ᠦᠵᠦᠮᠦᠴᠢᠨ ᠳᠤ ᠵᠣᠬᠢᠶᠠᠭᠳᠠᠭᠰᠠᠨ ᠨᠣᠮ ᠰᠤᠳᠤᠷ
ᠨᠡᠶᠢᠲᠡᠯᠡᠭᠰᠡᠨ ᠴᠠᠭ᠄
2017/3/8
           1᠂ ︽ᠭᠠᠩᠭ᠎ᠠ ᠶᠢᠨ ᠤᠷᠤᠰᠬᠠᠯ︾ — ︽ᠭᠠᠩᠭ᠎ᠠ ᠶᠢᠨ ᠤᠷᠤᠰᠬᠠᠯ︾ ᠪᠣᠯ ᠦᠵᠦᠮᠦᠴᠢᠨ ᠤ ᠭᠤᠮᠪᠣᠵᠠᠪ ᠭᠦᠩ ᠤᠨ 1725 ᠣᠨ ᠳᠤ ᠡᠬᠡ ᠬᠡᠯᠡ ᠪᠠᠷ ᠢᠶᠠᠨ ᠵᠣᠬᠢᠶᠠᠭᠰᠠᠨ ᠮᠣᠩᠭᠤᠯ ᠲᠡᠦᠬᠡ ᠶᠢᠨ ᠠᠯᠳᠠᠷᠲᠤ ᠲᠡᠦᠬᠡᠨ ᠪᠢᠴᠢᠭ ᠪᠣᠯᠬᠤ ᠶᠤᠮ᠃ ︽ᠭᠠᠩᠭ᠎ᠠ ᠶᠢᠨ ᠤᠷᠤᠰᠬᠠᠯ︾ ᠢ 1980 ᠣᠨ ᠳᠤ ᠡᠷᠳᠡᠮᠲᠡᠨ ᠴᠣᠶᠢᠵᠢ ᠲᠤᠯᠭᠠᠨ ᠬᠠᠷᠭᠤᠭᠤᠯᠵᠤ ᠬᠡᠪᠯᠡᠯ ᠳᠤ ᠪᠡᠯᠡᠳᠬᠡᠨ᠂ ︽ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ︾ ᠬᠡᠪᠯᠡᠭᠦᠯᠪᠡ᠃ ᠡᠭᠦᠨ ᠠᠴᠠ ᠤᠷᠢᠳ ᠤᠭ ᠤᠨ ᠵᠥᠪᠯᠡᠯᠲᠦ ᠬᠤᠯᠪᠣᠭᠠᠲᠤ ᠤᠯᠤᠰ᠂ ᠮᠣᠩᠭᠤᠯ ᠤᠯᠤᠰ ᠲᠤ ᠪᠦᠷ ᠬᠡᠪᠯᠡᠭᠳᠡᠵᠦ ᠥᠩᠭᠡᠷᠡᠭᠰᠡᠨ ᠪᠠᠶᠢᠨ᠎ᠠ᠃            2᠂ ︽ᠮᠡᠷᠭᠡᠳ ᠭᠠᠷᠬᠤ ᠶᠢᠨ ᠣᠷᠣᠨ︾ — ︽ᠮᠡᠷᠭᠡᠳ ᠭᠠᠷᠬᠤ ᠶᠢᠨ ᠣᠷᠣᠨ︾ ᠪᠣᠯ ᠦᠵᠦᠮᠦᠴᠢᠨ ᠤ ᠭᠤᠮᠪᠣᠵᠠᠪ ᠭᠦᠩ ᠤᠨ 1740 ᠣᠨ ᠠᠴᠠ1742 ᠣᠨ ᠤ ᠬᠤᠭᠤᠷᠣᠨᠳᠤ ᠡᠷᠬᠢᠯᠡᠨ ᠵᠣᠬᠢᠶᠠᠭᠰᠠᠨ ᠲᠥᠪᠡᠳ ᠮᠣᠩᠭᠤᠯ ᠨᠡᠷ᠎ᠡ ᠦᠭᠡ ᠶᠢᠨ ᠣᠷᠴᠢᠭᠤᠯᠭ᠎ᠠ ᠶᠢᠨ ᠲᠣᠯᠢ ᠪᠣᠯᠣᠨ᠎ᠠ᠃ ᠡᠭᠦᠨ ᠢ ᠲᠡᠦᠬᠡᠨ ᠳᠡᠭᠡᠷ᠎ᠡ ︽ᠭᠤᠮᠪᠣᠵᠠᠪ ᠤᠨ ᠲᠣᠯᠢ︾ ᠭᠡᠳᠡᠭ᠃              3᠂ ︽ᠲᠥᠪᠡᠳ ᠤᠨ ᠬᠡᠯᠡ ᠶᠢ ᠬᠢᠯᠪᠠᠷ ᠢᠶᠠᠷ ᠰᠤᠷᠬᠤ ᠨᠡᠷᠡᠲᠦ ᠪᠢᠴᠢᠭ︾ — ︽ᠲᠥᠪᠡᠳ ᠤᠨ ᠬᠡᠯᠡ ᠶᠢ ᠬᠢᠯᠪᠠᠷ ᠢᠶᠠᠷ ᠰᠤᠷᠬᠤ ᠨᠡᠷᠡᠲᠦ ᠪᠢᠴᠢᠭ︾ ᠢ ᠦᠵᠦᠮᠦᠴᠢᠨ ᠤ ᠭᠤᠮᠪᠣᠵᠠᠪ ᠭᠦᠩ ᠮᠥᠨ 18 ᠳ᠋ᠤᠭᠠᠷ ᠵᠠᠭᠤᠨ ᠤ ᠳᠥᠴᠢᠭᠡᠳ ᠣᠨ ᠳᠤ ᠵᠣᠬᠢᠶᠠᠵᠠᠢ᠃ ᠡᠨᠡ ᠲᠣᠯᠢ ᠶᠢ ᠭᠤᠮᠪᠣᠵᠠᠪ ᠠᠴᠠ ᠬᠤᠶᠢᠰᠢᠬᠢ ᠲᠣᠯᠢᠴᠢ ᠨᠠᠷ ᠮᠣᠩᠭᠤᠯ ᠲᠥᠪᠡᠳ ᠲᠣᠯᠢ ᠳᠤ ᠠᠰᠢᠭᠯᠠᠭᠰᠠᠭᠠᠷ ᠢᠷᠠᠵᠠᠢ᠃          4᠂ ︽ᠳᠤᠮᠳᠠᠳᠤ ᠤᠯᠤᠰ ᠲᠤ ᠪᠤᠷᠬᠠᠨ ᠱᠠᠰᠢᠨ ᠳᠡᠯᠭᠡᠷᠡᠭᠰᠡᠨ ᠲᠡᠦᠬᠡ︾ — ︽ᠳᠤᠮᠳᠠᠳᠤ ᠤᠯᠤᠰ ᠲᠤ ᠪᠤᠷᠬᠠᠨ ᠱᠠᠰᠢᠨ ᠳᠡᠯᠭᠡᠷᠡᠭᠰᠡᠨ ᠲᠡᠦᠬᠡ︾ ᠶᠢ ᠪᠠᠰᠠ ᠦᠵᠦᠮᠦᠴᠢᠨ ᠤ ᠭᠤᠮᠪᠣᠵᠠᠪ ᠭᠦᠩ ᠵᠣᠬᠢᠶᠠᠵᠠᠢ᠃ ᠡᠭᠦᠨ ᠢ ︽ᠭᠠᠩᠭ᠎ᠠ ᠶᠢᠨ ᠤᠷᠤᠰᠬᠠᠯ︾  ᠤᠨ ᠣᠷᠣᠰᠢᠯ ᠳᠤ ᠲᠡᠮᠳᠡᠭᠯᠡᠭᠰᠡᠨ ᠪᠠᠶᠢᠳᠠᠭ᠃          5᠂ ︽ᠡᠯᠳᠡᠪ ᠴᠢᠬᠤᠯᠠ ᠬᠡᠷᠡᠭᠲᠦ ᠠᠩᠬᠠᠨ ᠤ ᠳᠡᠪᠲᠡᠷ︾ — ︽ᠡᠯᠳᠡᠪ ᠴᠢᠬᠤᠯᠠ ᠬᠡᠷᠡᠭᠲᠦ ᠠᠩᠬᠠᠨ ᠤ ᠳᠡᠪᠲᠡᠷ︾ ᠭᠡᠳᠡᠭ ᠡᠮᠨᠡᠯᠭᠡ ᠶᠢᠨ ᠤᠬᠠᠭᠠᠨ ᠤ ᠨᠣᠮ ᠢ ᠪᠠᠰᠠ ᠦᠵᠦᠮᠦᠴᠢᠨ ᠤ ᠭᠤᠮᠪᠣᠵᠠᠪ ᠭᠦᠩ ᠵᠣᠬᠢᠶᠠᠵᠠᠢ᠃ ᠲᠤᠰ ᠨᠣᠮ ᠢ ︽ᠪᠦᠭᠦᠳᠡ ᠨᠠᠶᠢᠷᠠᠮᠳᠠᠬᠤ ᠮᠣᠩᠭᠤᠯ ᠠᠷᠠᠳ ᠤᠯᠤᠰ ᠤᠨ ᠲᠡᠦᠬᠡ 2 ︵ᠳᠡᠭᠡᠳᠦ︶︾ ᠳᠤ᠄ ︽ᠦᠵᠦᠮᠦᠴᠢᠨ ᠤ ᠭᠦᠩ ᠭᠤᠮᠪᠣᠵᠠᠪ ᠤᠨ ﹇ᠡᠯᠳᠡᠪ ᠴᠢᠬᠤᠯᠠ ᠬᠡᠷᠡᠭᠲᠦ ᠠᠩᠬᠠᠨ ᠤ ᠳᠡᠪᠲᠡᠷ﹈︾ ᠬᠤᠶᠠᠷ ᠬᠡᠰᠡᠭ  ᠲᠠᠢ᠂ ᠲᠥᠷᠥᠯ ᠪᠦᠷᠢ ᠶᠢᠨ ᠡᠮ᠂ ᠶᠠᠩᠵᠤ ᠪᠦᠷᠢ ᠶᠢᠨ ᠡᠪᠡᠳᠴᠢᠨ ᠤ ᠨᠡᠷ᠎ᠡ ᠶᠢ ᠲᠥᠪᠡᠳ ᠢᠶᠠᠷ ᠬᠢᠲᠠᠳ ᠢᠶᠠᠷ ᠬᠠᠳᠠᠵᠤ ᠪᠢᠴᠢᠵᠡᠢ︾ ᠭᠡᠵᠦ ᠲᠡᠮᠳᠡᠭᠯᠡᠵᠡᠢ᠃          6᠂ ︽ᠵᠢᠷᠦᠬᠡᠨ ᠲᠣᠯᠲᠣ ᠶᠢᠨ ᠲᠠᠶᠢᠯᠪᠤᠷᠢ ᠦᠰᠦᠭ ᠤᠨ ᠠᠳᠡᠭᠦᠷᠡᠯ ᠤᠨ ᠬᠠᠷᠠᠩᠭᠤᠢ ᠶᠢ ᠠᠷᠢᠯᠭᠠᠭᠴᠢ ᠣᠭᠲᠠᠷᠭᠤᠢ ᠶᠢᠨ ᠮᠠᠨᠢ︾ — ︽ᠵᠢᠷᠦᠬᠡᠨ ᠲᠣᠯᠲᠣ ᠶᠢᠨ ᠲᠠᠶᠢᠯᠪᠤᠷᠢ ᠦᠰᠦᠭ ᠤᠨ ᠠᠳᠡᠭᠦᠷᠡᠯ ᠤᠨ ᠬᠠᠷᠠᠩᠭᠤᠢ ᠶᠢ ᠠᠷᠢᠯᠭᠠᠭᠴᠢ ᠣᠭᠲᠠᠷᠭᠤᠢ ᠶᠢᠨ ᠮᠠᠨᠢ︾ ᠶᠢ ᠦᠵᠦᠮᠦᠴᠢᠨ ᠤ ᠮᠣᠯᠤᠮ ᠷᠠᠪᠵᠢᠮᠪᠠ ᠳᠠᠭᠵᠢᠨᠳᠠᠭᠪᠠ ᠵᠣᠬᠢᠶᠠᠵᠠᠢ᠃ ᠲᠤᠰ ᠨᠣᠮ ᠢ ︽ᠪᠦᠭᠦᠳᠡ ᠨᠠᠶᠢᠷᠠᠮᠳᠠᠬᠤ ᠮᠣᠩᠭᠤᠯ ᠠᠷᠠᠳ ᠤᠯᠤᠰ ᠤᠨ ᠲᠡᠦᠬᠡ 2 ︵ᠳᠡᠭᠡᠳᠦ︶ ᠳᠤ᠄ ︽ᠬᠡᠯᠡᠨ ᠵᠦᠢ᠂ ᠤᠷᠠᠨ ᠵᠣᠬᠢᠶᠠᠯ ᠤᠨ ᠣᠨᠣᠯ ᠤᠨ ᠲᠠᠯ᠎ᠠ ᠪᠠᠷ᠂ ᠨᠡᠯᠢᠶᠡᠳ ᠨᠣᠮ᠂ ᠮᠣᠩᠭᠤᠯ ᠮᠥᠨ ᠲᠥᠪᠡᠳ ᠬᠡᠯᠡ ᠪᠠᠷ ᠭᠠᠷᠴᠠᠢ᠃ ᠡᠭᠦᠨ ᠳᠤ ᠶᠠᠭᠤᠨ ᠤ ᠡᠮᠦᠨ᠎ᠡ ᠦᠵᠦᠮᠦᠴᠢᠨ ᠤ ᠮᠣᠯᠤᠮ ᠷᠠᠪᠵᠢᠮᠪᠠ ᠳᠠᠭᠵᠢᠨᠳᠠᠭᠪᠠ ᠶᠢᠨ ᠪᠢᠴᠢᠭᠰᠡᠨ ︵18 ᠳ᠋ᠤᠭᠠᠷ ᠵᠠᠭᠤᠨ ᠤ ᠲᠡᠷᠢᠭᠦᠨ ᠬᠠᠭᠠᠰ︶᠂ ︵ᠵᠢᠷᠦᠬᠡᠨ ᠲᠣᠯᠲᠣ ᠶᠢᠨ ᠲᠠᠶᠢᠯᠪᠤᠷᠢ ᠦᠰᠦᠭ ᠤᠨ ᠠᠳᠡᠭᠦᠷᠡᠯ ᠤᠨ ᠬᠠᠷᠠᠩᠭᠤᠢ ᠶᠢ ᠠᠷᠢᠯᠭᠠᠭᠴᠢ ᠣᠭᠲᠠᠷᠭᠤᠢ ᠶᠢᠨ ᠮᠠᠨᠢ︶ ᠶᠢ ᠳᠤᠷᠠᠳᠬᠤ ᠶᠣᠰᠣᠲᠠᠢ︾ ᠭᠡᠰᠡᠨ ᠦᠨᠡᠯᠡᠯᠲᠡ ᠬᠢᠭᠰᠡᠨ  ᠤ ᠬᠠᠮᠲᠤ ︽ᠡᠨᠡ ᠵᠣᠬᠢᠶᠠᠯ ᠢ ᠭᠠᠳᠠᠭᠠᠳᠤ ᠳᠣᠲᠣᠭᠠᠳᠤ ᠶᠢᠨ ᠣᠯᠠᠨ ᠡᠷᠳᠡᠮᠲᠡᠨ ᠰᠤᠳᠤᠯᠵᠠᠢ︾ ᠭᠡᠵᠦ ᠲᠠᠨᠢᠯᠴᠠᠭᠤᠯᠤᠨ ᠲᠡᠮᠳᠡᠭᠯᠡᠵᠡᠢ᠃            7᠂ ︽ᠴᠠᠭᠠᠨ ᠰᠤᠪᠤᠳ ᠡᠷᠢᠬᠡ︾ — ︽ᠴᠠᠭᠠᠨ ᠰᠤᠪᠤᠳ ᠡᠷᠢᠬᠡ︾ ᠶᠢ ᠦᠵᠦᠮᠦᠴᠢᠨ ᠪᠠᠷᠠᠭᠤᠨ ᠬᠤᠰᠢᠭᠤᠨ ᠤ ᠬᠤᠭᠤᠯᠠᠲᠤ ᠭᠡᠭᠡᠨ ᠰᠦᠮ᠎ᠡ ᠶᠢᠨ ᠵᠢᠮᠪᠠ  ᠷᠠᠪᠵᠢᠮᠪᠠ ᠲᠥᠪᠡᠳ ᠬᠡᠯᠡᠨ᠎ᠡ ᠵᠣᠬᠢᠶᠠᠵᠠᠢ᠃ ᠵᠣᠬᠢᠶᠠᠭᠳᠠᠭᠰᠠᠨ ᠴᠠᠭ ᠬᠤᠭᠤᠴᠠᠭ᠎ᠠ ᠨᠢ ᠪᠠᠷᠤᠭ 1936 ᠣᠨ ᠪᠣᠯᠣᠨ᠎ᠠ᠃ ᠲᠤᠰ ᠵᠣᠬᠢᠶᠠᠯ ᠪᠣᠯ᠂ ᠦᠵᠦᠮᠦᠴᠢᠨ ᠪᠠᠷᠠᠭᠤᠨ ᠭᠠᠷ ᠤᠨ ᠬᠤᠰᠢᠭᠤᠨ ᠤ 12 ᠳ᠋ᠤᠭᠠᠷ ᠤᠳᠠᠭ᠎ᠠ ᠶᠢᠨ ᠬᠤᠱᠣᠢ ᠰᠡᠴᠡᠨ ᠴᠢᠨ ᠸᠠᠩ ᠰᠣᠳᠨᠠᠮᠷᠠᠪᠳᠠᠨ ᠤ ᠲᠡᠦᠬᠡ ᠶᠢ ᠱᠠᠰᠢᠨ ᠤ ᠥᠭᠯᠢᠭᠡ ᠶᠢᠨ ᠡᠵᠡᠨ ᠤ ᠵᠣᠭᠰᠣᠯᠲᠠ ᠳᠡᠭᠡᠷ᠎ᠡ ᠲᠠᠯᠪᠢᠵᠤ᠂ ᠲᠡᠭᠦᠨ ᠤ ᠨᠢᠭᠡ ᠨᠠᠰᠤᠨ ᠤ ᠦᠢᠯᠡ ᠬᠡᠷᠡᠭ ᠢ ᠣᠨ ᠳᠠᠷᠠᠭᠠᠯᠠᠨ ᠲᠣᠭᠠᠴᠢᠨ ᠲᠡᠮᠳᠡᠭᠯᠡᠭᠰᠡᠨ ᠦᠵᠦᠮᠦᠴᠢᠨ ᠲᠡᠦᠬᠡ ᠶᠢᠨ ᠵᠣᠬᠢᠶᠠᠯ ᠪᠣᠯᠣᠨ᠎ᠠ᠃ ᠲᠤᠰ ᠵᠣᠬᠢᠶᠠᠯ ᠮᠣᠩᠭᠤᠯ ᠤᠯᠤᠰ ᠲᠤ ᠤᠷᠲᠤ ᠬᠤᠭᠤᠴᠠᠭ᠎ᠠ ᠬᠠᠳᠠᠭᠠᠯᠠᠭᠳᠠᠵᠤ᠂ ᠮᠣᠩᠭᠤᠯ ᠤᠯᠤᠰ ᠤᠨ ᠭᠠᠩᠳᠤᠩᠳᠧᠴᠢᠯᠢᠩ ᠬᠡᠶᠢᠳ ᠤᠨ ᠱᠠᠪᠢ ᠳᠠᠸᠠᠰᠠᠮᠪᠦᠦ ᠭᠤᠸᠠᠢ ᠵᠡᠭᠦᠨ ᠦᠵᠦᠮᠦᠴᠢᠨ ᠬᠤᠰᠢᠭᠤᠨ ᠤ ᠤᠯᠤᠰ ᠲᠥᠷᠥ  ᠶᠢᠨ ᠵᠥᠪᠯᠡᠯᠭᠡᠨ ᠤ ᠫ᠊᠂ ᠲᠤᠭᠠᠷ ᠨᠥᠬᠦᠷ ᠲᠤ ᠭᠠᠷᠳᠠᠭᠤᠯᠤᠨ ᠥᠭᠭᠦᠭᠰᠡᠨ ᠠᠴᠠ ᠲᠤᠰ ᠨᠥᠬᠦᠷ ᠣᠷᠴᠢᠭᠤᠯᠵᠤ᠂ ᠪᠠᠷᠠᠭᠤᠨ ᠦᠵᠦᠮᠦᠴᠢᠨ ᠬᠤᠰᠢᠭᠤᠨ ᠤ ᠤᠯᠤᠰ ᠲᠥᠷᠥ ᠶᠢᠨ ᠵᠥᠪᠯᠡᠯᠭᠡᠨ ᠬᠡᠪᠯᠡᠭᠦᠯᠦᠨ᠂ 1989 ᠣᠨ ᠳᠤ ᠳᠣᠲᠣᠭᠠᠳᠤ ᠬᠡᠪᠯᠡᠯ ᠢᠶᠠᠷ ᠲᠠᠷᠬᠠᠭᠠᠪᠠ᠃            8᠂ ︽ᠢᠨᠵᠠᠭᠠᠨ ᠰᠦᠮ᠎ᠡ ᠶᠢᠨ ᠲᠡᠦᠬᠡᠨ ᠰᠤᠳᠤᠷ︾ ᠬᠤᠶᠠᠷ ᠬᠤᠪᠢ — ᠮᠠᠨ ᠳᠤ ᠣᠯᠳᠠᠭᠰᠠᠨ ᠢᠨᠵᠠᠭᠠᠨ ᠰᠦᠮ᠎ᠡ ᠶᠢᠨ ᠲᠡᠦᠬᠡᠨ ᠰᠤᠳᠤᠷ ᠨᠡᠯᠢᠶᠡᠳ ᠬᠡᠳᠦᠨ ᠲᠥᠷᠥᠯ ᠵᠦᠢᠯ ᠪᠠᠶᠢᠨ᠎ᠠ᠃ ᠡᠳᠡᠭᠡᠷ ᠰᠤᠳᠤᠷ ᠵᠣᠬᠢᠶᠠᠯ ᠪᠣᠯ 1966 ᠣᠨ ᠳᠤ ᠪᠣᠯᠣᠭᠰᠠᠨ ᠰᠣᠶᠣᠯ ᠤᠨ ᠬᠤᠪᠢᠰᠬᠠᠯ ᠤᠨ ᠰᠦᠮ᠎ᠡ ᠬᠡᠶᠢᠳ ᠤᠨ ᠲᠠᠯᠬᠢᠭᠳᠠᠯ  ᠠᠴᠠ ᠵᠣᠯ ᠢᠶᠠᠷ ᠬᠤᠴᠣᠷᠤᠭᠰᠠᠨ ᠬᠡᠰᠡᠭ ᠪᠣᠰᠤᠭ ᠦᠯᠡᠳᠡᠪᠦᠷᠢ ᠶᠤᠮ᠃ ᠡᠭᠦᠨ ᠳᠤ ᠠᠳᠡ ᠲᠡᠮᠳᠡᠭᠯᠡᠬᠦ ᠬᠤᠶᠠᠷ ᠰᠤᠳᠤᠷ ᠪᠣᠯ ᠴᠢᠯᠦᠭᠡᠯᠡᠭᠳᠡᠬᠦ ᠠᠴᠠ ᠡᠮᠦᠨ᠎ᠡ᠂ ᠨᠡᠯᠢᠶᠡᠳ ᠡᠷᠲᠡ ᠲᠥᠪᠡᠳ ᠬᠡᠯᠡ ᠪᠠᠷ ᠭᠠᠷᠴᠠᠭ ᠦᠭᠡᠢ ᠵᠣᠬᠢᠶᠠᠭᠰᠠᠨ ᠣᠨ ᠰᠠᠷ᠎ᠠ ᠨᠢ ᠲᠣᠳᠣᠷᠬᠠᠢ ᠦᠭᠡᠢ᠂ ᠵᠣᠬᠢᠶᠠᠭᠴᠢ ᠶᠢᠨ ᠨᠡᠷ᠎ᠡ ᠦᠭᠡᠢ᠂ ᠪᠤᠷᠬᠠᠨ ᠱᠠᠰᠢᠨ ᠪᠠ ᠢᠨᠵᠠᠭᠠᠨ ᠰᠦᠮ᠎ᠡ ᠶᠢᠨ ᠲᠡᠦᠬᠡ ᠶᠢ ᠨᠡᠯᠢᠶᠡᠳ ᠲᠣᠳᠣᠷᠬᠠᠢ ᠲᠡᠮᠳᠡᠭᠯᠡᠭᠰᠡᠨ ᠭᠠᠷ ᠪᠢᠴᠢᠮᠡᠯ ᠪᠣᠯᠣᠨ᠎ᠠ᠃ ᠠᠳᠡᠬᠢ ᠶᠢᠨ ᠡᠪᠦᠭᠡᠳ᠂ ᠯᠠᠮᠠ ᠨᠠᠷ ᠤᠨ ᠬᠡᠯᠡᠬᠦ ᠪᠠᠷ ᠵᠢᠯ ᠪᠦᠷᠢ ᠶᠢᠨ ᠡᠪᠦᠯ ᠤᠨ ᠰᠡᠭᠦᠯ ᠰᠠᠷ᠎ᠠ ᠳᠤ ᠪᠢᠴᠢᠵᠦ ᠬᠠᠳᠠᠭᠠᠯᠠᠳᠠᠭ ︽ᠲᠠᠩᠽᠢ︾ ᠶᠤᠮ ᠭᠡᠨ᠎ᠡ᠃ ᠡᠶᠢᠮᠦ ᠠᠴᠠ ᠡᠳᠡᠭᠡᠷ ᠰᠤᠳᠤᠷ ᠢ ᠪᠦᠷ ︽ᠲᠠᠩᠽᠢ︾ ᠭᠡᠵᠦ ᠨᠡᠷᠡᠯᠡᠳᠡᠭ ᠪᠢᠯᠡ᠃ ᠳᠡᠭᠡᠷᠡᠬᠢ ᠬᠤᠶᠠᠷ ᠰᠤᠳᠤᠷ ᠤᠨ ᠡᠮᠦᠨᠡᠬᠢ ᠨᠢ ᠱᠠᠬᠢᠵᠠᠮᠤᠨᠢ ᠶᠢᠨ ᠮᠡᠨᠳᠦᠯᠡᠭᠰᠡᠨ ᠠᠴᠠ ᠨᠠᠰᠢᠬᠢ ᠪᠤᠷᠬᠠᠨ ᠱᠠᠰᠢᠨ ᠤ ᠲᠣᠪᠴᠢ ᠲᠡᠦᠬᠡ ᠶᠢ ᠪᠢᠴᠢᠭᠡᠳ 1721 ᠣᠨ ᠳᠤ ᠬᠦᠷᠭᠡᠵᠦ᠂ 1721 ᠣᠨ ᠠᠴᠠ ᠡᠬᠢᠯᠡᠨ ᠢᠨᠵᠠᠭᠠᠨ ᠰᠦᠮ᠎ᠡ  ᠶᠢ ᠰᠠᠭᠤᠷᠢᠯᠠᠭᠰᠠᠨ ᠪᠠ ᠲᠡᠭᠦᠨ ᠠᠴᠠ ᠬᠤᠶᠢᠰᠢᠬᠢ ᠲᠤᠰ ᠰᠦᠮ᠎ᠡ ᠶᠢᠨ ᠲᠡᠦᠬᠡ᠂ ᠴᠢᠬᠤᠯᠠ ᠬᠡᠷᠡᠭ ᠶᠠᠪᠤᠳᠠᠯ ᠵᠢᠴᠢ 7 ᠤᠳᠠᠭ᠎ᠠ ᠶᠢᠨ ᠬᠤᠪᠢᠯᠭᠠᠨ ᠭᠡᠭᠡᠳ ᠤᠨ ᠲᠣᠪᠴᠢ ᠨᠠᠮᠲᠠᠷ ᠵᠢᠴᠢ ᠲᠡᠳᠡᠨ ᠤ ᠬᠢᠵᠦ ᠪᠦᠲᠦᠭᠡᠭᠰᠡᠨ ᠬᠡᠷᠡᠭ ᠤᠴᠢᠷ  ᠢ ᠣᠨ ᠳᠠᠷᠠᠭᠠᠯᠠᠨ ᠲᠡᠮᠳᠡᠭᠯᠡᠵᠦ᠂1916 ᠣᠨ ᠳᠤ ᠢᠨᠵᠠᠭᠠᠨ ᠰᠦᠮ᠎ᠡ ᠶᠢᠨ ᠭᠡᠭᠡᠨ ᠷᠠᠭᠳᠠᠨᠳᠣᠪᠳᠤᠨ ᠢ ᠰᠢᠷᠡᠭᠡᠨ  ᠳᠤ ᠵᠠᠯᠠᠭᠰᠠᠨ ᠬᠦᠷᠭᠡᠭᠡᠳ ᠵᠣᠬᠢᠶᠠᠯ ᠢᠶᠠᠨ ᠰᠡᠭᠦᠯ ᠬᠤᠷᠢᠶᠠᠨ ᠲᠡᠭᠦᠰᠬᠡᠭᠰᠡᠨ ᠪᠠᠶᠢᠨ᠎ᠠ᠃ ᠡᠭᠦᠨ ᠢᠶᠠᠷ ᠦᠵᠡᠪᠡᠯ ᠡᠨᠡ ᠰᠤᠳᠤᠷ 1916 ᠣᠨ ᠤ ᠡᠪᠦᠯ ᠤᠨ ᠰᠡᠭᠦᠯ ᠰᠠᠷ᠎ᠠ ᠳᠤ ᠪᠢᠴᠢᠭᠳᠡᠭᠰᠡᠨ ᠢᠨᠵᠠᠭᠠᠨ ᠰᠦᠮ᠎ᠡ ᠶᠢᠨ ︽ᠲᠠᠩᠽᠢ︾ ᠪᠣᠯᠣᠯᠲᠠᠢ᠃ ᠨᠥᠭᠦᠭᠡ ᠨᠢᠭᠡ ᠰᠤᠳᠤᠷ ᠨᠢ ᠡᠭᠦᠨ ᠠᠴᠠ ᠰᠡᠭᠦᠯ ᠤᠨ ᠵᠢᠯ ᠤᠳ ᠲᠤ ᠪᠢᠴᠢᠭᠳᠡᠭᠰᠡᠨ ᠣᠨ ᠵᠢᠯ ᠤᠨ ᠶᠠᠪᠤᠴᠠ ᠪᠠᠷ ᠢᠶᠠᠨ ᠨᠡᠮᠡᠯᠲᠡ ᠣᠷᠣᠭᠤᠯᠤᠭᠰᠠᠨ ᠬᠠᠭᠤᠯᠪᠤᠷᠢ ᠪᠣᠯᠣᠨ᠎ᠠ᠃ ᠠᠭᠤᠯᠭ᠎ᠠ ᠶᠢᠨ ᠲᠠᠯ᠎ᠠ ᠪᠠᠷ ᠠᠳᠠᠯᠢᠬᠠᠨ ᠪᠠᠶᠢᠳᠠᠭ᠃          9᠂ ︽ᠷᠠᠪ ᠵᠠᠯᠠ ᠬᠡᠮᠡᠬᠦ ᠰᠢᠷᠣᠢ ᠦᠬᠡᠷ ᠵᠢᠯ ᠤᠨ ᠯᠢᠳ᠋︾ — ᠲᠤᠰ ᠰᠤᠳᠤᠷ ᠪᠣᠯ ᠮᠥᠨ ᠢᠨᠵᠠᠭᠠᠨ ᠰᠦᠮ᠎ᠡ ᠶᠢᠨ ᠲᠡᠦᠬᠡ ᠶᠢᠨ ᠲᠤᠬᠠᠢ ᠲᠡᠮᠳᠡᠭᠯᠡᠯ ᠪᠣᠯᠣᠨ᠎ᠠ᠃ ᠡᠨᠡ ᠰᠤᠳᠤᠷ ᠢ ᠲᠣᠩ ᠵᠢᠵᠢᠭ ᠬᠡᠯᠪᠡᠷᠢ ᠪᠠᠷ ᠰᠤᠳᠤᠷᠯᠠᠵᠠᠢ᠃ ᠥᠷᠭᠡᠨ ᠨᠢ 8.5cm ᠤᠷᠲᠤ ᠨᠢ 23cm ᠬᠢᠷᠢ ᠲᠠᠢ᠂ ᠨᠡᠶᠢᠲᠡ 40 ᠴᠠᠭᠠᠨᠰᠣ 80 ᠨᠢᠭᠤᠷ ᠪᠠᠶᠢᠨ᠎ᠠ᠃ ᠲᠡᠷᠡ ᠨᠢ 1948 ᠣᠨ ᠤ ᠡᠪᠦᠯ ᠢᠨᠵᠠᠭᠠᠨ ᠰᠦᠮ᠎ᠡ ᠳᠤ ᠲᠥᠪᠡᠳ ᠢᠶᠠᠷ ᠪᠢᠴᠢᠭᠳᠡᠵᠦ᠂ 1949 ᠣᠨ ᠤ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠨᠡᠶᠢᠲᠡᠯᠡᠭᠳᠡᠵᠦ ᠭᠡᠨ᠎ᠡ᠃ ᠲᠤᠰ ᠰᠤᠳᠤᠷ ᠲᠤ ᠤᠯᠠᠮᠵᠢᠯᠠᠯ ᠶᠣᠰᠣᠭᠠᠷ ᠪᠤᠷᠬᠠᠨ ᠱᠠᠰᠢᠨ ᠡᠭᠦᠰᠦᠭᠰᠡᠨ ᠠᠴᠠ ᠨᠠᠰᠢᠬᠢ ᠲᠡᠦᠬᠡ ᠶᠢ ᠢᠨᠵᠠᠭᠠᠨ ᠰᠦᠮ᠎ᠡ ᠶᠢ ᠪᠡᠯᠡᠳᠬᠡᠵᠦ ᠪᠠᠶᠢᠭᠤᠯᠤᠭᠰᠠᠨ ᠠᠴᠠ ᠨᠠᠰᠢᠬᠢ ᠲᠡᠦᠬᠡ ᠲᠠᠢ ᠬᠤᠯᠪᠣᠨ ᠪᠢᠴᠢᠵᠦ᠂1000 ᠢᠯᠡᠭᠦᠦ ᠵᠢᠯ ᠤᠨ ᠪᠤᠷᠬᠠᠨ ᠱᠠᠰᠢᠨ ᠤ ᠲᠡᠦᠬᠡ ᠶᠢᠨ ᠦᠢᠯᠡ ᠬᠡᠷᠡᠭ ᠢ ᠲᠣᠪᠴᠢᠯᠠᠨ ᠨᠠᠶᠢᠷᠠᠭᠤᠯᠵᠤ᠂ ᠥᠪᠡᠷ ᠤᠨ ᠰᠦᠮ᠎ᠡ ᠶᠢᠨ ᠢᠶᠠᠨ ᠲᠡᠦᠬᠡ ᠪᠣᠯᠭᠠᠵᠠᠢ᠃ ᠨᠡᠩ ᠴᠢᠬᠤᠯᠠ ᠨᠢ᠂ 1949 ᠣᠨ ᠤ ᠰᠢᠷᠠᠭᠴᠢᠨ ᠦᠬᠡᠷ ᠵᠢᠯ ᠤᠨ ᠴᠠᠭ ᠤᠯᠠᠷᠢᠯ ᠤᠨ ᠵᠢᠷᠤᠬᠠᠢ ︵ᠪᠢᠴᠢᠭ︶ — ᠶᠡᠭᠡ ᠪᠠᠭ᠎ᠠ ᠰᠠᠷ᠎ᠠ᠂ ᠬᠤᠷᠢᠨ ᠳᠥᠷᠪᠡᠨ ᠤᠯᠠᠷᠢᠯ ᠤᠨ ᠲᠣᠬᠢᠶᠠᠯ᠂ ᠨᠠᠷᠠ᠂ ᠰᠠᠷᠠ ᠭᠬᠢᠷᠲᠦᠬᠦ᠂ ᠡᠰᠢ ᠡᠷᠬᠡᠲᠡᠨ ᠤ ᠵᠣᠬᠢᠶᠠᠯ ᠵᠡᠷᠭᠡ ᠶᠢ ᠰᠢᠨᠵᠢᠯᠡᠬᠦ ᠤᠬᠠᠭᠠᠨ ᠤ ᠵᠢᠷᠤᠬᠠᠢ ᠶᠢᠨ ᠲᠤᠭ᠎ᠠ ᠶᠢᠨ ᠠᠷᠭ᠎ᠠ ᠪᠠᠷ ᠤᠷᠢᠳᠴᠢᠯᠠᠨ ᠪᠣᠳᠣᠵᠤ ᠭᠠᠷᠭᠠᠭᠰᠠᠨ ᠪᠠᠶᠢᠨ᠎ᠠ᠃ ᠭᠡᠪᠡᠴᠦ ᠵᠣᠬᠢᠶᠠᠭᠴᠢ ᠶᠢᠨ ᠨᠡᠷ᠎ᠡ ᠦᠭᠡᠢ᠃ ᠲᠤᠰ ᠰᠤᠳᠤᠷ ᠨᠢ᠂ ᠰᠢᠷᠠᠭᠴᠢᠨ ᠦᠬᠡᠷ ᠵᠢᠯ ᠤᠨ ᠴᠠᠭ ᠤᠯᠠᠷᠢᠯ ᠤᠨ ᠪᠢᠴᠢᠭ ᠪᠣᠯᠬᠤᠷ᠂ ᠰᠤᠳᠤᠷ ᠤᠨ ᠡᠬᠢᠨ ᠤ ᠪᠦᠯᠦᠭ ᠲᠤ ᠰᠦᠷᠯᠢᠭ ᠰᠠᠶᠢᠬᠠᠨ ᠦᠬᠡᠷ ᠤᠨ ᠵᠢᠷᠤᠭ ᠵᠢᠷᠤᠵᠤ᠂ ᠲᠡᠭᠦᠨ ᠤ ᠭᠠᠳᠠᠭᠤᠷ ᠬᠡ ᠤᠭᠠᠯᠵᠠ ᠤᠷᠠᠯᠠᠨ ᠴᠢᠮᠡᠭᠯᠡᠵᠡᠢ᠃ ᠡᠨᠡᠬᠦ ᠰᠤᠳᠤᠷ ᠬᠡᠳᠦᠶᠢᠪᠡᠷ ᠵᠢᠵᠢᠭᠬᠡᠨ ᠪᠠᠭ᠎ᠠ ᠰᠤᠳᠤᠷ ᠪᠣᠯᠪᠠᠴᠤ᠂ ᠲᠡᠭᠦᠨ ᠤ ᠵᠣᠯ ᠢᠶᠠᠷ ᠮᠠᠨ ᠳᠤ ᠦᠯᠡᠳᠡᠭᠰᠡᠨ ᠨᠢ 1940 ᠭᠡᠳ ᠣᠨ ᠪᠣᠯᠬᠤ ᠳᠤ ᠦᠵᠦᠮᠦᠴᠢᠨ ᠤ ᠰᠦᠮ᠎ᠡ ᠬᠡᠶᠢᠳ ᠪᠤᠶᠤ ᠪᠦᠬᠦᠯᠢ ᠨᠡᠶᠢᠭᠡᠮ ᠤᠨ ᠪᠢᠴᠢᠭ ᠤᠨ ᠰᠣᠶᠣᠯ ᠤᠨ ᠲᠡᠦᠬᠡᠨ ᠬᠥᠭᠵᠢᠯ᠂ ᠴᠠᠭ ᠤᠯᠠᠷᠢᠯ ᠤᠨ ᠰᠢᠨᠵᠢᠯᠡᠭᠡᠨ ᠢ ᠪᠠᠭᠲᠠᠭᠠᠭᠰᠠᠨ ᠰᠢᠨᠵᠢᠯᠡᠬᠦ ᠤᠬᠠᠭᠠᠨ ᠤ ᠲᠦᠪᠰᠢᠨ᠂ ᠬᠢᠷᠢ ᠬᠡᠮᠵᠢᠶ᠎ᠡ ᠶᠢ ᠰᠤᠳᠤᠯᠬᠤ ᠳᠤ ᠲᠤᠶᠢᠯ ᠤᠨ ᠬᠤᠪᠣᠷ ᠦᠨᠡᠲᠦ ᠮᠠᠲ᠋ᠧᠷᠢᠶᠠᠯ ᠪᠣᠯᠬᠤ ᠶᠤᠮ᠃          10᠂ ︽ᠦᠵᠦᠮᠦᠴᠢᠨ ᠬᠤᠰᠢᠭᠤᠨ ᠤ ᠬᠤᠪᠢᠯᠭᠠᠨ ᠵᠢᠭ᠍ᠮᠢᠳᠳᠠᠨᠽᠠᠨᠵᠠᠮᠰᠤ ᠶᠢᠨ ᠲᠡᠦᠬᠡ ᠣᠷᠣᠰᠢᠪᠠᠢ︾ ᠭᠡᠳᠡᠭ ᠰᠤᠳᠤᠷ — ᠲᠤᠰ ᠰᠤᠳᠤᠷ ᠪᠣᠯ ᠭᠦᠮᠪᠦᠮ ᠬᠡᠶᠢᠳ ᠤᠨ ᠵᠤᠤᠰᠢ ᠭᠡᠭᠡᠨ ᠤ ᠰᠦᠮᠪᠦᠨ ᠳᠣᠲᠣᠷ᠎ᠠ ᠰᠣᠩᠭᠤᠭᠳᠠᠨ ᠣᠷᠣᠭᠰᠠᠨ ᠲᠤᠰᠬᠠᠢ ᠨᠢᠭᠡ ᠪᠣᠳᠢ ᠪᠣᠯᠣᠨ᠎ᠠ᠃ ᠵᠣᠬᠢᠶᠠᠭᠳᠠᠭᠰᠠᠨ ᠬᠤᠭᠤᠴᠠᠭ᠎ᠠ ᠨᠢ ᠲᠣᠳᠣᠷᠬᠠᠢ ᠦᠭᠡᠢ᠃ ᠲᠡᠭᠦᠨ ᠳᠤ ᠦᠵᠦᠮᠦᠴᠢᠨ ᠪᠠᠷᠠᠭᠤᠨ ᠭᠠᠷ ᠬᠤᠰᠢᠭᠤᠨ ᠤ ᠢᠨᠵᠠᠭᠠᠨ ᠰᠦᠮ᠎ᠡ ᠶᠢᠨ ᠬᠤᠶᠠᠳᠤᠭᠠᠷ ᠰᠢᠷᠡᠭᠡᠨ ᠯᠠᠮᠠ — ᠠᠩᠬᠠᠳᠤᠭᠠᠷ ᠳᠦᠷᠢ ᠶᠢᠨ ᠬᠤᠪᠢᠯᠭᠠᠨ ᠯᠣᠪᠰᠠᠩᠨᠢᠩᠷᠠᠭ ᠠᠴᠠ ᠳᠣᠷᠣᠭᠰᠢ ᠪᠠᠨ ᠰᠡᠭᠦᠯ ᠤᠨ ᠭᠡᠭᠡᠨ ᠷᠠᠭᠳᠠᠨᠳᠣᠪᠳᠤᠨ ᠬᠦᠷᠲᠡᠯ᠎ᠡ 6 ᠤᠳᠠᠭ᠎ᠠ ᠶᠢᠨ ᠬᠤᠪᠢᠯᠭᠠᠨ ᠭᠡᠭᠡᠨ ᠤ ᠲᠡᠦᠬᠡ ᠶᠢ ᠣᠨ ᠳᠠᠷᠠᠭᠠᠯᠠᠭᠰᠠᠨ ᠲᠡᠦᠬᠡ ᠶᠢᠨ ᠬᠡᠯᠪᠡᠷᠢ ᠪᠠᠷ ᠲᠤᠶᠢᠯ ᠤᠨ ᠨᠠᠷᠢᠨ ᠲᠣᠳᠣᠷᠬᠠᠢ ᠪᠠᠷ ᠨᠠᠮᠲᠠᠷᠯᠠᠨ ᠲᠡᠮᠳᠡᠭᠯᠡᠵᠡᠢ᠃ ᠲᠤᠰ ᠰᠤᠳᠤᠷ ᠣᠳᠣ ᠣᠯᠳᠠᠬᠤ ᠳᠤ ᠪᠡᠷᠬᠡ ᠪᠣᠯᠣᠭᠰᠠᠨ ᠲᠡᠦᠬᠡ ᠶᠢᠨ ᠵᠠᠷᠢᠮ ᠬᠡᠷᠡᠭ ᠤᠴᠢᠷ ᠢ ᠬᠥᠮᠥᠨ᠂ ᠭᠠᠵᠠᠷ᠂ ᠴᠠᠭ᠂ ᠬᠡᠷᠡᠭ ᠳ᠋ᠦᠩ  ᠲᠠᠢ ᠨᠢ ᠮᠠᠨ ᠳᠤ ᠲᠤᠰᠢᠶᠠᠭᠰᠠᠨ ᠨᠢ ᠦᠨᠡᠬᠡᠷ ᠲᠤᠶᠢᠯ ᠤᠨ ᠬᠤᠪᠣᠷ ᠨᠠᠨᠳᠢᠨ ᠦᠨ᠎ᠡ ᠥᠷᠲᠡᠭ ᠲᠠᠢ᠃ ᠲᠡᠷᠡ ᠨᠢ ᠬᠡᠳᠦᠶᠢᠪᠡᠷ ᠢᠨᠵᠠᠭᠠᠨ ᠰᠦᠮ᠎ᠡ ᠶᠢᠨ ᠲᠡᠦᠬᠡ ᠰᠢᠭ ᠪᠣᠯᠪᠠᠴᠤ᠂ ᠲᠡᠭᠦᠨ ᠳᠤ ᠦᠵᠦᠮᠦᠴᠢᠨ ᠤ ᠲᠤᠬᠠᠢ ᠶᠢᠨ ᠦᠶ᠎ᠡ  ᠶᠢᠨ ᠡᠯ᠎ᠡ ᠲᠠᠯ᠎ᠠ ᠶᠢᠨ ᠪᠠᠶᠢᠳᠠᠯ ᠢ ᠲᠡᠦᠬᠡ ᠶᠢᠨ ᠶᠣᠰᠣᠭᠠᠷ ᠲᠤᠰᠬᠠᠭᠰᠠᠨ ᠪᠠᠶᠢᠳᠠᠭ᠃            ᠦᠵᠦᠮᠦᠴᠢᠨ ᠤ ᠪᠢᠴᠢᠭ ᠤᠨ ᠰᠣᠶᠣᠯ ᠤᠨ ᠦᠨᠡᠲᠦ ᠪᠦᠲᠦᠭᠡᠯ ᠪᠣᠯᠬᠤ ᠳᠡᠭᠡᠷᠡᠬᠢ 10 ᠰᠤᠳᠤᠷ ᠪᠣᠯ ᠣᠳᠣ  ᠪᠠᠷ ᠢᠶᠠᠨ ᠮᠠᠨ ᠳᠤ ᠣᠯᠳᠠᠭᠰᠠᠨ ᠪᠣᠳᠠᠲᠤ ᠵᠣᠬᠢᠶᠠᠯ ᠤᠨ ᠳᠣᠲᠣᠷᠠᠬᠢ ᠲᠥᠯᠥᠭᠡᠯᠡᠬᠦ ᠴᠢᠨᠠᠷ ᠲᠠᠢ ᠵᠢᠱᠢᠶ᠎ᠡ ᠪᠣᠯᠣᠨ᠎ᠠ᠃ ᠡᠨᠡ ᠨᠢ ᠦᠵᠦᠮᠦᠴᠢᠨ ᠤ ᠪᠢᠴᠢᠭ ᠤᠨ ᠰᠣᠶᠣᠯ ᠤᠨ ᠲᠡᠦᠬᠡᠨ ᠬᠥᠭᠵᠢᠯᠲᠡ ᠶᠢ ᠪᠢᠳᠡᠨ ᠳᠤ ᠦᠵᠡᠭᠦᠯᠬᠦ ᠲᠡᠦᠬᠡ  ᠶᠢᠨ ᠭᠡᠷᠡᠴᠢ ᠪᠣᠯᠬᠤ ᠶᠣᠰᠣᠲᠠᠢ᠃        
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号