︽ᠭᠠᠩᠭ᠎ᠠ ᠶᠢᠨ ᠤᠷᠤᠰᠬᠠᠯ︾ ᠬᠡᠮᠡᠬᠦ ᠨᠣᠮ ᠤᠨ ᠰᠢᠯᠦᠭ — ᠭᠤᠮᠪᠣᠵᠠᠪ
ᠨᠡᠶᠢᠲᠡᠯᠡᠭᠰᠡᠨ ᠴᠠᠭ᠄
2017/3/6
                        ᠣᠷᠣᠰᠢᠯ ᠤᠨ ᠰᠢᠯᠦᠭ    ᠠᠴᠢᠲᠤ ᠢᠵᠠᠭᠤᠷ ᠬᠢᠭᠡᠳ ᠦᠨᠳᠦᠰᠦᠨ ᠪᠯᠠᠮ᠎ᠠ ᠢᠳᠠᠮ ᠭᠤᠷᠪᠠᠨ ᠡᠷᠳᠡᠨᠢ①    ᠠᠬᠤᠢ ᠶᠡᠭᠡ ᠡᠭᠦᠰᠬᠡᠨ ᠲᠡᠳᠬᠦᠭᠴᠢ ᠬᠥᠬᠡ ᠮᠥᠩᠬᠡ ᠲᠡᠭᠷᠢ    ᠠᠯᠢᠨ᠎ᠠ ᠡᠰᠢ ᠥᠭᠲᠡᠭᠡᠳ ᠰᠠᠶᠢᠨ ᠪᠤᠶᠠᠨ ᠪᠠᠲᠤ ᠶᠢᠷᠦᠭᠡᠷ ︵ᠢᠷᠦᠭᠡᠯ︶ ᠤᠨ ᠬᠦᠴᠦ ᠪᠠᠷ    ᠠᠯᠲᠠᠨ ᠲᠡᠯᠡᠬᠢ ︵ᠳᠡᠯᠡᠬᠡᠢ︶ ᠶᠢ ᠡᠵᠡᠯᠡᠭᠰᠡᠨ ᠰᠣᠳᠣ ᠪᠣᠭᠳᠠ ᠴᠢᠩᠭᠢᠰ ᠬᠠᠭᠠᠨ ᠢᠯᠠᠲᠤᠭᠠᠢ᠃    ᠦᠯᠢᠰᠢ ᠦᠭᠡᠢ ᠬᠦᠴᠦᠨ ᠬᠦᠷᠳᠦᠨ ᠢ ᠣᠷᠴᠢᠭᠤᠯᠤᠭᠴᠢ② ᠲᠡᠷᠡᠬᠦ ᠪᠣᠭᠳᠠ ᠬᠢᠭᠡᠳ    ᠦᠷ᠎ᠡ ᠦᠨᠳᠦᠰᠦᠨ ᠪᠠ ᠤᠭ ᠨᠢᠭᠡᠲᠡ ᠳᠣᠲᠣᠭᠠᠳᠤ ᠭᠠᠳᠠᠭᠠᠳᠤ ᠬᠠᠳ ᠨᠣᠶᠠᠳ ᠤᠨ    ᠦᠯᠡᠮᠵᠢ ᠪᠢᠯᠭᠡ ᠪᠢᠯᠢᠭ ᠪᠣᠯᠣᠭᠰᠠᠨ ᠭᠠᠶᠢᠬᠠᠮᠰᠢᠭᠲᠤ ᠳᠡᠭᠡᠳᠦ ᠰᠦᠷ ᠰᠦᠯᠳᠡ ᠳᠤᠷ    ᠦᠨᠡᠨ ᠰᠡᠳᠬᠢᠯ ᠴᠢᠩ ᠪᠢᠰᠢᠷᠡᠯ ᠢᠶᠠᠷ ᠪᠦᠬᠦᠨ ᠠᠴᠠ ᠰᠦᠰᠦᠭᠯᠡᠨ ᠵᠠᠯᠪᠠᠷᠢᠮᠤᠢ᠃    ᠢᠮᠠᠭᠠᠲᠠ ᠬᠤᠴᠤᠷᠯᠢ ᠦᠭᠡᠢ ᠲᠡᠳᠡᠭᠡᠷ ᠤᠨ ᠢᠪᠡᠭᠡᠯ ᠠᠪᠤᠷᠠᠯ ᠯᠤᠭ᠎ᠠ ᠰᠠᠯᠲᠠᠨ③    ᠢᠯᠠᠩᠭᠤᠶ᠎ᠠ ᠨᠡᠷ᠎ᠡ ᠠᠯᠳᠠᠷ ᠲᠡᠭᠦᠯᠳᠡᠷ ᠳᠠᠭᠤᠷᠢᠰᠭᠠᠰᠠᠨ ᠰᠡᠴᠡᠨ ᠵᠢᠨᠦᠩ ᠴᠡᠸᠠᠩ④    ᠢᠯᠠᠷᠬᠡᠶ᠎ᠡ ᠲᠠᠪᠤᠨ ᠤᠬᠠᠭᠠᠨ⑤ ᠤ ᠣᠷᠣᠨ ᠢ ᠲᠤᠭᠤᠯᠤᠭᠰᠠᠨ ᠠᠴᠢᠲᠤ ᠬᠤᠩ ᠲᠠᠶᠢᠵᠦ⑥     ᠢᠨᠠᠳᠤ ᠴᠢᠨᠠᠳᠤ ᠬᠤᠣᠰ ᠶᠣᠰᠣᠨ᠎ᠠ⑦ ᠮᠡᠷᠭᠡᠨ ᠴᠠᠭᠠᠨ ᠨᠡᠷᠡᠲᠦ⑧ ᠲᠠᠨ ᠠᠰᠠᠷᠠᠲᠤᠭᠠᠢ᠃                     ᠲᠡᠭᠦᠰᠬᠡᠯ ᠤᠨ ᠰᠢᠯᠦᠭ     ᠺᠠᠩ ᠮᠣ᠋ ᠲᠡᠷᠢᠭᠦᠲᠡᠨ ᠨᠠᠩᠭᠢᠶᠠᠳ ᠪᠠ ᠮᠣᠩᠭᠤᠯ ᠤᠨ ᠬᠡᠳᠦᠨ ᠲᠡᠦᠬᠡ ᠱᠠᠰᠲᠢᠷ ᠠᠴᠠ     ᠺᠠᠯᠲᠤᠷ ᠮᠣᠳᠣᠨ ᠤ ᠭᠤᠣᠯ ᠰᠠᠯᠠᠭᠠᠨ ᠢ ᠳᠦᠷᠢᠮᠯᠡᠨ ᠵᠡᠷᠭᠡᠪᠡᠷ ᠲᠣᠪᠴᠢᠯᠠᠵᠤ ᠵᠢᠭᠠᠰᠭᠠᠭᠰᠠᠨ     ᠺᠠᠩᠺᠠ ᠶᠢᠨ ᠤᠷᠤᠰᠬᠠᠯ ᠬᠡᠮᠡᠬᠦ ᠡᠨᠡ ᠪᠢᠴᠢᠭ ᠤᠨ ᠥᠭᠦᠯᠡᠯ ᠪᠠ ᠥᠭᠦᠯᠡᠭᠳᠡᠬᠦᠨ     ᠺᠠᠯᠪᠠ ᠡᠴᠦᠰᠲᠡᠯ᠎ᠡ ᠦᠪᠡᠳᠡᠭᠰᠢ ᠳᠡᠯᠭᠡᠷᠡᠨ ᠥᠨᠢᠳᠡ ᠢᠨᠦ ᠶᠢ ᠢᠷᠦᠭᠡᠮᠦᠢ᠃ ᠪᠠᠰᠠ     ᠴᠢᠩ ᠤᠯᠤᠰ ᠤᠨ ᠬᠡᠨ ︵ᠬᠠᠭᠠᠨ︶ ᠲᠥᠷᠥ ᠪᠠᠲᠤᠳᠠ ᠣᠷᠣᠰᠢᠨ ᠪᠠᠳᠠᠷᠠᠨ ᠥᠷᠭᠡᠳᠬᠡᠭᠡᠳ     ᠴᠢᠳ᠋ᠭᠠᠴᠢᠳ ᠤᠨ ᠠᠷᠰᠯᠠᠨ ᠤ ᠱᠠᠰᠢᠨ ᠡᠯᠳᠡᠪ ᠶᠣᠰᠣᠨ ᠪᠦᠭᠦᠳᠡ ᠰᠠᠨᠠᠲᠤᠷ ᠮᠠᠨᠳᠤᠭᠤᠯ᠃     ᠴᠢᠨᠠᠷ ᠲᠡᠭᠦᠯᠳᠡᠷ ᠡᠯᠡ ᠪᠣᠳᠠᠰ ᠠᠮᠤᠷ ᠢᠶᠠᠷ ᠴᠢᠩᠭᠡᠨ ᠪᠣᠯᠪᠠᠰᠤᠷᠠᠭᠠᠳ     ᠴᠢᠨᠠᠳᠤ ᠬᠢᠵᠠᠭᠠᠷ ᠰᠢᠲᠦᠭᠡᠨ ᠪᠠ ᠰᠢᠲᠦᠭᠴᠢ ᠶᠢᠨ ᠪᠡᠶ᠎ᠡ ᠪᠠᠷ ᠵᠢᠪᠠᠭᠤᠯᠠᠩᠲᠠᠶ᠎ᠠ ᠪᠣᠰᠲᠤᠭᠠᠢ᠃ᠵᠡᠭᠦᠯᠲᠡ᠄ ① ᠢᠳᠠᠮ ᠭᠤᠷᠪᠠᠨ ᠡᠷᠳᠡᠨᠢ — ᠪᠤᠷᠬᠠᠨ ᠤ ᠱᠠᠰᠢᠨ ᠳᠤ᠂ ᠪᠤᠷᠬᠠᠨ᠂ ᠨᠣᠮ᠂ ᠬᠤᠸᠠᠷᠠᠭ ᠢ ᠪᠤᠷᠬᠠᠨ ᠡᠷᠳᠡᠨᠢ ᠬᠡᠮᠡᠳᠡᠭ᠃ ᠢᠳᠠᠮ ᠬᠡᠮᠡᠭᠴᠢ ᠪᠤᠷᠬᠠᠨ ᠤ ᠨᠡᠷ᠎ᠡ᠂ ᠠᠳᠡ ᠪᠤᠷᠬᠠᠨ ᠭᠤᠷᠪᠠᠨ ᠡᠷᠳᠡᠨᠢ ᠭᠡᠰᠡᠨ ᠤᠳᠬ᠎ᠠ ᠪᠠᠷ ᠬᠡᠷᠡᠭᠯᠡᠪᠡ ᠬᠡᠮᠡᠨ ᠴᠣᠶᠢᠵᠢ ᠪᠠᠭᠰᠢ ᠲᠠᠶᠢᠯᠪᠤᠷᠢᠯᠠᠪᠠ᠃ ②ᠬᠦᠷᠳᠦᠨ ᠢ ᠣᠷᠴᠢᠭᠤᠯᠤᠭᠴᠢ — ᠡᠷᠲᠡᠨ ᠤ ᠡᠨᠡᠳᠬᠡᠭ ᠤᠨ ᠴᠢᠭᠷᠡᠸᠠᠷᠳᠢ ᠬᠠᠭᠠᠨ ᠢ ᠮᠣᠩᠭᠤᠯ ᠤᠨ ᠡᠷᠲᠡᠨ ᠤ ᠲᠡᠦᠬᠡᠨ ᠰᠤᠷᠪᠤᠯᠵᠢ ᠪᠢᠴᠢᠭ ᠲᠤ ᠬᠦᠷᠳᠦᠨ ᠣᠷᠴᠢᠭᠤᠯᠤᠭᠴᠢ᠂ ᠬᠦᠷᠳᠦᠨ ᠡᠷᠭᠢᠭᠦᠯᠦᠭᠴᠢ᠂ ᠠᠯᠲᠠᠨ ᠬᠦᠷᠳᠦᠨ ᠡᠷᠭᠢᠭᠦᠯᠦᠭᠴᠢ ᠭᠡᠵᠤ ᠣᠷᠴᠢᠭᠤᠯᠤᠨ ᠲᠡᠮᠳᠡᠭᠯᠡᠵᠦ ᠪᠠᠶᠢᠳᠠᠭ᠃ ③ᠰᠠᠯᠲᠠᠨ — ᠰᠡᠯᠲᠡ ᠶᠢᠨ ᠣᠯᠠᠨ ᠲᠤᠭ᠎ᠠ᠂ ᠵᠡᠷᠭᠡ᠂ ᠬᠠᠮᠲᠤ ᠭᠡᠬᠦ ᠤᠳᠬ᠎ᠠ ᠲᠠᠢ᠃ ④ᠰᠡᠴᠡᠨ ᠵᠢᠨᠦᠩ ᠴᠡᠸᠠᠩ — ᠦᠵᠦᠮᠦᠴᠢᠨ ᠪᠠᠷᠠᠭᠤᠨ ᠭᠠᠷᠤᠨ ᠬᠤᠰᠢᠭᠤᠨ ᠤ ᠵᠠᠰᠠᠭ ᠬᠤᠱᠣᠢ ᠰᠡᠴᠡᠨ ᠴᠢᠨ ᠸᠠᠩ ᠳᠣᠷᠵᠢ ᠶᠢ ᠵᠢᠭᠠᠪᠠ᠃ ⑤ᠲᠠᠪᠤᠨ ᠤᠬᠠᠭᠠᠨ — ᠮᠣᠩᠭᠤᠯ ᠤᠨ ᠰᠤᠷᠪᠤᠯᠵᠢ ᠪᠢᠴᠢᠭ ᠤᠳ ᠲᠤ ︽ᠭᠠᠨᠵᠤᠤᠷ︾᠂ ︽ᠳ᠋ᠠᠨᠵᠤᠤᠷ︾ ᠢ ᠲᠠᠪᠤᠨ ᠤᠬᠠᠭᠠᠨ ᠤ ᠨᠣᠮ ᠭᠡᠳᠡᠭ᠃ ⑥ᠠᠴᠢᠲᠤ ᠬᠤᠩ ᠲᠠᠶᠢᠵᠦ — ᠳᠣᠷᠵᠢ ᠴᠢᠨ ᠸᠠᠩ ᠤᠨ ᠭᠤᠷᠪᠠᠳᠤᠭᠠᠷ ᠬᠥᠪᠡᠭᠦᠨ ᠢ ᠮᠣᠩᠭᠤᠯ ᠤᠨ ᠰᠤᠷᠪᠤᠯᠵᠢ ᠲᠡᠦᠬᠡ ᠰᠤᠳᠤᠷ ᠲᠤ ᠠᠴᠢᠲᠤ ᠬᠤᠩ ᠲᠠᠶᠢᠵᠢ ᠬᠡᠮᠡᠨ ᠲᠡᠮᠳᠡᠭᠯᠡᠭᠰᠡᠨ ᠪᠠᠶᠢᠨ᠎ᠠ᠃ ⑦ᠬᠤᠣᠰ ᠶᠣᠰᠣᠨ᠎ᠠ — ᠱᠠᠰᠢᠨ᠂ ᠲᠥᠷᠥ ᠬᠤᠶᠠᠷ ᠶᠣᠰᠣ ᠶᠢ ᠵᠢᠭᠠᠵᠤ ᠪᠤᠢ᠃ ⑧ᠴᠠᠭᠠᠨ — ᠴᠠᠭᠠᠨ ᠨᠡᠷᠡᠲᠦ ᠭᠡᠳᠡᠭ ᠨᠢ ᠳᠣᠷᠵᠢ ᠰᠡᠴᠡᠨ ᠵᠢᠨᠦᠩ ᠤᠨ ᠴᠢᠨ ᠸᠠᠩ ᠤᠨ ᠵᠡᠷᠭᠡ ᠶᠢ ᠵᠠᠯᠭᠠᠮᠵᠢᠯᠠᠭᠰᠠᠨ ᠴᠠᠭᠠᠨ ᠪᠠᠪᠠᠢ᠂ ᠳᠠᠷᠤᠢ ᠭᠤᠮᠪᠣᠵᠠᠪ ᠥᠪᠡᠷ ᠤᠨ ᠡᠪᠦᠭᠡ ᠡᠴᠢᠭᠡ ᠪᠠᠨ ᠵᠢᠭᠠᠭᠰᠠᠨ ᠪᠣᠯᠣᠯᠲᠠᠢ᠃
 
ᠢᠷᠡᠯᠲᠡ᠄ ︽ᠭᠠᠩᠭ᠎ᠠ ᠶᠢᠨ ᠤᠷᠤᠰᠬᠠᠯ︾ ᠬᠡᠮᠡᠬᠦ ᠨᠣᠮ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号