠶᠢᠨ ᠤᠷᠤᠨ︾ | ︽ᠮᠡᠷᠭᠡᠳ ᠭᠠᠷᠬᠤ ᠶᠢᠨ ᠤᠷᠤᠨ︾ ᠪᠤᠯ ᠦᠵᠦᠮᠦᠴᠢᠨ ᠤ ᠭᠤᠮᠪᠤᠵᠠᠪ ᠭᠦᠩ ᠤᠨ 1740 ᠤᠨ ᠠᠴᠠ | 1742 ᠤᠨ ᠤ ᠬᠤᠭᠤᠷᠤᠨᠳᠤ ᠡᠷᠬᠢᠯᠡᠨ ᠵᠤᠬᠢᠶᠠᠭᠰᠠᠨ ᠲᠦᠪᠡᠳ ᠮᠤᠩᠭᠤᠯ ᠨᠡᠷ᠎ᠡ ᠶᠢᠨ ᠦᠭᠡ ᠶᠢᠨ ᠤᠷᠴᠢᠭᠤᠯᠭ᠎ᠠ | ᠶᠢᠨ ᠲᠤᠯᠢ ᠪᠤᠯᠤᠨ᠎ᠠ᠃ ᠡᠭᠦᠨ ᠢ ᠲᠡᠤᠭᠡᠨ ᠲᠡᠭᠡᠷ᠎ᠡ ︽ᠭᠤᠮᠪᠤᠵᠠᠪ ᠤᠨ ᠲᠤᠯᠢ︾ ᠭᠡᠳᠡᠭ᠃ | ︵ᠭᠠᠩᠭ᠎ᠠ ᠶᠢᠨ ᠤᠷᠤᠰᠬᠠᠯ︾ ᠤᠨ ᠤᠷᠤᠰᠢᠯ᠂ 9 ᠳ᠋ᠤᠭᠡᠷ ᠨᠢᠭᠤᠷ ᠲᠤ︶ | 3. ︽ᠲᠦᠪᠡᠳ ᠤᠨ ᠭᠡᠯᠡ ᠶᠢ ᠬᠢᠯᠪᠠᠷ ᠢᠶᠠᠷ ᠰᠤᠷᠬᠤ ᠨᠡᠷᠡᠳᠤ ᠪᠢᠴᠢᠭ︾ | ︽ᠲᠦᠪᠡᠳ ᠤᠨ ᠭᠡᠯᠡ ᠶᠢ ᠬᠢᠯᠪᠠᠷ ᠢᠶᠠᠷ ᠰᠤᠷᠬᠤ ᠨᠡᠷᠡᠳᠤ ᠪᠢᠴᠢᠭ︾ ᠢ ᠦᠵᠦᠮᠦᠴᠢᠨ ᠤ ᠭᠤᠮᠪᠤᠵᠠᠪ | ᠭᠦᠩ ᠮᠦᠨ 18 ᠳ᠋ᠤᠭᠠᠷ ᠵᠠᠭᠤᠨ ᠤ ᠲᠦᠴᠢᠭᠡᠳ ᠤᠨ ᠳᠤ ᠵᠤᠬᠢᠶᠠᠵᠠᠢ᠃ | ᠡᠨᠡ ᠲᠤᠯᠢ ᠶᠢ ᠭᠤᠮᠪᠤᠵᠠᠪ ᠠᠴᠠ ᠬᠤᠶᠢᠰᠢᠭᠢ ᠲᠤᠯᠢᠴᠢ ᠨᠠᠷ ᠮᠤᠩᠭᠤᠯ ᠲᠦᠪᠡᠳ ᠲᠤᠯᠢ ᠳᠤ | ᠠᠰᠢᠭᠯᠠᠭᠰᠠᠭᠠᠷ ᠢᠷᠡᠵᠠᠢ᠃ ᠵᠢᠱᠢᠶᠠᠯᠠᠪᠠᠯ ᠤᠷᠤᠰ ᠤᠨ ᠱᠮᠢᠳ᠋ᠲ ᠠᠪᠤᠭᠠᠢ᠂ ᠮᠤᠩᠭᠤᠯ᠂ ᠺᠠᠨᠠᠳᠠ ᠨᠠᠷ ᠁᠃ | ︵ᠭᠠᠩᠭ᠎ᠠ ᠶᠢᠨ ᠤᠷᠤᠰᠬᠠᠯ︾᠂ 9 ᠳ᠋ᠤᠭᠡᠷ ᠨᠢᠭᠤᠷ ᠲᠤ︶ | 4. ︽ᠲᠤᠮᠳᠠᠳᠤ ᠤᠯᠤᠰ ᠲᠤ ᠪᠤᠷᠬᠠᠨ ᠱᠠᠰᠢᠨ ᠲᠡᠯᠭᠡᠷᠡᠭᠰᠡᠨ ᠲᠡᠤᠭᠡ︾ | ︽ᠲᠤᠮᠳᠠᠳᠤ ᠤᠯᠤᠰ ᠲᠤ ᠪᠤᠷᠬᠠᠨ ᠱᠠᠰᠢᠨ ᠲᠡᠯᠭᠡᠷᠡᠭᠰᠡᠨ ᠲᠡᠤᠭᠡ︾ ᠶᠢ ᠪᠠᠰᠠ ᠦᠵᠦᠮᠦᠴᠢᠨ ᠤ | ᠭᠤᠮᠪᠤᠵᠠᠪ ᠭᠦᠩ ᠵᠤᠬᠢᠶᠠᠵᠠᠢ᠃ ᠡᠭᠦᠨ ᠢ ︽ᠭᠠᠩᠭ᠎ᠠ ᠶᠢᠨ ᠤᠷᠤᠰᠬᠠᠯ︾ ᠤᠨ ᠤᠷᠤᠰᠢᠯ ᠳᠤ ᠲᠡᠮᠳᠡᠭᠯᠡᠭᠰᠡᠨ | ᠪᠠᠶᠢᠳᠠᠭ᠃ ︵︽ᠭᠠᠩᠭ᠎ᠠ ᠶᠢᠨ ᠤᠷᠤᠰᠬᠠᠯ︾᠂ 11 ᠳ᠋ᠤᠭᠡᠷ ᠨᠢᠭᠤᠷ ᠲᠤ︶ | 5. ︽ᠡᠯᠳᠡᠪ ᠴᠢᠬᠤᠯᠠ ᠭᠡᠷᠡᠭᠳᠤ ᠠᠩᠬᠠᠨ ᠤ ᠲᠡᠪᠳᠡᠷ︾ | ︽ᠡᠯᠳᠡᠪ ᠴᠢᠬᠤᠯᠠ ᠭᠡᠷᠡᠭᠳᠤ ᠠᠩᠬᠠᠨ ᠤ ᠲᠡᠪᠳᠡᠷ︾ ᠭᠡᠳᠡᠭ ᠡᠮᠨᠡᠯᠭᠡ ᠶᠢᠨ ᠤᠬᠠᠭᠠᠨ ᠤ ᠨᠤᠮ ᠢ ᠪᠠᠰᠠ | ᠦᠵᠦᠮᠦᠴᠢᠨ ᠤ ᠭᠤᠮᠪᠤᠵᠠᠪ ᠭᠦᠩ ᠵᠤᠬᠢᠶᠠᠵᠠᠢ᠃ | ᠲᠤᠰ ᠨᠤᠮ ᠢ ︽ᠪᠦᠭᠦᠳᠠ ᠨᠠᠶᠢᠷᠠᠮᠳᠠᠬᠤ ᠮᠤᠩᠭᠤᠯ ᠠᠷᠠᠳ ᠤᠯᠤᠰ ᠤᠨ ᠲᠡᠤᠭᠡ 2 ︵ᠲᠡᠭᠡᠳᠦ︶︾ ᠳᠤ᠄ ︽ | ᠦᠵᠦᠮᠦᠴᠢᠨ ᠤ ᠭᠦᠩ ᠭᠤᠮᠪᠤᠵᠠᠪ ᠤᠨ ︿ᠡᠯᠳᠡᠪ ᠴᠢᠬᠤᠯᠠ ᠭᠡᠷᠡᠭᠳᠦ ᠠᠩᠬᠠᠨ ᠤ ᠲᠡᠪᠳᠡᠷ﹀ ᠬᠤᠶᠠᠷ ᠭᠡᠰᠡᠭ ᠲᠠᠢ᠂ | ᠲᠦᠷᠦᠯ ᠪᠦᠷᠢ ᠶᠢᠨ ᠡᠮ᠂ ᠶᠠᠩᠵᠤ ᠪᠦᠷᠢ ᠶᠢᠨ ᠡᠪᠡᠳᠴᠢᠨ ᠤ ᠨᠡᠷ᠎ᠡ ᠶᠢ ᠲᠦᠪᠡᠳ ᠬᠢᠳᠠᠳ ᠢᠶᠠᠷ ᠬᠠᠳᠠᠵᠤ | ᠪᠢᠴᠢᠵᠠᠢ︾ ᠭᠡᠵᠤ ᠲᠡᠮᠳᠡᠭᠯᠡᠵᠠᠢ᠃ ︵ᠲᠡᠭᠡᠷᠡᠭᠢ ᠨᠤᠮ ᠤᠨ 1438 ᠳ᠋ᠤᠭᠠᠷ ᠨᠢᠭᠤᠷ ᠲᠤ︶ | 6. ︽ᠵᠢᠷᠤᠭᠡᠨ ᠲᠤᠯᠳᠤ ᠶᠢᠨ ᠲᠠᠶᠢᠯᠪᠤᠷᠢ ᠦᠰᠦᠭ ᠤᠨ ᠠᠳᠡᠭᠦᠷᠡᠯ ᠤᠨ ᠬᠠᠷᠠᠩᠭᠤᠢ ᠶᠢ ᠠᠷᠢᠯᠭᠠᠭᠴᠢ | ᠤᠭᠳᠠᠷᠭᠤᠢ ᠶᠢᠨ ᠮᠠᠨᠢ︾ | ︽ᠵᠢᠷᠤᠭᠡᠨ ᠲᠤᠯᠳᠤ ᠶᠢᠨ ᠲᠠᠶᠢᠯᠪᠤᠷᠢ ᠦᠰᠦᠭ ᠤᠨ ᠠᠳᠡᠭᠦᠷᠡᠯ ᠤᠨ ᠬᠠᠷᠠᠩᠭᠤᠢ ᠶᠢ ᠠᠷᠢᠯᠭᠠᠭᠴᠢ | ᠤᠭᠳᠠᠷᠭᠤᠢ ᠶᠢᠨ ᠮᠠᠨᠢ︾ ᠶᠢ ᠦᠵᠦᠮᠦᠴᠢᠨ ᠤ ᠮᠤᠯᠤᠮ ᠵᠠᠪᠵᠢᠮᠪᠠ ᠲᠠᠨᠵᠢᠨᠳᠠᠬᠪᠠ ᠵᠤᠬᠢᠶᠠᠵᠠᠢ᠃ | ᠲᠤᠰ ᠨᠤᠮ ᠢ ︽ᠪᠦᠭᠦᠳᠠ ᠨᠠᠶᠢᠷᠠᠮᠳᠠᠬᠤ ᠮᠤᠩᠭᠤᠯ ᠠᠷᠠᠳ ᠤᠯᠤᠰ ᠤᠨ ᠲᠡᠤᠭᠡ 2 ︵ᠲᠡᠭᠡᠳᠦ︶︾ ᠳᠤ | ᠄ ᠭᠡᠯᠡᠨ ᠵᠦᠢ᠂ ᠤᠷᠠᠨ ᠵᠤᠬᠢᠶᠠᠯ ᠤᠨ ᠤᠨᠤᠯ ᠤᠨ ᠲᠠᠯ᠎ᠠ ᠪᠠᠷ᠂ ᠨᠠᠯᠢᠶᠠᠳ ᠨᠤᠮ᠂ ᠮᠤᠩᠭᠤᠯ ᠮᠦᠨ ᠲᠦᠪᠡᠳ ᠭᠡᠯᠡ | ᠪᠠᠷ ᠭᠠᠷᠴᠠᠢ᠃ ᠡᠭᠦᠨ ᠳᠤ ᠶᠠᠭᠤᠨ ᠤ ᠡᠮᠦᠨ᠎ᠠ ᠦᠵᠦᠮᠦᠴᠢᠨ ᠤ ᠮᠤᠯᠤᠮ ᠵᠠᠪᠵᠢᠮᠪᠠ ᠲᠠᠭᠵᠢᠨᠳᠠᠭᠪᠠ ᠶᠢᠨ | ᠪᠢᠴᠢᠭᠰᠡᠨ ︵18 ᠳ᠋ᠤᠭᠠᠷ ᠵᠠᠭᠤᠨ ᠤ ᠲᠡᠷᠢᠭᠦᠨ ᠬᠠᠭᠠᠰ︾ ︵ᠵᠢᠷᠤᠭᠡᠨ ᠲᠤᠯᠳᠤ ᠶᠢᠨ ᠲᠠᠶᠢᠯᠪᠤᠷᠢ ᠦᠰᠦᠭ ᠤᠨ | ᠠᠳᠡᠭᠦᠷᠡᠯ ᠤᠨ ᠬᠠᠷᠠᠩᠭᠤᠢ ᠶᠢ ᠠᠷᠢᠯᠭᠠᠭᠴᠢ ᠤᠭᠳᠠᠷᠭᠤᠢ ᠶᠢᠨ ᠮᠠᠨᠢ﹀ ᠶᠢ ᠲᠤᠷᠠᠳᠬᠤ ᠶᠤᠰᠤᠳᠠᠢ︾ ᠭᠡᠰᠡᠨ | ᠦᠨᠡᠯᠡᠯᠳᠠ ᠬᠢᠭᠰᠡᠨ ᠤ ᠬᠠᠮᠳᠤ᠂ ︽ᠡᠨᠡ ᠵᠤᠬᠢᠶᠠᠯ ᠢ ᠭᠠᠳᠠᠭᠠᠳᠤ ᠲᠤᠳᠤᠭᠠᠳᠤ ᠶᠢᠨ ᠤᠯᠠᠨ ᠡᠷᠳᠡᠮᠳᠠᠨ ᠰᠤᠳᠤᠯᠵᠠᠢ | ︾ ᠭᠡᠵᠤ ᠲᠠᠨᠢᠯᠴᠠᠭᠤᠯᠤᠨ ᠲᠡᠮᠳᠡᠭᠯᠡᠵᠠᠢ᠃ ︵ᠲᠡᠭᠡᠷᠡᠭᠢ ᠨᠤᠮ ᠤᠨ 1438 ᠳ᠋ᠤᠭᠠᠷ ᠨᠢᠭᠤᠷ ᠲᠤ︶ | 7. ︽ᠴᠠᠭᠠᠨ ᠰᠤᠪᠤᠳ ᠡᠷᠢᠭᠡ︾ | ︽ ᠴᠠᠭᠠᠨ ᠰᠤᠪᠤᠳ ᠡᠷᠢᠭᠡ︾ ᠶᠢ ᠦᠵᠦᠮᠦᠴᠢᠨ ᠪᠠᠷᠠᠭᠤᠨ ᠬᠤᠰᠢᠭᠤᠨ ᠤ ᠬᠤᠭᠤᠯᠠᠳᠤ ᠭᠡᠭᠡᠨ ᠰᠦᠮ᠎ᠠ | ᠶᠢᠨ ᠵᠢᠮᠪᠠ ᠷᠠᠪᠵᠢᠮᠪᠠ ᠲᠦᠪᠡᠳ ᠭᠡᠯᠡᠨ᠎ᠠ ᠵᠤᠬᠢᠶᠠᠵᠠᠢ᠃ ᠵᠤᠬᠢᠶᠠᠭᠳᠠᠭᠰᠠᠨ ᠴᠠᠭ ᠬᠤᠭᠤᠴᠠᠭ᠎ᠠ ᠨᠢ ᠪᠠᠷᠤᠭ 1936 | ᠤᠨ ᠪᠤᠯᠤᠨ᠎ᠠ᠃ | ᠲᠤᠰ ᠵᠤᠬᠢᠶᠠᠯ ᠪᠤᠯ ᠦᠵᠦᠮᠦᠴᠢᠨ ᠪᠠᠷᠠᠭᠤᠨ ᠭᠠᠷ ᠤᠨ ᠬᠤᠰᠢᠭᠤᠨ ᠤ 12 ᠳ᠋ᠤᠭᠠᠷ ᠤᠳᠠᠭ᠎ᠠ ᠶᠢᠨ | ᠬᠤᠱᠤᠢ ᠰᠡᠴᠠᠨ ᠴᠢᠨ ᠸᠠᠩ ᠰᠤᠳᠨᠠᠮᠷᠠᠪᠳᠠᠨ ᠤ ᠲᠡᠤᠭᠡ ᠶᠢ ᠱᠠᠰᠢᠨ ᠤ ᠦᠭᠯᠢᠭᠡ ᠶᠢᠨ ᠡᠵᠡᠨ ᠤ ᠵᠤᠭᠰᠤᠯᠳᠠ | ᠲᠡᠭᠡᠷ᠎ᠡ ᠲᠠᠯᠪᠢᠵᠤ᠂ ᠲᠡᠭᠦᠨ ᠤ ᠨᠢᠭᠡ ᠨᠠᠰᠤᠨ ᠤ ᠤᠶᠢᠯᠠ ᠭᠡᠷᠡᠭ ᠢ ᠤᠨ ᠲᠠᠷᠠᠭᠠᠯᠠᠨ ᠲᠤᠭᠠᠴᠢᠨ ᠲᠡᠮᠳᠡᠭᠯᠡᠭᠰᠡᠨ | ᠦᠵᠦᠮᠦᠴᠢᠨ ᠲᠡᠤᠭᠡ ᠶᠢᠨ ᠵᠤᠬᠢᠶᠠᠯ ᠪᠤᠯᠤᠨ᠎ᠠ᠃ ᠲᠡᠭᠦᠨ ᠤ ᠪᠦᠭᠦᠶᠢᠯᠡ ᠨᠡᠷᠡᠶᠢᠳᠤᠯ ᠨᠢ ︽ᠱᠠᠰᠢᠨ ᠤ ᠦᠭᠯᠢᠭᠡ | ᠶᠢᠨ ᠡᠵᠡᠨ ᠴᠢᠨ ᠸᠠᠩ ᠰᠤᠳᠨᠠᠮᠷᠠᠪᠳᠠᠨ ᠤ ᠨᠠᠮᠳᠠᠷ ᠴᠠᠭᠠᠨ ᠰᠤᠪᠤᠳ ᠤᠷᠤᠰᠢᠪᠠᠢ︾ ᠭᠡᠳᠡᠭ᠃ | ᠲᠤᠰ ᠵᠤᠬᠢᠶᠠᠯ ᠮᠤᠩᠭᠤᠯ ᠤᠯᠤᠰ ᠲᠤ ᠤᠷᠳᠤ ᠬᠤᠭᠤᠴᠠᠭ᠎ᠠ ᠬᠠᠳᠠᠭᠠᠯᠠᠭᠳᠠᠵᠤ᠂ ᠮᠤᠩᠭᠤᠯ ᠤᠯᠤᠰ ᠤᠨ | ᠭᠠᠩᠳᠤᠩᠳᠧᠴᠢᠯᠢᠩ ᠭᠡᠶᠢᠳ ᠤᠨ ᠱᠠᠪᠢ ᠲᠠᠸᠠᠰᠠᠮᠪᠤᠤ ᠭᠤᠸᠠᠢ ᠲᠡᠭᠦᠨ ᠤ ᠨᠤᠮ ᠤᠨ ᠨᠠᠶᠢᠵᠢ — ᠵᠤᠬᠢᠶᠠᠯᠴᠢ᠂ | ᠵᠡᠭᠦᠨ ᠦᠵᠦᠮᠦᠴᠢᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠫ᠊ ᠲᠤᠭᠠᠷ ᠨᠦᠭᠦᠷ ᠲᠤ ᠪᠡᠯᠡᠭᠯᠡᠭᠰᠡᠨ | ᠠᠴᠠ ᠫ᠊ ᠲᠤᠭᠠᠷ ᠨᠦᠭᠦᠷ ᠮᠤᠩᠭᠤᠯ ᠭᠡᠯᠡ ᠲᠡᠭᠡᠷ᠎ᠡ ᠤᠷᠴᠢᠭᠤᠯᠵᠤ᠂ ᠪᠤ᠂ ᠭᠡᠷᠡᠯ ᠨᠦᠭᠦᠷ ᠤᠨ ᠡᠷᠬᠢᠯᠡᠭᠡ ᠪᠠᠷ ︽ | ᠪᠠᠷᠠᠭᠤᠨ ᠦᠵᠦᠮᠦᠴᠢᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠰᠤᠶᠤᠯ ᠲᠡᠤᠭᠡ ᠶᠢᠨ ᠺᠤᠮᠢᠰ︾ | ᠵᠢᠵᠢᠭ ᠲᠤᠪᠬᠢᠮᠠᠯ ᠪᠤᠯᠭᠠᠨ ᠲᠤᠳᠤᠭᠠᠳᠤ ᠳᠠᠭᠠᠨ ᠭᠡᠪᠯᠡᠨ ᠲᠠᠷᠬᠠᠭᠠᠭᠰᠠᠨ ᠠᠴᠠ ᠲᠡᠷᠡ᠂ ᠦᠨᠦᠳᠦᠷ ᠮᠠᠨ ᠤ | ᠬᠠᠷᠠᠭᠠᠨ ᠳᠤ ᠲᠤᠯᠢᠯᠠᠭᠳᠠᠪᠠ᠃ | ︽ᠴᠠᠭᠠᠨ ᠰᠤᠪᠤᠳ ᠡᠷᠢᠭᠡ︾ ᠳᠤ ᠵᠤᠬᠢᠶᠠᠭᠴᠢ ᠵᠢᠮᠪᠠ ᠷᠠᠪᠵᠢᠮᠪᠠ᠂ ᠲᠤᠬᠠᠢ ᠶᠢᠨ ᠦᠶ᠎ᠡ ᠶᠢᠨ ᠲᠡᠤᠭᠡ | ᠶᠢ ᠪᠢᠴᠢᠭᠯᠡᠭᠦ ᠳᠡᠭᠡᠨ ᠭᠦᠮᠦᠨ᠂ ᠭᠠᠵᠠᠷ ᠤᠷᠤᠨ᠂ ᠴᠠᠭ ᠬᠤᠭᠤᠴᠠᠭ᠎ᠠ᠂ ᠭᠡᠷᠡᠭ ᠶᠠᠪᠤᠳᠠᠯ᠂ ᠦᠷ᠎ᠠ ᠳ᠋ᠦᠩ᠂ | ᠭᠡᠷᠡᠴᠢ ᠮᠠᠲ᠋ᠧᠷᠢᠶᠠᠯ ᠢ ᠦᠴᠦᠭᠡᠨ ᠴᠦ ᠭᠡᠭᠡᠭᠳᠡᠯ ᠦᠭᠡᠢ ᠰᠤᠳᠤᠷᠯᠠᠭᠰᠠᠨ ᠨᠢ ᠲᠤᠶᠢᠯ ᠤᠨ ᠪᠢᠰᠢᠷᠠᠯᠳᠠᠢ᠃ ᠡᠶᠢᠮᠤ | ᠠᠴᠠ ᠲᠤᠰ ᠵᠤᠬᠢᠶᠠᠯ ᠲᠡᠤᠭᠡ ᠶᠢᠨ ᠪᠠ ᠰᠢᠨᠵᠢᠯᠡᠭᠦ ᠤᠬᠠᠭᠠᠨ ᠤ ᠰᠤᠳᠤᠯᠭᠠᠨ ᠤ ᠠᠴᠢ ᠬᠤᠯᠪᠤᠭᠳᠠᠯ ᠢ ᠲᠤᠤᠷᠠᠬᠢ | ᠮᠡᠳᠤ ᠭᠡᠳᠦᠨ ᠲᠠᠯ᠎ᠠ ᠪᠠᠷ ᠲᠤᠪᠴᠢᠯᠠᠵᠤ ᠪᠤᠯᠤᠨ᠎ᠠ᠃ | ᠨᠢᠭᠡ᠂ ︽ᠴᠠᠭᠠᠨ ᠰᠤᠪᠤᠳ ᠡᠷᠢᠭᠡ︾ ᠤᠳᠤ ᠪᠤᠯᠳᠠᠯ᠎ᠠ ᠮᠠᠨ ᠳᠤ ᠤᠯᠳᠠᠭᠰᠠᠨ ᠦᠵᠦᠮᠦᠴᠢᠨ ᠲᠡᠤᠭᠡᠨ | ᠵᠤᠬᠢᠶᠠᠯ ᠤᠨ ᠲᠤᠳᠤᠷ᠎ᠠ ᠦᠵᠦᠮᠦᠴᠢᠨ ᠪᠠᠷᠠᠭᠤᠨ ᠭᠠᠷ ᠬᠤᠰᠢᠭᠤᠨ ᠤ 12 ᠳ᠋ᠤᠭᠠᠷ ᠦᠶ᠎ᠡ ᠶᠢᠨ ᠵᠠᠰᠠᠭ ᠸᠠᠩ ᠠᠴᠠ | ᠭᠠᠭᠴᠠ ᠴᠢᠨ ᠸᠠᠩ ᠰᠤᠳᠨᠠᠮᠷᠠᠪᠳᠤᠨ ᠤ ᠨᠠᠮᠳᠠᠷ ᠯᠡ ᠲᠤᠰ ᠵᠤᠬᠢᠶᠠᠯ ᠢᠶᠠᠷ ᠲᠠᠮᠵᠢᠵᠤ᠂ ᠪᠦᠷᠢᠨ ᠪᠦᠳᠦᠨ ᠮᠠᠨ ᠳᠤ | ᠲᠤᠰᠢᠶᠠᠭᠳᠠᠵᠠᠢ᠃ ᠲᠡᠷᠡ ᠨᠢ ᠠᠷᠪᠠ ᠶᠢᠰᠦᠳᠦᠭᠡᠷ ᠵᠠᠭᠤᠨ ᠤ ᠰᠡᠭᠦᠯᠴᠢ᠂ ᠬᠤᠷᠢᠳᠤᠭᠠᠷ ᠵᠠᠭᠤᠨ ᠤ ᠲᠡᠭᠡᠷ᠎ᠡ | ᠬᠠᠭᠠᠰ ᠲᠤ ᠠᠮᠢᠳᠤᠷᠠᠵᠤ ᠪᠠᠶᠢᠭᠰᠠᠨ ᠲᠤᠬᠠᠢ ᠶᠢᠨ ᠦᠶ᠎ᠡ ᠶᠢᠨ ᠲᠦᠷᠦ ᠵᠠᠰᠠᠭ ᠲᠤ ᠴᠢᠬᠤᠯᠠ ᠲᠤᠰᠢᠶᠠᠯ | ᠭᠦᠢᠴᠡᠳᠭᠡᠭᠴᠢ — ᠦᠵᠦᠮᠦᠴᠢᠨ ᠴᠢᠨ ᠸᠠᠩ ᠰᠤᠳᠨᠠᠮᠷᠠᠪᠳᠤᠨ ᠢ ᠰᠤᠳᠤᠯᠬᠤ ᠳᠤ ᠲᠤᠶᠢᠯ ᠤᠨ ᠶᠡᠭᠡ ᠪᠡᠶᠡᠴᠢ | ᠠᠴᠢ ᠬᠤᠯᠪᠤᠭᠳᠠᠯ ᠲᠠᠢ ᠪᠤᠳᠠᠳᠤ ᠮᠠᠲ᠋ᠧᠷᠢᠶᠠᠯ ᠪᠤᠯᠤᠨ᠎ᠠ᠃ | ᠬᠤᠶᠠᠷ᠂ ︽ᠴᠠᠭᠠᠨ ᠰᠤᠪᠤᠳ ᠡᠷᠢᠭᠡ︾ ᠭᠡᠳᠦᠶᠢᠪᠡᠷ ᠰᠤᠳᠨᠠᠮᠷᠠᠪᠳᠤᠨ ᠴᠢᠨ ᠸᠠᠩ ᠤᠨ ︽ᠬᠤᠪᠢ | ᠭᠦᠮᠦᠨ ᠤ ᠨᠠᠮᠳᠠᠷ︾ ᠢ ᠪᠢᠴᠢᠭᠯᠡᠭᠰᠡᠨ ᠪᠤᠯᠪᠠᠴᠦ᠂ ᠲᠡᠭᠦᠨ ᠳᠤ ᠦᠵᠦᠮᠦᠴᠢᠨ ᠤ ᠤᠷᠤᠨ ᠨᠤᠳᠤᠭ ᠤᠨ ᠤᠨᠴᠠᠯᠢᠭ᠂ | ᠵᠠᠰᠠᠭ ᠵᠠᠬᠢᠷᠭᠠᠨ ᠤ ᠪᠠᠶᠢᠳᠠᠯ᠂ ᠲᠡᠤᠭᠡᠳᠦ ᠭᠦᠮᠦᠰ᠂ ᠰᠦᠮ᠎ᠠ ᠭᠡᠶᠢᠳ ᠤᠨ ᠲᠤᠭ᠎ᠠ᠂ ᠨᠡᠶᠢᠭᠡᠮ ᠤᠨ ᠡᠯ᠎ᠡ ᠲᠠᠯ᠎ᠠ | ᠶᠢᠨ ᠬᠠᠷᠢᠯᠴᠠᠭ᠎ᠠ ᠵᠡᠷᠭᠡ ᠪᠦᠷ ᠬᠠᠮᠤᠷᠤᠭᠳᠠᠨ ᠪᠠᠭᠳᠠᠭᠠᠭᠳᠠᠭᠰᠠᠨ ᠨᠢ ᠮᠦᠨ ᠴᠦ ᠠᠰᠤᠷᠤ ᠶᠡᠭᠡ ᠦᠨ᠎ᠠ ᠴᠠᠨ᠎ᠠ ᠲᠠᠢ | ᠃ ᠲᠡᠶᠢᠮᠤ ᠠᠴᠠ ︽ᠴᠠᠭᠠᠨ ᠰᠤᠪᠤᠳ ᠡᠷᠢᠭᠡ︾ ᠨᠢ ᠲᠤᠬᠠᠢ ᠶᠢᠨ ᠦᠶ᠎ᠡ ᠶᠢᠨ ᠦᠵᠦᠮᠦᠴᠢᠨ ᠲᠡᠤᠭᠡ ᠶᠢ | ᠰᠤᠳᠤᠯᠬᠤ ᠳᠤ ᠠᠬᠤᠶᠢᠴᠢ ᠠᠴᠢ ᠬᠤᠯᠪᠤᠭᠳᠠᠯ ᠲᠠᠢ ᠲᠡᠤᠭᠡ ᠶᠢᠨ ᠮᠠᠲ᠋ᠧᠷᠢᠶᠠᠯ ᠮᠦᠨ᠃ | ᠭᠤᠷᠪᠠ᠂ ︽ᠴᠠᠭᠠᠨ ᠰᠤᠪᠤᠳ ᠡᠷᠢᠭᠡ︾ ᠮᠠᠨ ᠳᠤ ᠦᠪᠯᠡᠭᠳᠡᠭᠰᠡᠨ ᠨᠢ ᠦᠵᠦᠮᠦᠴᠢᠨ ᠤ ᠰᠤᠶᠤᠯ ᠲᠡᠤᠭᠡ | ᠶᠢ ᠰᠤᠳᠤᠯᠬᠤ ᠳᠤ ᠪᠠᠰᠠ ᠬᠤᠪᠤᠷ ᠴᠤᠬᠠᠭ ᠮᠠᠲ᠋ᠧᠷᠢᠶᠠᠯ ᠢ ᠬᠠᠩᠭᠠᠵᠠᠢ᠃ | ᠲᠦᠷᠪᠡ᠂ ︽ᠴᠠᠭᠠᠨ ᠰᠤᠪᠤᠳ ᠡᠷᠢᠭᠡ︾ ᠮᠠᠨ ᠳᠤ ᠤᠯᠳᠠᠭᠰᠠᠨ ᠨᠢ ᠪᠠᠰᠠ ᠲᠤᠬᠠᠢ ᠶᠢᠨ ᠦ᠊ ᠶᠢᠨ | ᠦᠵᠦᠮᠦᠴᠢᠨ ᠤ ᠪᠢᠴᠢᠭ ᠤᠨ ᠰᠤᠶᠤᠯ ᠤᠨ ᠡᠷᠳᠡᠮᠳᠠᠨ ᠮᠡᠷᠭᠡᠳ ᠢ ᠰᠤᠳᠤᠯᠬᠤ ᠳᠤ ᠨᠡᠯᠢᠶᠠᠳ ᠦᠨ᠎ᠡ ᠦᠷᠳᠡᠭ ᠲᠠᠢ | ᠂ ᠵᠤᠬᠢᠶᠠᠭᠴᠢ ᠵᠢᠮᠪᠠ ᠷᠠᠪᠵᠢᠮᠪᠠ ᠶᠢ ᠰᠤᠳᠤᠯᠬᠤ ᠳᠤ ᠨᠡᠩ ᠴᠦ ᠨᠢᠭᠡᠳᠦᠭᠡᠷ ᠮᠠᠲ᠋ᠧᠷᠢᠶᠠᠯ ᠮᠦᠨ᠃ | 8. ︽ᠢᠨᠵᠠᠭᠠᠨ ᠰᠦᠮ᠎ᠡ ᠶᠢᠨ ᠲᠡᠤᠭᠡᠨ ᠰᠤᠳᠤᠷ︾ ᠬᠤᠶᠠᠷ ᠬᠤᠪᠢ | ᠮᠠᠨ ᠳᠤ ᠤᠯᠳᠠᠭᠰᠠᠨ ᠢᠨᠵᠠᠭᠠᠨ ᠰᠦᠮ᠎ᠠ ᠶᠢᠨ ᠲᠡᠤᠭᠡᠨ ᠰᠤᠳᠤᠷ ᠨᠡᠯᠢᠶᠠᠳ ᠭᠡᠳᠦᠨ ᠲᠦᠷᠦᠯ ᠵᠤᠶᠢᠯ | ᠪᠠᠶᠢᠨ᠎ᠠ᠃ ᠠᠳᠠ ᠲᠡᠮᠳᠡᠭᠯᠡᠭᠦ ᠬᠤᠶᠠᠷ ᠰᠤᠳᠤᠷ ᠪᠤᠯ ᠴᠢᠯᠦᠭᠡᠯᠡᠭᠳᠡᠭᠦ ᠠᠴᠠ ᠡᠮᠦᠨ᠎ᠠ᠂ ᠨᠠᠯᠢᠶᠠᠳ ᠡᠷᠳᠠ ᠲᠦᠪᠡᠳ | ᠭᠡᠯᠡ ᠪᠠᠷ ᠭᠠᠷᠴᠠᠭ ᠦᠭᠡᠢ ᠵᠤᠬᠢᠶᠠᠭᠰᠠᠨ ᠤᠨ ᠰᠠᠷ᠎ᠠ ᠨᠢ ᠲᠤᠳᠤᠷᠬᠠᠢ ᠦᠭᠡᠢ᠂ ᠵᠤᠬᠢᠶᠠᠭᠴᠢ ᠶᠢᠨ ᠨᠡᠷ᠎ᠡ ᠦᠭᠡᠢ᠂ | ᠪᠤᠷᠬᠠᠨ ᠱᠠᠰᠢᠨ ᠪᠠ ᠢᠨᠵᠠᠭᠠᠨ ᠰᠦᠮ᠎ᠠ ᠶᠢᠨ ᠲᠡᠤᠭᠡ ᠶᠢ ᠨᠡᠯᠢᠶᠠᠳ ᠲᠤᠳᠤᠷᠬᠠᠢ ᠲᠡᠮᠳᠡᠭᠯᠡᠭᠰᠡᠨ ᠭᠠᠷ ᠪᠢᠴᠢᠮᠠᠯ | ᠪᠤᠯᠤᠨ᠎ᠠ᠃ | ᠲᠡᠭᠡᠷᠡᠭᠢ ᠬᠤᠶᠠᠷ ᠰᠤᠳᠤᠷ ᠤᠨ ᠡᠮᠦᠨᠡᠭᠢ ᠨᠢ ᠱᠠᠬᠢᠵᠠᠮᠤᠨᠢ ᠶᠢᠨ ᠮᠡᠨᠳᠦᠯᠡᠭᠰᠡᠨ ᠠᠴᠠ ᠨᠠᠰᠢᠬᠢ ᠪᠤᠷᠬᠠᠨ | ᠱᠠᠰᠢᠨ ᠤ ᠲᠤᠪᠴᠢ ᠲᠡᠤᠭᠡ ᠶᠢ ᠪᠢᠴᠢᠭᠡᠳ 1721 ᠤᠨ ᠳᠤ ᠭᠦᠷᠭᠡᠵᠤ᠂ 1721 ᠤᠨ ᠠᠴᠠ ᠡᠬᠢᠯᠡᠨ | ᠢᠨᠵᠠᠭᠠᠨ ᠰᠦᠮ᠎ᠠ ᠶᠢ ᠰᠠᠭᠤᠷᠢᠯᠠᠭᠰᠠᠨ ᠪᠠ ᠲᠡᠭᠦᠨ ᠠᠴᠠ ᠬᠤᠶᠢᠰᠢᠭᠢ ᠲᠤᠰ ᠰᠦᠮ᠎ᠠ ᠶᠢᠨ ᠲᠡᠤᠭᠡ᠂ ᠴᠢᠬᠤᠯᠠ | ᠭᠡᠷᠡᠭ ᠶᠠᠪᠤᠳᠠᠯ ᠵᠢᠴᠢ 7 ᠤᠳᠠᠭ᠎ᠠ ᠶᠢᠨ ᠬᠤᠪᠢᠯᠭᠠᠨ ᠭᠡᠭᠡᠳ ᠤᠨ ᠲᠤᠪᠴᠢ ᠨᠠᠮᠳᠠᠷ ᠵᠢᠴᠢ ᠲᠡᠳᠡᠨ ᠤ ᠬᠢᠵᠤ | ᠪᠦᠳᠦᠭᠡᠭᠰᠡᠨ ᠭᠡᠷᠡᠭ ᠤᠴᠢᠷ ᠢ ᠤᠨ ᠲᠠᠷᠠᠭᠠᠯᠠᠨ ᠲᠡᠮᠳᠡᠭᠯᠡᠵᠤ᠂ 1916 ᠤᠨ ᠳᠤ ᠢᠨᠵᠠᠭᠠᠨ ᠰᠦᠮ᠎ᠠ ᠶᠢᠨ ᠭᠡᠭᠡᠨ | ᠷᠠᠭᠳᠠᠨᠳᠤᠪᠳᠤᠨ ᠢ ᠰᠢᠷᠡᠭᠡᠨ ᠳᠤ ᠵᠠᠯᠠᠭᠰᠠᠨ ᠭᠦᠷᠭᠡᠭᠡᠳ ᠵᠤᠬᠢᠶᠠᠯ ᠢᠶᠠᠨ ᠰᠡᠭᠦᠯ ᠬᠤᠷᠢᠶᠠᠨ ᠲᠡᠭᠦᠰᠭᠡᠭᠰᠡᠨ ᠪᠠᠶᠢᠨ᠎ᠠ᠃ | ᠡᠭᠦᠨ ᠢᠶᠠᠷ ᠦᠵᠡᠪᠡᠯ᠂ ᠡᠨᠡ ᠰᠤᠳᠤᠷ 1916 ᠤᠨ ᠤ ᠡᠪᠤᠯ ᠤᠨ ᠰᠡᠭᠦᠯ ᠰᠠᠷ᠎ᠠ ᠳᠤ ᠪᠢᠴᠢᠭᠳᠡᠭᠰᠡᠨ ᠢᠨᠵᠠᠭᠠᠨ | ᠰᠦᠮ᠎ᠠ ᠶᠢᠨ ︽ᠲᠠᠩᠽᠢ︾ ᠪᠤᠯᠤᠯᠳᠠᠢ᠃ | ᠨᠦᠭᠦᠭᠡ ᠨᠢᠭᠡ ᠰᠤᠳᠤᠷ ᠨᠢ ᠡᠭᠦᠨ ᠠᠴᠠ ᠰᠡᠭᠦᠯ ᠤᠨ ᠵᠢᠯ ᠤᠳ ᠲᠤ ᠪᠢᠴᠢᠭᠳᠡᠭᠰᠡᠨ ᠤᠨ ᠵᠢᠯ ᠤᠨ ᠶᠠᠪᠤᠴᠠ ᠪᠠᠷ | ᠢᠶᠠᠨ ᠨᠡᠮᠡᠯᠳᠠ ᠤᠷᠤᠭᠤᠯᠤᠭᠰᠠᠨ ᠬᠠᠭᠤᠯᠪᠤᠷᠢ ᠪᠤᠯᠤᠨ᠎ᠠ᠃ ᠠᠭᠤᠯᠭ᠎ᠠ ᠶᠢᠨ ᠲᠠᠯ᠎ᠠ ᠪᠠᠷ ᠠᠳᠠᠯᠢᠬᠠᠨ ᠪᠠᠶᠢᠳᠠᠭ᠃ | 9. ︽ᠷᠠᠪ ᠵᠠᠯ᠎ᠠ ᠭᠡᠮᠡᠭᠦ ᠰᠢᠷᠤᠢ ᠦᠭᠡᠷ ᠵᠢᠯ ᠤᠨ ᠯᠢᠳ᠋︾ | ᠲᠤᠰ ᠰᠤᠳᠤᠷ ᠢ ᠲᠤᠩ ᠵᠢᠵᠢᠭ ᠭᠡᠯᠪᠡᠷᠢ ᠪᠠᠷ ᠰᠤᠳᠤᠷᠯᠠᠵᠠᠢ᠃ ᠦᠷᠭᠡᠨ ᠨᠢ 8.5cm ᠤᠷᠳᠤ ᠨᠢ | 23cm ᠬᠢᠷᠢ ᠲᠠᠢ᠂ ᠨᠠᠶᠢᠳᠠ 40 ᠴᠠᠭᠠᠰᠤ 80 ᠨᠢᠭᠤᠷ ᠪᠠᠶᠢᠨ᠎ᠠ᠃ | ᠲᠡᠷᠡ ᠨᠢ 1948 ᠤᠨ ᠤ ᠡᠪᠤᠯ ᠢᠨᠵᠠᠭᠠᠨ ᠰᠦᠮ᠎ᠠ ᠳᠤ ᠲᠦᠪᠡᠳ ᠢᠶᠠᠷ ᠪᠢᠴᠢᠭᠳᠡᠵᠤ᠂ 1949 ᠤᠨ | ᠤ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠳᠤ ᠨᠡᠶᠢᠳᠡᠯᠡᠭᠳᠡᠵᠤ ᠭᠡᠨ᠎ᠡ᠃ | ᠲᠤᠰ ᠰᠤᠳᠤᠷ ᠲᠤ ᠤᠯᠠᠮᠵᠢᠯᠠᠯ ᠶᠤᠰᠤᠭᠠᠷ ᠪᠤᠷᠬᠠᠨ ᠱᠠᠰᠢᠨ ᠡᠭᠦᠰᠦᠭᠰᠡᠨ ᠠᠴᠠ ᠨᠠᠰᠢᠬᠢ ᠲᠡᠤᠭᠡ ᠶᠢ | ᠢᠨᠵᠠᠭᠠᠨ ᠰᠦᠮ᠎ᠠ ᠶᠢ ᠪᠡᠯᠡᠳᠭᠡᠵᠤ ᠪᠠᠶᠢᠭᠤᠯᠤᠭᠰᠠᠨ ᠠᠴᠠ ᠨᠠᠰᠢᠬᠢ ᠲᠡᠤᠭᠡ ᠲᠠᠢ ᠬᠤᠯᠪᠤᠨ ᠪᠢᠴᠢᠵᠤ᠂ 1000 | ᠢᠯᠡᠭᠦᠦ ᠵᠢᠯ ᠤᠨ ᠪᠤᠷᠬᠠᠨ ᠱᠠᠰᠢᠨ ᠤ ᠲᠡᠤᠭᠡ ᠶᠢᠨ ᠤᠶᠢᠯᠡ ᠭᠡᠷᠡᠭ ᠢ ᠲᠤᠪᠴᠢᠯᠠᠨ ᠨᠠᠶᠢᠷᠠᠭᠤᠯᠵᠤ᠂ ᠦᠪᠡᠷ ᠤᠨ | ᠰᠦᠮ᠎ᠠ ᠶᠢᠨ ᠢᠶᠠᠨ ᠲᠡᠤᠭᠡ ᠪᠤᠯᠭᠠᠵᠠᠢ᠃ ᠨᠡᠩ ᠴᠢᠬᠤᠯᠠ ᠨᠢ᠂ 1949 ᠤᠨ ᠤ ᠰᠢᠷᠠᠭᠴᠢᠨ ᠦᠭᠡᠷ ᠵᠢᠯ ᠤᠨ | ᠴᠠᠭ ᠤᠯᠠᠷᠢᠯ ᠤᠨ ᠵᠢᠷᠤᠬᠠᠢ ᠪᠢᠴᠢᠭ — ᠶᠡᠭᠡ ᠪᠠᠭ᠎ᠠ ᠰᠠᠷ᠎ᠠ᠂ ᠬᠤᠷᠢᠨ ᠲᠦᠷᠪᠡᠨ ᠤᠯᠠᠷᠢᠯ ᠤᠨ ᠲᠤᠬᠢᠶᠠᠯ᠂ ᠨᠠᠷᠠ᠂ | ᠰᠠᠷ᠎ᠠ ᠭᠭᠢᠷᠳᠦᠭᠦ᠂ ᠡᠰᠢ ᠡᠷᠭᠡᠳᠠᠨ ᠤ ᠵᠤᠬᠢᠴᠠᠯ ᠵᠡᠷᠭᠡ ᠶᠢ ᠰᠢᠨᠵᠢᠯᠡᠭᠦ ᠤᠬᠠᠭᠠᠨ ᠤ ᠵᠢᠷᠤᠬᠠᠢ ᠶᠢᠨ ᠲᠤᠭ᠎ᠠ ᠶᠢᠨ | ᠠᠷᠭ᠎ᠠ ᠪᠠᠷ ᠤᠷᠢᠳᠴᠢᠯᠠᠨ ᠪᠤᠳᠤᠵᠤ ᠭᠠᠷᠭᠠᠭᠰᠠᠨ ᠪᠠᠶᠢᠨ᠎ᠠ᠃ ᠭᠡᠪᠡᠴᠦ ᠵᠤᠬᠢᠶᠠᠭᠴᠢ ᠶᠢᠨ ᠨᠡᠷ᠎ᠡ ᠦᠭᠡᠢ᠃ | ᠲᠤᠰ ᠰᠤᠳᠤᠷ ᠨᠢ ᠰᠢᠷᠠᠭᠴᠢᠨ ᠦᠭᠡᠷ ᠵᠢᠯ ᠤᠨ ᠴᠠᠭ ᠤᠯᠠᠷᠢᠯ ᠤᠨ ᠪᠢᠴᠢᠭ ᠪᠤᠯᠬᠤᠷ ᠰᠤᠳᠤᠷ ᠤᠨ ᠡᠬᠢᠨ | ᠤ ᠪᠦᠯᠦᠭ ᠲᠤ ᠰᠦᠷᠯᠢᠭ ᠰᠠᠶᠢᠬᠠᠨ ᠦᠭᠡᠷ ᠤᠨ ᠵᠢᠷᠤᠭ ᠵᠢᠷᠤᠵᠤ᠂ ᠲᠡᠭᠦᠨ ᠤ ᠭᠠᠳᠠᠭᠤᠷ ᠭᠡ ᠤᠭᠠᠯᠵᠠ ᠤᠷᠠᠯᠠᠨ | ᠴᠢᠮᠡᠭᠯᠡᠵᠠᠢ᠃ ᠡᠨᠡᠭᠦ ᠰᠤᠳᠤᠷ ᠭᠡᠳᠦᠶᠢᠪᠡᠷ ᠵᠢᠵᠢᠭᠭᠡᠨ ᠪᠠᠭ᠎ᠠ ᠰᠤᠳᠤᠷ ᠪᠤᠯᠪᠠᠴᠦ᠂ ᠲᠡᠭᠦᠨ ᠤ ᠵᠤᠯ ᠢᠶᠠᠷ ᠮᠠᠨ ᠳᠤ | ᠦᠯᠡᠳᠡᠭᠰᠡᠨ ᠨᠢ 1949 ᠭᠡᠳ ᠤᠨ ᠪᠤᠯᠬᠤ ᠳᠤ ᠦᠵᠦᠮᠦᠴᠢᠨ ᠤ ᠰᠦᠮ᠎ᠠ ᠭᠡᠶᠢᠳ ᠪᠤᠶᠤ ᠪᠦᠭᠦᠯᠢ ᠨᠡᠶᠢᠭᠡᠮ ᠤᠨ | ᠪᠢᠴᠢᠭ ᠤᠨ ᠰᠤᠶᠤᠯ ᠤᠨ ᠲᠡᠤᠭᠡᠨ ᠭᠦᠭᠵᠢᠯ᠂ ᠴᠠᠭ ᠤᠯᠠᠷᠢᠯ ᠤᠨ ᠰᠢᠨᠵᠢᠯᠡᠭᠡᠨ ᠢ ᠪᠠᠭᠳᠠᠭᠠᠭᠰᠠᠨ ᠰᠢᠨᠵᠢᠯᠡᠭᠦ | ᠤᠬᠠᠭᠠᠨ ᠤ ᠲᠦᠪᠰᠢᠨ᠂ ᠬᠢᠷᠢ ᠭᠡᠮᠵᠢᠶ᠎ᠡ ᠶᠢ ᠰᠤᠳᠤᠯᠬᠤ ᠳᠤ ᠲᠤᠶᠢᠯ ᠤᠨ ᠬᠤᠪᠤᠷ ᠦᠨᠡᠳᠤ ᠮᠠᠲ᠋ᠧᠷᠢᠶᠠᠯ ᠪᠤᠯᠬᠤ | ᠶᠤᠮ᠃ | 10. ︽ᠦᠵᠦᠮᠦᠴᠢᠨ ᠬᠤᠰᠢᠭᠤᠨ ᠤ ᠬᠤᠪᠢᠯᠭᠠᠨ ᠵᠢᠭ᠍ᠮᠢᠳᠳᠠᠨᠽᠠᠨᠵᠠᠮᠰᠤ ᠶᠢᠨ ᠲᠡᠤᠭᠡ ᠤᠷᠤᠰᠢᠪᠠᠢ︾ | ᠭᠡᠳᠡᠭ ᠰᠤᠳᠤᠷ | ᠲᠤᠰ ᠰᠤᠳᠤᠷ ᠪᠤᠯ ᠭᠦᠮᠪᠦᠮ ᠭᠡᠶᠢᠳ ᠤᠨ ᠵᠤᠤᠰᠢ ᠭᠡᠭᠡᠨ ᠤ ᠰᠦᠮᠪᠤᠨ ᠲᠤᠳᠤᠷ᠎ᠠ ᠰᠤᠩᠭᠤᠭᠳᠠᠨ | ᠤᠷᠤᠭᠰᠠᠨ ᠲᠤᠰᠬᠠᠢ ᠨᠢᠭᠡ ᠪᠤᠳᠢ ᠪᠤᠯᠤᠨ᠎ᠠ᠃ ᠵᠤᠬᠢᠶᠠᠭᠳᠠᠭᠰᠠᠨ ᠬᠤᠭᠤᠴᠠᠭ᠎ᠠ ᠨᠢ ᠲᠤᠳᠤᠷᠬᠠᠢ ᠦᠭᠡᠢ᠃ ᠲᠡᠭᠦᠨ | ᠳᠤ ᠦᠵᠦᠮᠦᠴᠢᠨ ᠪᠠᠷᠠᠭᠤᠨ ᠭᠠᠷ ᠬᠤᠰᠢᠭᠤᠨ ᠤ ᠢᠨᠵᠠᠭᠠᠨ ᠰᠦᠮ᠎ᠠ ᠶᠢᠨ ᠬᠤᠶᠠᠳᠤᠭᠠᠷ ᠰᠢᠷᠡᠭᠡᠨ ᠯᠠᠮᠠ — | ᠠᠩᠬᠠᠳᠤᠭᠠᠷ ᠲᠦᠷᠢ ᠶᠢᠨ ᠬᠤᠪᠢᠯᠭᠠᠨ ᠯᠤᠪᠰᠠᠩᠨᠢᠩᠷᠠᠭ ᠠᠴᠠ ᠲᠤᠷᠤᠭᠰᠢ ᠪᠠᠨ ᠰᠡᠭᠦᠯ ᠤᠨ ᠭᠡᠭᠡᠨ ᠷᠠᠭᠳᠠᠨᠳᠦᠪᠳᠤᠨ | ᠭᠦᠷᠳᠡᠯ᠎ᠡ 6 ᠤᠳᠠᠭ᠎ᠠ ᠶᠢᠨ ᠬᠤᠪᠢᠯᠭᠠᠨ ᠭᠡᠭᠡᠨ ᠤ ᠲᠡᠤᠭᠡ ᠶᠢ ᠤᠨ ᠲᠠᠷᠠᠭᠠᠯᠠᠭᠰᠠᠨ ᠲᠡᠤᠭᠡ ᠶᠢᠨ ᠭᠡᠯᠪᠡᠷᠢ ᠪᠠᠷ | ᠲᠤᠶᠢᠯ ᠤᠨ ᠨᠠᠷᠢᠨ ᠲᠤᠳᠤᠷᠬᠠᠢ ᠪᠠᠷ ᠨᠠᠮᠳᠠᠷᠯᠠᠨ ᠲᠡᠮᠳᠡᠭᠯᠡᠵᠠᠢ᠃ | ᠲᠤᠰ ᠰᠤᠳᠤᠷ ᠤᠳᠤ ᠤᠯᠳᠠᠬᠤ ᠳᠤ ᠪᠡᠷᠭᠡ ᠪᠤᠯᠤᠭᠰᠠᠨ ᠲᠡᠤᠭᠡ ᠶᠢᠨ ᠵᠠᠷᠢᠮ ᠭᠡᠷᠡᠭ ᠤᠴᠢᠷ ᠢ ᠭᠦᠮᠦᠨ᠂ | ᠭᠠᠵᠠᠷ᠂ ᠴᠠᠭ᠂ ᠭᠡᠷᠡᠭ ᠳ᠋ᠦᠩ ᠲᠠᠢ ᠨᠢ ᠮᠠᠨ ᠳᠤ ᠲᠤᠰᠢᠶᠠᠭᠰᠠᠨ ᠨᠢ ᠦᠨᠡᠭᠡᠷ ᠲᠤᠶᠢᠯ ᠤᠨ ᠬᠤᠪᠤᠷ ᠨᠠᠨᠳᠢᠨ | ᠦᠨ᠎ᠡ ᠦᠷᠳᠡᠭ ᠲᠠᠢ᠃ | ᠲᠡᠷᠡ ᠨᠢ ᠢᠨᠵᠠᠭᠠᠨ ᠰᠦᠮ᠎ᠠ ᠶᠢᠨ ᠲᠡᠤᠭᠡ ᠰᠢᠭ ᠪᠤᠯᠪᠠᠴᠦ᠂ ᠲᠡᠭᠦᠨ ᠳᠤ ᠦᠵᠦᠮᠦᠴᠢᠨ ᠤ ᠲᠤᠬᠠᠢ ᠶᠢᠨ | ᠦᠶ᠎ᠡ ᠶᠢᠨ ᠡᠯ᠎ᠡ ᠲᠠᠯ᠎ᠠ ᠶᠢᠨ ᠪᠠᠶᠢᠳᠠᠯ ᠢ ᠲᠡᠤᠭᠡ ᠶᠢᠨ ᠶᠤᠰᠤᠭᠠᠷ ᠲᠤᠰᠬᠠᠭᠰᠠᠨ ᠪᠠᠶᠢᠳᠠᠭ᠃ | ᠦᠵᠦᠮᠦᠴᠢᠨ ᠤ ᠪᠢᠴᠢᠭ ᠤᠨ ᠰᠤᠶᠤᠯ ᠤᠨ ᠦᠨᠡᠳᠤ ᠪᠦᠳᠦᠭᠡᠯ ᠪᠤᠯᠬᠤ ᠲᠡᠭᠡᠷᠡᠭᠢ 10 ᠰᠤᠳᠤᠷ ᠪᠤᠯ | ᠤᠳᠤ ᠪᠠᠷ ᠢᠶᠠᠨ ᠮᠠᠨ ᠳᠤ ᠤᠯᠳᠠᠭᠰᠠᠨ ᠪᠤᠳᠠᠳᠤ ᠵᠤᠬᠢᠶᠠᠯ ᠤᠨ ᠲᠤᠳᠤᠷᠠᠬᠢ ᠲᠦᠯᠦᠭᠡᠯᠡᠭᠦ ᠴᠢᠨᠠᠷ ᠲᠠᠢ ᠵᠢᠱᠢᠶ᠎ᠠ | ᠪᠤᠯᠤᠨ᠎ᠠ᠃ ᠡᠨᠡ ᠨᠢ ᠦᠵᠦᠮᠦᠴᠢᠨ ᠤ ᠪᠢᠴᠢᠭ ᠤᠨ ᠰᠤᠶᠤᠯ ᠤᠨ ᠲᠡᠤᠭᠡᠨ ᠭᠦᠭᠵᠢᠯᠳᠠ ᠶᠢ ᠪᠢᠳᠠᠨ ᠳᠤ ᠦᠵᠡᠭᠦᠯᠭᠦ | ᠲᠡᠤᠭᠡ ᠶᠢᠨ ᠭᠡᠷᠡᠴᠢ ᠪᠤᠯᠬᠤ ᠶᠤᠰᠤᠳᠠᠢ᠃ | |