ᠲᠣᠶᠢᠩᠺᠠᠷ ᠡᠩᠡ ᠶᠢᠨ ᠵᠣᠬᠢᠶᠠᠭᠰᠠᠨ ᠳᠠᠭᠤᠨ ᠤ ᠰᠢᠯᠦᠭ ᠤᠳ
ᠨᠡᠶᠢᠲᠡᠯᠡᠭᠰᠡᠨ ᠴᠠᠭ᠄
2017/3/8
     ᠨᠢᠭᠡ᠂ ᠵᠢᠷᠭᠠᠯᠠᠩᠲᠤ ᠨᠠᠢᠮᠠᠨ ᠮᠣᠷᠢ      ᠤᠷᠢᠳᠤ ᠦᠵᠦᠮᠦᠴᠢᠨ ᠨᠤᠲᠤᠭ ᠲᠤ ᠳᠣᠯᠣᠭᠠᠨ ᠵᠢᠯ ᠳᠠᠷᠠᠭᠠᠯᠠᠨ ᠦᠶᠡᠷ ᠤᠰᠤᠳᠤᠯ᠂ ᠬᠤᠷᠣᠬᠠᠢ ᠰᠢᠪᠠᠵᠢ᠂ ᠴᠠᠰᠤ ᠵᠤᠳ᠂ ᠳᠡᠭᠡᠷᠡᠮ ᠬᠤᠯᠠᠭᠠᠢ ᠶᠢᠨ ᠭᠠᠮᠰᠢᠭ ᠦᠷᠭᠦᠯᠵᠢᠯᠡᠵᠦ᠂ ᠤᠯᠠᠭᠠᠢ ᠭᠤᠣᠯ ᠨᠢ ᠬᠤᠶᠠᠷ ᠦᠵᠦᠮᠦᠴᠢᠨ  ᠤ ᠳᠤᠮᠳᠠᠭᠤᠷ ᠤᠷᠤᠰᠤᠨ ᠬᠠᠯᠬ᠎ᠠ ᠶᠢᠨ ᠴᠢᠨ᠋ᠸ᠎ᠠ ᠭᠤᠣᠯ ᠳᠤ ᠴᠢᠳᠬᠤᠵᠤ᠂ ᠴᠢᠨᠠᠭᠰᠢ ᠪᠠᠨ ᠲᠦᠷᠭᠡᠨ ᠲᠤᠤᠯᠠ ᠲᠠᠢ ᠤᠷᠤᠰᠬᠠᠯ ᠨᠡᠶᠢᠯᠡᠭᠰᠡᠨ ᠳᠤ ᠦᠵᠦᠮᠦᠴᠢᠨ ᠨᠤᠲᠤᠭ ᠤᠨ ᠲᠣᠮᠣᠭᠠᠳᠠᠳ ︽ᠦᠵᠦᠮᠦᠴᠢᠨᠴᠦᠳ ᠬᠠᠯᠬ᠎ᠠ ᠶᠢᠨ ᠴᠢᠨ᠋ᠸ᠎ᠠ  ᠳᠤ ᠰᠣᠷᠣᠭᠳᠠᠯ᠎ᠠ︾ ᠬᠡᠮᠡᠨ ᠰᠡᠵᠢᠭᠯᠡᠵᠦ ᠲᠡᠭᠦᠨ ᠢ ᠬᠤᠷᠢᠭᠯᠠᠨ ᠵᠣᠭᠰᠣᠭᠠᠬᠤ ᠦᠭᠡᠢ ᠪᠣᠯ ᠦᠵᠦᠮᠦᠴᠢᠨ ᠶᠠᠳᠠᠭᠤᠷᠠᠵᠤ ᠬᠤᠭᠤᠰᠤᠷᠠᠬᠤ ᠨᠢ ᠥᠷᠯᠥᠭᠡ ᠦᠳᠡᠰᠢ ᠶᠢᠨ ᠬᠤᠭᠤᠷᠣᠨᠳᠤ ᠪᠣᠯᠪᠠ ᠭᠡᠳ ᠦᠵᠦᠮᠦᠴᠢᠨ ᠤ ᠵᠠᠰᠠᠭ ᠨᠣᠶᠠᠳ ᠤᠳ ᠠᠴᠠ ᠲᠦᠢᠩᠺᠡᠷ ᠡᠩᠡ ᠲᠦᠷᠦᠭᠦᠲᠡᠢ ᠣᠯᠠᠨ ᠬᠥᠮᠥᠰ ᠢ ᠪᠠᠷᠠᠭᠤᠨ ᠭᠠᠵᠠᠷ ᠲᠤ ᠶᠠᠪᠤᠭᠤᠯᠵᠤ᠂ ᠠᠪᠤᠷᠠᠯ ᠳᠠᠭᠠᠳᠬᠠᠯ ᠬᠢᠯᠭᠡᠭᠰᠡᠨ ᠪᠠᠶᠢᠵᠠᠢ᠃      ᠲᠤᠬᠠᠢ ᠶᠢᠨ ᠵᠢᠯ ᠤᠳ ᠲᠤ ᠤᠯᠠᠭᠠᠢ ᠭᠤᠣᠯ ᠤᠨ ᠤᠰᠤᠨ ᠰᠢᠰᠲ᠋ᠧᠮ ᠤᠨ ᠰᠧᠯᠵᠢ᠂ ᠢᠨᠵᠠᠭᠠᠨ᠂ ᠭᠤᠷᠣᠬᠠᠨ᠂ ᠪᠠᠯᠭᠠᠷ᠂ ᠬᠤᠭᠤᠯᠠᠲᠦ᠂ ᠠᠯᠲᠠ᠂ ᠶᠡᠭᠡ ᠪᠠᠭ᠎ᠠ ᠬᠤᠶᠠᠷ ᠵᠢᠷᠢ ᠪᠠ ᠰᠢᠯᠢ ᠶᠢᠨ ᠭᠤᠣᠯ᠂ ᠣᠶᠣᠲᠠᠢ  ᠶᠢᠨ ᠭᠤᠣᠯ ᠵᠡᠷᠭᠡ ᠠᠷᠪᠠᠨ ᠶᠡᠭᠡ ᠭᠤᠣᠯ ᠤᠳ ᠴᠦ ᠤᠯᠠᠭᠠᠢ ᠭᠤᠣᠯ ᠲᠠᠢ ᠤᠷᠤᠰᠬᠠᠯ ᠨᠡᠶᠢᠯᠡᠵᠦ᠂ ᠬᠠᠳᠠᠪᠴᠢ ᠪᠠᠷ ᠬᠠᠯᠬ᠎ᠠ ᠳᠤ ᠤᠷᠤᠰᠤᠨ ᠣᠷᠣᠵᠤ ᠴᠢᠨ᠋ᠸ᠎ᠠ ᠭᠤᠣᠯ ᠳᠤ ᠴᠢᠳᠬᠤᠳᠠᠭ ᠪᠠᠶᠢᠭᠰᠠᠨ ᠭᠡᠨ᠎ᠡ᠃      ᠲᠣᠶᠢᠩᠺᠠᠷ ᠡᠩᠡ ᠲᠡᠷᠡ ᠤᠳᠠᠭ᠎ᠠ ᠯᠠᠪᠷᠤᠩ ᠳᠤ ᠬᠦᠷᠴᠦ᠂ ᠵᠠᠮᠢᠶᠠᠨᠱᠠᠳᠪᠠ ᠶᠢᠨ ᠭᠡᠭᠡᠨ ᠳᠤ ᠮᠥᠷᠭᠦᠵᠦ ᠬᠤᠰᠢᠭᠤ᠂ ᠬᠤᠲᠠᠯᠠ ᠪᠠᠨ ᠳᠠᠭᠠᠳᠬᠠᠵᠤ ᠠᠶᠢᠯᠠᠳᠬᠠᠭᠠᠳ ᠥᠪᠡᠷ ᠤᠨ ᠵᠣᠬᠢᠶᠠᠭᠰᠠᠨ ︽ᠵᠢᠷᠭᠠᠯᠠᠩᠲᠤ ᠨᠠᠢᠮᠠᠨ ᠮᠣᠷᠢ ︾ ᠶᠢᠨ ᠰᠢᠯᠦᠭ ᠢᠶᠠᠨ ᠥᠭᠭᠦᠭᠰᠡᠨ ᠳᠤ ᠭᠡᠭᠡᠨ ᠠᠷᠤ ᠳᠡᠭᠡᠷ᠎ᠡ ᠨᠢ ᠨᠢᠭᠡᠨ ᠡᠷ᠎ᠡ ᠴᠠᠭᠠᠨ ᠠᠷᠰᠯᠠᠨ ᠵᠢᠷᠤᠵᠤ ᠥᠭᠭᠦᠭᠡᠳ᠄ ︽ᠡᠶᠢᠮᠦ ᠰᠢᠨᠵᠢ ᠶᠢᠨ ᠯᠤᠤᠰ ᠢ ᠣᠯᠵᠤ ᠳᠠᠬᠢᠭᠠᠷᠠᠢ᠂ ᠡᠨᠡ ᠵᠢᠷᠤᠭ ᠢ ᠮᠣᠯᠣᠮ ᠪᠯᠠᠮ᠎ᠠ ᠶᠢᠨ ᠭᠡᠭᠡᠨ  ᠳᠤ ᠪᠠᠷᠢ᠂ ᠲᠡᠷᠡ ᠮᠡᠳᠡᠬᠦ ᠶᠤᠮ᠃ ᠴᠢᠩᠭᠢᠭᠡᠳ ᠡᠨᠡ ᠰᠢᠯᠦᠭ ᠢᠶᠠᠨ ᠳᠠᠭᠤᠤ ᠪᠣᠯᠭᠠᠵᠤ ᠡᠳᠦᠷ ᠲᠤ ᠭᠤᠷᠪᠠᠨᠲᠠ ᠳᠠᠭᠤᠯᠠᠭᠤᠯᠪᠠᠯ ᠦᠵᠦᠮᠦᠴᠢᠨ ᠳᠠᠶᠠᠭᠠᠷ ᠲᠤ ᠠᠮᠤᠭᠤᠯᠠᠩ ᠲᠠᠶᠢᠪᠤᠩ ᠪᠣᠯᠣᠨ᠎ᠠ︾ ᠭᠡᠵᠤ ᠠᠶᠢᠯᠠᠳᠤᠭᠰᠠᠨ ᠭᠡᠳᠡᠭ᠃      ᠴᠢᠩᠭᠢᠭᠡᠳ ᠮᠣᠯᠣᠮ ᠪᠯᠠᠮ᠎ᠠ ᠶᠢᠨ ᠭᠡᠭᠡᠨ᠂ ᠲᠣᠶᠢᠩᠺᠠᠷ ᠡᠩᠡ ᠶᠢ ᠳᠠᠭᠠᠭᠤᠯᠵᠤ ᠮᠣᠷᠳᠠᠭᠠᠳ ᠤᠯᠠᠭᠠᠢ ᠭᠤᠣᠯ  ᠤᠨ ᠬᠤᠶᠢᠲᠤ ᠬᠥᠪᠡᠭᠡᠨ ᠳᠠᠬᠢ ᠠᠭᠤᠯᠠ ᠠᠰᠬ᠎ᠠ ᠶᠢ ᠰᠢᠨᠵᠢᠵᠦ ᠶᠠᠪᠤᠭᠰᠠᠭᠠᠷ ᠨᠢᠭᠡᠨ ᠠᠷᠵᠠᠭᠠᠷ ᠪᠠᠷᠵᠠᠭᠠᠷ ᠬᠠᠳᠠ  ᠲᠠᠢ ᠠᠭᠤᠯᠠ ᠶᠢ ᠵᠢᠭᠠᠵᠤ᠄ ︽ᠡᠨᠡ ᠪᠣᠯ ᠡᠷ᠎ᠡ ᠴᠠᠭᠠᠨ ᠠᠷᠰᠯᠠᠨ ᠵᠡᠭᠦᠨᠰᠢ ᠡᠷᠭᠢᠨ ᠬᠠᠷᠠᠵᠤ ᠪᠠᠶᠢᠬᠤ ᠰᠢᠨᠵᠢᠲᠡᠢ ᠨᠣᠶᠠᠨ ᠯᠤᠤᠰ ᠪᠣᠯᠣᠨ᠎ᠠ᠂ ᠣᠪᠣᠭ᠎ᠠ ᠪᠣᠰᠬᠠᠵᠤ ᠳᠠᠬᠢᠭᠠᠳ ᠦᠵᠦᠮᠦᠴᠢᠨ ᠴᠢᠨ ᠸᠠᠩ ᠤᠨ ᠬᠠᠤᠯᠢ ᠶᠢᠨ ᠪᠢᠴᠢᠭ ᠳᠠᠭᠤᠳᠠᠭᠤᠯᠪᠠᠯ᠂ ᠥᠬᠢᠨ ᠯᠤᠤᠰ ᠤᠯᠠᠭᠠᠢ ᠭᠤᠣᠯ᠂ ᠨᠣᠶᠠᠨ ᠯᠤᠤᠰ ᠤᠨ ᠤᠷᠢᠳᠠᠭᠤᠷ ᠤᠷᠤᠰᠴᠤ ᠭᠠᠷᠬᠤ ᠦᠭᠡᠢ ᠪᠣᠯᠣᠨ᠎ᠠ︾ ᠭᠡᠳ ᠡᠩᠭᠡᠷ ᠤᠨ ᠬᠢᠨᠢ ᠰᠢᠨᠠ ᠳᠡᠭᠡᠷ᠎ᠡ ᠨᠠᠶᠠᠨ ᠵᠢᠩ ᠤᠨ ᠬᠦᠨᠳᠦ ᠲᠥᠷᠥ ᠶᠢᠨ ᠭᠢᠨᠵᠢ ᠲᠠᠯᠪᠢᠭᠠᠳ᠂ ᠬᠤᠶᠢᠲᠤ ᠳᠡᠭᠡᠷ᠎ᠡ ᠨᠢ ᠣᠪᠣᠭᠠᠨ ᠳᠠᠬᠢᠯᠭ᠎ᠠ ᠶᠢᠨ ᠨᠠᠶᠢᠷ ᠥᠷᠨᠢᠭᠦᠯᠵᠦ᠂ ᠣᠪᠣᠭ᠎ᠠ ᠪᠠᠨ ︽ᠠᠷᠰᠯᠠᠨ ᠣᠪᠣᠭ᠎ᠠ︾ ᠬᠡᠮᠡᠨ ᠨᠡᠷᠡᠯᠡᠵᠦ ᠨᠠᠶᠢᠷ ᠳᠡᠭᠡᠷ᠎ᠡ ᠲᠣᠶᠢᠩᠺᠠᠷ ᠡᠩᠡ ᠶᠢᠨ ᠵᠣᠬᠢᠶᠠᠭᠰᠠᠨ ︽ᠵᠢᠷᠭᠠᠯᠠᠩᠲᠤ ᠨᠠᠢᠮᠠᠨ ᠮᠣᠷᠢᠨ ᠤ ᠳᠠᠭᠤᠤ︾  ᠶᠢ ᠳᠠᠭᠤᠯᠠᠭᠤᠯᠵᠤ ᠳᠡᠯᠭᠡᠷᠡᠭᠦᠯᠦᠭᠰᠡᠨ ᠭᠡᠳᠡᠭ᠃ ᠲᠡᠷᠡ ᠳᠠᠭᠤᠤ ᠶᠢᠨ ᠰᠢᠯᠦᠭ ᠨᠢ᠄   ᠢᠪᠡᠭᠡᠯ ᠤᠨ ᠡᠰᠡᠷᠡᠭ ᠴᠠᠭ ᠤᠨ ᠪᠣᠳᠢᠰᠠᠳᠠᠸ᠎ᠠ   ᠢᠯᠡᠷᠬᠡᠢ ᠬᠥᠬᠡᠷᠡᠬᠦ ᠡᠩᠬᠡ ᠤᠯᠠᠷᠢᠯ   ᠢᠯᠡᠳᠲᠡ ᠨᠠᠢᠮᠠᠨ ᠠᠵᠢᠨᠠᠢ ᠮᠠᠩᠯᠠᠢ   ᠢᠳᠡᠷ ᠬᠥᠯᠥᠭ ᠵᠡᠭᠡᠷᠲᠡ ᠮᠣᠷᠢᠨ ᠤ ᠰᠦᠯᠳᠡ   ᠴᠢᠭᠢᠷᠠᠭ ᠪᠠᠲᠤ ᠳᠡᠯᠡᠬᠡᠢ ᠳ᠋ᠠᠬᠢᠨ ᠳᠤᠷ   ᠴᠢᠳᠠᠮᠠᠭᠠᠢ ᠠᠯᠳᠠᠷ ᠲᠦᠭᠡᠮᠡᠯ ᠳᠠᠭᠤᠷᠢᠰᠤᠭᠰᠠᠨ   ᠴᠢᠨᠠᠷ ᠬᠤᠪᠢ᠂ ᠵᠣᠬᠢᠶᠠᠯ ᠤᠨ ᠪᠠᠷᠢᠯᠳᠤᠯᠭ᠎ᠠ ᠲᠠᠢ   ᠴᠢᠭᠤᠯᠭᠠᠨ ᠨᠣᠮᠣᠬᠠᠨ ᠬᠤᠩᠭᠤᠷ ᠮᠣᠷᠢᠨ ᠤ ᠰᠦᠯᠳᠡ   ᠰᠢᠯᠢᠳᠡᠭ ᠬᠤᠷᠴᠠ ᠲᠡᠭᠷᠢ ᠠᠴᠠ ᠵᠣᠬᠢᠶᠠᠯ ᠲᠠᠢ   ᠰᠢᠳᠢ ᠡᠷᠳᠡᠮ ᠥᠪᠡᠷ ᠢᠶᠠᠨ ᠪᠦᠷᠢᠳᠦᠭᠰᠡᠨ   ᠰᠢᠮ᠎ᠡ ᠠᠬᠤᠢ ᠶᠢᠷᠲᠢᠨᠴᠦ ᠶᠢᠨ ᠲᠦᠰᠢᠯᠭᠡ   ᠰᠢᠨᠡᠬᠡᠨ ᠬᠢᠯᠪᠠᠷ ᠬᠡᠭᠡᠷ ᠮᠣᠷᠢᠨ ᠤ ᠰᠦᠯᠳᠡ   ᠬᠡᠰᠢᠭ ᠬᠥᠷᠥᠩᠭᠡ ᠶᠢᠨ ᠲᠤᠶᠢᠯ ᠤᠨ ᠰᠢᠲᠦᠭᠡᠨ   ᠬᠡᠯᠪᠡᠯᠵᠡᠨ ᠲᠣᠪᠴᠢᠯᠠᠬᠤ ᠠᠭᠲᠠ ᠶᠢᠨ ᠵᠢᠪᠬᠤᠯᠠᠩ   ᠬᠡᠯᠬᠢᠶ᠎ᠡ ᠦᠨᠳᠦᠰᠦ ᠡᠵᠡᠨ ᠳᠡᠭᠡᠨ ᠵᠢᠳᠬᠦᠯᠲᠡᠢ   ᠬᠢᠴᠢᠶᠡᠩᠭᠦᠢ ᠠᠮᠤᠷᠬᠠᠨ ᠰᠠᠷᠠᠯ ᠮᠣᠷᠢᠨ ᠤ ᠰᠦᠯᠳᠡ   ᠬᠢᠮᠠᠭᠠᠳᠠᠬᠤ ᠶᠢᠨ ᠬᠦᠴᠦᠨ ᠢ ᠪᠦᠷᠢᠨ ᠠᠬᠤᠭᠤᠯᠤᠭᠰᠠᠨ   ᠬᠢᠯᠪᠠᠷ ᠢᠶᠠᠷ ᠰᠡᠳᠬᠢᠯ ᠢ ᠭᠦᠢᠴᠡᠳᠬᠡᠭᠴᠢ   ᠬᠢᠨᠠᠭ ᠦᠭᠡᠢ ᠡᠵᠡᠨ ᠳᠡᠭᠡᠨ ᠵᠢᠳᠬᠦᠯᠲᠡᠢ   ᠬᠢᠨᠠᠮᠠᠭᠠᠢ ᠳᠤᠭᠤᠢ ᠴᠣᠬᠤᠷ ᠮᠣᠷᠢᠨ ᠤ ᠰᠦᠯᠳᠡ   ᠨᠢᠭᠦᠯᠡᠰᠦᠩᠭᠦᠢ ᠶᠢᠨ ᠪᠤᠶᠠᠨ ᠠᠷᠢᠭᠤᠨ ᠴᠢᠨᠠᠷ ᠲᠠᠢ   ᠨᠢᠭᠡᠮᠦᠰᠦᠨ ᠭᠠᠪᠢᠶ᠎ᠠ ᠪᠦᠲᠦᠭᠡᠬᠦ ᠴᠢᠳᠠᠯ ᠲᠠᠢ   ᠨᠡᠯᠢᠶᠡᠳ ᠬᠤᠷᠳᠤᠨ ᠴᠠᠬᠢᠯᠭᠠᠨ ᠭᠦᠶᠦᠳᠡᠯ ᠲᠠᠢ   ᠨᠢᠰᠬᠦ ᠮᠡᠲᠦ ᠪᠦᠷᠳᠡ ᠬᠠᠷ᠎ᠠ ᠮᠣᠷᠢᠨ ᠤ ᠰᠦᠯᠳᠡ   ᠵᠢᠮ᠎ᠡ ᠶᠣᠰᠣ ᠪᠡᠶ᠎ᠡ ᠯᠦᠭᠡ ᠬᠠᠮᠲᠤᠳᠬᠠᠭᠰᠠᠨ   ᠵᠢᠷᠭᠠᠯᠠᠩ ᠠᠮᠤᠭᠤᠯᠠᠩ ᠬᠤᠣᠰᠯᠠᠨ ᠪᠦᠷᠢᠳᠦᠭᠰᠡᠨ   ᠵᠢᠯᠬ᠎ᠠ ᠲᠠᠮᠢᠷ ᠳᠡᠯᠭᠡᠷᠡᠩᠭᠦᠢ ᠲᠡᠳᠬᠦᠮᠵᠢ ᠲᠠᠢ   ᠵᠢᠪᠬᠤᠯᠠᠩ ᠬᠦᠴᠦᠲᠦ ᠪᠣᠷᠣ ᠮᠣᠷᠢᠨ ᠤ ᠰᠦᠯᠳᠡ   ᠪᠢᠳᠠᠨ ᠤ ᠮᠣᠩᠭᠤᠯ ᠤᠨ ᠴᠣᠭᠲᠤ ᠰᠦᠷᠦᠭ   ᠪᠢᠰᠢᠷᠡᠨ ᠢᠲᠡᠭᠡᠬᠦ ᠤᠨᠤᠯᠭ᠎ᠠ ᠶᠢᠨ ᠣᠬᠢ   ᠪᠠᠬᠢ ᠲᠤᠯᠭᠠᠭᠤᠷᠢ᠂ ᠲᠥᠷᠥ ᠶᠢᠨ ᠳᠡᠮᠵᠢᠯᠭᠡ   ᠪᠢᠯᠢᠭ ᠵᠢᠷᠤᠮᠲᠤ ᠴᠠᠭᠠᠨ ᠮᠣᠷᠢᠨ ᠤ ᠰᠦᠯᠳᠡ   ᠮᠢᠯᠠ ᠪᠣᠭᠳᠠ ᠶᠢᠨ ᠳᠠᠭᠤᠯᠠᠯ ᠤᠨ ᠳᠦᠷᠢᠮ   ᠮᠠᠷᠲᠠᠯ ᠦᠭᠡᠢ ᠲᠦᠮᠡᠨ ᠪᠠᠶᠠᠷ ᠤᠨ ᠡᠭᠦᠰᠬᠡᠯ   ᠮᠢᠨᠤ ᠰᠢᠯᠦᠭᠯᠡᠭᠰᠡᠨ ᠴᠢᠬᠢᠨ ᠤ ᠴᠢᠮᠡᠭ   ᠮᠢᠩᠭᠠᠨ ᠣᠨ ᠳᠤ ᠦᠷᠭᠦᠯᠵᠢᠳᠡ ᠪᠣᠯᠲᠤᠭᠠᠢ︕      ᠬᠤᠶᠠᠷ᠂ ᠵᠢᠷᠣᠭᠠᠨ ᠵᠢᠷᠤᠭ᠎ᠠ ᠤᠯᠠᠭᠠᠨ      ᠲᠣᠶᠢᠩᠺᠠᠷ ᠡᠩᠡ ᠬᠤᠰᠢᠭᠤ ᠨᠤᠲᠤᠭ ᠤᠨ ᠡᠮᠦᠨ᠎ᠡ ᠠᠴᠠ ᠠᠪᠤᠷᠠᠯ ᠳᠠᠭᠠᠳᠬᠠᠯ ᠡᠷᠢᠬᠦ ᠪᠠᠷ ᠶᠠᠪᠤᠬᠤ ᠳᠠᠭᠠᠨ ᠲᠡᠮᠡᠭᠡᠨ ᠠᠴᠢᠶ᠎ᠠ᠂ ᠮᠣᠷᠢᠨ ᠲᠡᠷᠭᠡ ᠲᠠᠢ ᠶᠠᠪᠤᠭᠰᠠᠨ ᠭᠡᠨ᠎ᠡ᠃ ᠲᠣᠶᠢᠩᠺᠠᠷ ᠡᠩᠡ ᠳᠤ ᠸᠠᠩᠭᠠᠢ ᠠᠴᠠ ᠲᠤᠰᠠᠬᠠᠢ ᠪᠡᠯᠡᠳᠬᠡᠵᠦ ᠥᠭᠭᠦᠭᠰᠡᠨ ᠤᠯᠠᠭᠠᠨ ᠪᠦᠷᠢᠶᠡᠰᠦ᠂ ᠬᠥᠬᠡ ᠴᠢᠮᠬᠢᠶᠡᠷᠢ ᠲᠠᠢ᠂ ᠬᠠᠭᠠᠯᠭ᠎ᠠ ᠴᠣᠩᠬᠤ ᠲᠠᠢ ᠪᠢᠲᠡᠭᠦᠦ ᠬᠠᠮ  ᠨᠢ ᠵᠣ ᠳᠡᠭᠡᠷ᠎ᠡ ᠪᠠᠨ ᠬᠥᠬᠡ ᠰᠠᠭᠤᠷᠢ ᠲᠠᠢ ᠭᠠᠤᠯᠢᠨ ᠲᠤᠭ ᠲᠠᠢ ᠪᠥᠭᠡᠳ ᠨᠠᠷᠠᠨ ᠤ ᠬᠠᠯᠬᠠᠪᠴᠢ ᠪᠥᠰ ᠰᠧ ᠲᠠᠢ ᠪᠠᠶᠢᠵᠤ᠂ ᠬᠥᠯᠦᠰᠢᠨ ᠮᠣᠷᠢ ᠨᠢ ᠴᠦ ᠵᠢᠢ ᠳ᠋ᠠ ᠮᠣᠨᠴᠤᠭ᠂ ᠬᠤᠳᠤᠷᠭ᠎ᠠ ᠪᠦᠷᠢᠨ᠂ ᠲᠡᠷᠭᠡᠴᠢᠨ ᠨᠢ ᠤᠯᠠᠭᠠᠨ ᠭᠤᠣᠯ ᠬᠠᠳᠬᠤᠭᠰᠠᠨ ᠲᠠᠪᠠᠭ ᠵᠠᠯᠭᠠᠠᠲᠦ ᠬᠠᠷ᠎ᠠ ᠲᠣᠭᠤᠷᠴᠤᠭ ᠲᠠᠯᠪᠢᠵᠤ᠂ ᠠᠭᠤᠯᠠ ᠤᠰᠤᠨ ᠤ ᠵᠢᠷᠤᠭ ᠬᠠᠳᠬᠤᠮᠠᠯ ᠲᠠᠢ ᠬᠠᠷ᠎ᠠ ᠱᠠᠬᠠᠢ ᠡᠮᠦᠰᠴᠦ᠂ ᠰᠢᠯᠪᠢ ᠪᠠᠨ ᠪᠣᠭᠤᠴᠢᠬᠠᠭᠰᠠᠨ ᠶᠠᠭ ᠯᠡ ᠨᠢᠭᠡᠨ ᠬᠤᠰᠢᠭᠤᠨ ᠡᠵᠡᠨ ᠵᠠᠰᠠᠭ ᠰᠢᠤᠬᠠᠨ ᠮᠣᠷᠢᠯᠠᠳᠠᠭ ᠳᠦᠷᠢᠮ ᠲᠠᠢ ᠪᠠᠶᠢᠵᠠᠢ᠃      ᠵᠠᠮ ᠤᠨ ᠭᠤᠳᠣᠰ ᠲᠤ᠂ ᠨᠢᠭᠡᠨ ᠡᠳᠦᠷ ᠲᠡᠷᠭᠡᠨ ᠳᠤ ᠬᠥᠯᠥᠭᠰᠡᠨ ᠵᠢᠷᠤᠭ᠎ᠠ ᠤᠯᠠᠭᠠᠨ ᠮᠣᠷᠢ ᠨᠢ ᠶᠠᠮᠠᠷ ᠨᠢᠭᠡᠨ ᠶᠠᠭᠤᠮᠠᠨ ᠠᠴᠠ ᠦᠷᠭᠦᠵᠦ ᠬᠥᠭᠯᠡᠭᠰᠡᠨ ᠳᠤ ᠲᠡᠷᠭᠡᠴᠢᠨ ᠨᠢ ᠠᠭᠤᠷᠯᠠᠵᠤ᠂ ᠮᠣᠷᠢ ᠪᠠᠨ ᠭᠤᠶᠠᠳᠠᠵᠤ ᠰᠢᠷᠦᠭᠦᠬᠡᠨ ᠶᠠᠪᠤᠭᠰᠠᠭᠠᠷ ᠣᠷᠣᠢ ᠬᠥᠰᠬᠡ ᠪᠠᠭᠤᠬᠤ ᠳᠤ ᠮᠣᠷᠢ ᠨᠢ ᠰᠤᠯᠠᠷᠠᠴᠢᠬᠠᠭᠰᠠᠨ ᠶᠤᠮ ᠭᠡᠨ᠎ᠡ᠃      ᠲᠡᠭᠡᠬᠦᠯᠡᠷ᠂ ᠲᠣᠶᠢᠩᠺᠠᠷ ᠡᠩᠡ ᠬᠡᠯᠡ ᠠᠮᠠ ᠦᠭᠡᠢ ᠠᠳᠤᠭᠤᠰᠤ ᠶᠢ ᠲᠠᠷᠴᠢᠯᠠᠵᠤ ᠴᠣᠬᠢᠬᠤᠯᠠᠷ ᠬᠥᠭᠡᠷᠦᠬᠦᠶᠢᠯᠡᠵᠦ ᠪᠠᠰᠠ ᠠᠯᠤᠰ ᠤᠨ ᠵᠠᠮ ᠢ ᠲᠤᠭᠤᠯᠬᠤ ᠠᠶᠠᠨ ᠤ ᠬᠠᠨᠢ ᠬᠥᠯᠥᠭ ᠢᠶᠠᠨ ᠭᠠᠮᠨᠠᠬᠤ ᠶᠢ ᠲᠡᠷᠭᠡᠴᠢᠨ  ᠳᠡᠭᠡᠨ ᠰᠤᠷᠭᠠᠬᠤ ᠶᠢ ᠪᠣᠳᠣᠵᠤ᠂ ᠲᠡᠷᠡ ᠰᠥᠨᠢ ᠳᠡᠭᠡᠨ ᠬᠡᠳᠦᠨ ᠪᠠᠳᠠᠭ ᠰᠢᠯᠦᠭ ᠵᠣᠬᠢᠶᠠᠭᠰᠠᠨ ᠢᠶᠠᠨ ᠮᠠᠷᠭᠠᠰᠢ ᠨᠢ ᠵᠠᠮ ᠶᠠᠪᠤᠵᠤ ᠪᠠᠶᠢᠬᠤ ᠳᠠᠭᠠᠨ ᠠᠶᠠᠯᠤᠭᠤᠯᠤᠨ ᠳᠠᠭᠤᠯᠠᠵᠤ ᠥᠭᠭᠦᠭᠰᠡᠨ ᠭᠡᠨ᠎ᠡ᠃ ᠲᠡᠷᠡ ᠳᠠᠭᠤᠤ ᠶᠢᠨ ᠰᠢᠯᠦᠭ ᠨᠢ᠄   ᠵᠢᠷᠣᠭᠠᠨ ᠵᠢᠷᠤᠭ᠎ᠠ ᠤᠯᠠᠭᠠᠨ ᠢ ᠪᠠᠨ   ᠵᠢᠯᠣᠭᠤ ᠶᠢ ᠨᠢ ᠪᠢᠲᠡᠬᠡᠢ ᠲᠠᠯᠪᠢᠭᠠᠷᠠᠢ   ᠵᠣᠷᠢᠭᠰᠠᠨ ᠭᠠᠵᠠᠷ ᠬᠤᠯᠠᠬᠠᠨ ᠰᠢᠤ   ᠵᠣᠷᠢᠭ ᠢᠶᠠᠨ ᠪᠦᠦ ᠯᠡ ᠮᠣᠬᠤᠭᠠᠷᠠᠢ   ᠠᠨᠳᠤᠤ ᠭᠡᠳᠡᠭ ᠨᠢ ᠬᠤᠯᠠ ᠰᠢᠤ   ᠠᠷᠪᠠᠨ ᠰᠠᠷ᠎ᠠ ᠶᠢᠨ ᠭᠠᠵᠠᠷ ᠰᠢᠤ   ᠠᠨᠳᠤᠤ ᠳᠠᠭᠠᠨ ᠮᠡᠨᠳᠦ ᠬᠦᠷᠬᠦ ᠶᠢ   ᠠᠨᠳᠤᠤ ᠶᠢᠨ ᠴᠤᠶᠢᠷᠵᠠᠩ ᠥᠷᠥᠰᠢᠶᠡ ᠳ᠋ᠠ   ᠭᠤᠮᠪᠣᠨ ᠭᠡᠳᠡᠭ ᠨᠢ ᠬᠤᠯᠠ ᠰᠢᠤ   ᠭᠤᠷᠪᠠᠨ ᠰᠠᠷ᠎ᠠ ᠶᠢᠨ ᠭᠠᠵᠠᠷ ᠰᠢᠤ   ᠭᠤᠮᠪᠣᠨ ᠳᠠᠭᠠᠨ ᠮᠡᠨᠳᠦ ᠬᠦᠷᠬᠦ ᠶᠢ   ᠭᠤᠮᠪᠣᠨ ᠤ ᠴᠣᠶᠢᠷᠵᠠᠩ ᠥᠷᠥᠰᠢᠶᠡ ᠳ᠋ᠠ   ᠵᠤᠤ ᠭᠡᠳᠡᠭ ᠨᠢ ᠬᠤᠯᠠ ᠰᠢᠤ   ᠵᠢᠷᠭᠤᠭᠠᠨ ᠰᠠᠷ᠎ᠠ ᠶᠢᠨ ᠭᠠᠵᠠᠷ ᠰᠢᠤ   ᠵᠤᠤ ᠳᠠᠭᠠᠨ ᠮᠡᠨᠳᠦ ᠬᠦᠷᠬᠦ ᠶᠢ   ᠵᠤᠤ ᠶᠢᠨ ᠴᠣᠶᠢᠷᠵᠠᠩ ᠥᠷᠥᠰᠢᠶᠡ ᠳ᠋ᠠ᠃      ᠭᠤᠷᠪᠠ᠂ ᠪᠣᠭᠳᠠ ᠠᠭᠤᠯᠠ ᠶᠢᠨ ᠣᠷᠣᠢ      ᠲᠣᠶᠢᠩᠺᠠᠷ ᠡᠩᠡ ᠦᠵᠦᠮᠦᠴᠢᠨ ᠨᠣᠶᠠᠨ ᠲᠠᠢ ᠬᠠᠮᠲᠤ ᠠᠷᠤ ᠪᠣᠭᠳᠠ ᠶᠢᠨ ᠬᠦᠷᠢᠶᠡᠨ ᠳᠤ ᠣᠴᠢᠵᠤ ᠳᠠᠯᠠᠢ ᠪᠯᠠᠮ᠎ᠠ ᠳᠤ ᠮᠥᠷᠭᠦᠭᠰᠡᠨ ᠶᠤᠮ ᠭᠡᠨ᠎ᠡ᠃ ᠲᠡᠭᠡᠭᠡᠳ ᠪᠤᠴᠠᠬᠤ ᠳᠠᠭᠠᠨ ᠬᠠᠯᠬ᠎ᠠ ᠶᠢᠨ ᠪᠣᠭᠳᠠ ᠠᠭᠤᠯᠠ ᠶᠢ ᠢᠩᠭᠢᠵᠦ ᠰᠢᠯᠦᠭᠯᠡᠵᠦ ᠳᠠᠭᠤᠯᠠᠭᠰᠠᠨ ᠭᠡᠳᠡᠭ᠃ ᠲᠡᠷᠡ ᠳᠠᠭᠤᠤ ᠶᠢᠨ ᠰᠢᠯᠦᠭ ᠨᠢ᠄   ᠪᠣᠭᠳᠠ ᠠᠭᠤᠯᠠ ᠶᠢᠨ ᠣᠷᠣᠢ ᠳᠤ   ᠪᠤᠷᠬᠠᠨ ᠤ ᠬᠦᠷᠢᠶ᠎ᠡ ᠲᠠᠲᠠᠨ᠎ᠠ   ᠪᠤᠴᠠᠭᠠᠳ ᠬᠤᠶᠢᠰᠢ ᠪᠠᠨ ᠬᠠᠷᠠᠬᠤᠯᠠᠷ   ᠰᠠᠩ ᠤᠨ ᠤᠲᠤᠭ᠎ᠠ ᠰᠡᠩᠰᠡᠷᠡᠨ᠎ᠡ   ᠠᠯᠲᠠᠨ ᠰᠢᠷ᠎ᠠ ᠭᠠᠨᠵᠢᠷ᠎ᠠ ᠲᠠᠢ   ᠠᠭᠠᠷᠠᠤ ᠴᠦᠶ᠋ᠢᠤ ᠲᠤᠯᠭᠠᠭᠤᠷᠢ ᠲᠠᠢ   ᠠᠮᠢᠲᠠᠨ ᠤ ᠬᠦᠰᠡᠯ ᠢ ᠬᠠᠩᠭᠠᠭᠴᠢ   ᠠᠪᠤᠷᠠᠯ ᠤᠨ ᠳᠡᠭᠡᠳᠦ ᠣᠷᠣᠨ   ᠰᠢᠵᠢᠷ ᠠᠯᠲᠠᠨ ᠭᠠᠨᠵᠢᠷ᠎ᠠ ᠲᠠᠢ   ᠰᠢᠯ ᠮᠥᠩᠭᠦᠨ ᠳᠡᠭᠡᠪᠦᠷ ᠲᠠᠢ   ᠰᠢᠨ ᠵᠢᠢ ᠵᠠᠯᠪᠤ ᠳᠠᠯᠠᠢ ᠪᠯᠠᠮ᠎ᠠ   ᠰᠠᠭᠠᠲᠠᠵᠤ ᠨᠡᠶᠢᠯᠡᠭᠰᠡᠨ ᠬᠡᠶᠢᠳ   ᠤᠯᠠᠭᠠᠨ ᠠᠯᠲᠠᠨ ᠭᠠᠨᠵᠢᠷ᠎ᠠ ᠲᠠᠢ   ᠣᠭ᠍ᠶᠤ ᠱᠢᠷᠦᠨ ᠲᠤᠯᠭᠠᠭᠤᠷᠢ ᠲᠠᠢ   ᠸᠴᠢᠷ ᠳ᠋ᠠᠷ᠎ᠠ ᠳᠠᠯᠠᠢ ᠪᠯᠠᠮ᠎ᠠ ᠳᠠᠭᠠᠨ   ᠤᠨᠠᠵᠤ ᠮᠥᠷᠭᠦᠭᠡᠳ ᠪᠠᠷᠠᠭᠠᠳᠠᠯ᠎ᠠ᠃      ᠳᠥᠷᠪᠡ᠂ ᠭᠠᠶᠢᠬᠠᠮᠰᠢᠭᠲᠤ ᠪᠯᠠᠮ᠎ᠠ      ᠲᠣᠶᠢᠩᠺᠠᠷ ᠡᠩᠡ ᠨᠢᠭᠡ ᠵᠢᠯ ᠴᠢᠨ ᠸᠠᠩ ᠠᠯᠳᠠᠨᠬᠤᠶᠠᠭᠲᠤ ᠶᠢ ᠳᠠᠭᠠᠵᠤ ᠪᠡᠭᠡᠵᠢᠩ ᠤᠨ ᠵᠢᠰᠢᠶᠠᠨ ᠳᠤ ᠶᠠᠪᠤᠭᠰᠠᠨ ᠪᠠᠶᠢᠵᠠᠢ᠃      ᠪᠡᠭᠡᠵᠢᠩ ᠳᠤ ᠣᠴᠢᠭᠠᠳ ᠠᠯᠳᠠᠨᠬᠤᠶᠠᠭᠲᠤ ᠴᠢᠨ ᠸᠠᠩ ᠪᠣᠯᠣᠨ ᠲᠡᠭᠦᠨ ᠤ ᠳᠠᠭᠠᠭᠰᠠᠳ᠂ ᠨᠠᠢᠮᠠᠳᠤᠭᠠᠷ ᠳᠦᠷᠢ ᠶᠢᠨ ᠪᠠᠨᠴᠢᠨ ᠪᠣᠭᠳᠠ ᠳᠤ ᠮᠥᠷᠭᠦᠵᠦ ᠲᠠᠪᠤᠨ ᠵᠠᠭᠤᠨ ᠯᠠᠩ ᠤᠨ ᠮᠥᠩᠭᠦ ᠪᠠᠷ ᠮᠠᠨᠳᠠᠯ ᠡᠷᠭᠦᠵᠡᠢ᠃ ᠲᠡᠳᠡ ᠪᠤᠴᠠᠬᠤ ᠳᠠᠭᠠᠨ ᠲᠠᠬᠢᠨᠳᠠ ᠪᠣᠭᠳᠠ ᠳᠤ ᠮᠥᠷᠭᠦᠵᠦ ᠬᠤᠰᠢᠭᠤ ᠬᠤᠲᠠᠯᠠ ᠶᠢᠨ ᠡᠮᠦᠨ᠎ᠡ ᠠᠴᠠ ᠳᠠᠭᠠᠳᠬᠠᠵᠤ ᠮᠢᠩᠭᠠᠨ ᠯᠠᠩ ᠤᠨ ᠮᠠᠨᠳᠠᠯ ᠡᠷᠭᠦᠭᠰᠡᠨ ᠶᠤᠮ ᠭᠡᠨ᠎ᠡ᠃ ᠲᠡᠳᠡᠨ ᠢ ᠮᠥᠷᠭᠦᠵᠦ ᠪᠠᠷᠠᠭᠠᠳ ᠪᠠᠭᠤᠳᠠᠯ ᠳᠠᠭᠠᠨ ᠬᠦᠷᠦᠬᠦᠯᠡᠷ ᠪᠣᠭᠳᠠ ᠶᠢᠨ ᠳᠡᠷᠭᠡᠳᠡ ᠶᠢᠨ ᠱᠠᠪᠢᠨᠠᠷ ᠤᠳ ᠬᠤᠶᠢᠨ᠎ᠠ ᠠᠴᠠ ᠨᠢ ᠢᠷᠠᠵᠤ ᠬᠤᠶᠠᠷ ᠤᠳᠠᠭ᠎ᠠ ᠶᠢᠨ ᠮᠠᠨᠳᠠᠯ ᠪᠠᠷᠢᠭᠰᠠᠨ ᠮᠥᠩᠭᠦ ᠶᠢ ᠨᠢ ᠤᠭ ᠬᠡᠪ ᠢᠶᠠᠷ ᠨᠢ ᠪᠤᠴᠠᠭᠠᠵᠤ᠂ ᠳᠡᠭᠡᠷ᠎ᠡ ᠨᠢ ᠲᠠᠪᠤᠨ ᠯᠠᠩ ᠮᠥᠩᠭᠦ ᠨᠡᠮᠡᠵᠦ᠂ ᠪᠣᠭᠳᠠ ᠠᠴᠠ ᠦᠵᠦᠮᠦᠴᠢᠨ ᠤ ᠥᠭᠯᠢᠭᠡ ᠶᠢᠨ ᠡᠵᠡᠳ ᠲᠤ ᠬᠦᠷᠲᠡᠭᠡᠭᠰᠡᠨ ᠯᠠᠩ ᠬᠡᠰᠢᠭ ᠭᠡᠵᠤ ᠷᠠᠰᠢᠶᠠᠨ᠂ ᠤᠲᠤᠯᠭ᠎ᠠ᠂ ᠵᠠᠩᠭᠢᠶ᠎ᠠ ᠲᠡᠷᠢᠭᠦᠲᠡᠨ ᠰᠣᠶᠣᠷᠬᠠᠭᠰᠠᠨ ᠭᠡᠨ᠎ᠡ᠃      ᠡᠭᠦᠨ ᠢ ᠦᠵᠡᠭᠡᠳ ᠲᠣᠶᠢᠩᠺᠠᠷ ᠡᠩᠡ ᠶᠢᠨ ᠰᠡᠳᠬᠢᠯ ᠬᠥᠳᠡᠯᠵᠦ ︽ᠦᠨᠡᠨ ᠪᠣᠭᠳᠠ︾ ᠭᠠᠶᠢᠬᠠᠮᠰᠢᠭᠲᠤ ᠪᠯᠠᠮ᠎ᠠ ᠬᠡᠮᠡᠨ ᠰᠦᠵᠢᠭᠯᠡᠨ ᠪᠢᠰᠢᠷᠡᠵᠦ᠂ ︽ᠭᠠᠶᠢᠬᠠᠮᠰᠢᠭᠲᠤ ᠪᠯᠠᠮ᠎ᠠ︾ ᠭᠡᠬᠦ ᠳᠠᠭᠤᠤ ᠶᠢ  ᠵᠣᠬᠢᠶᠠᠨ᠂ ᠪᠠᠨᠴᠢᠨ ᠪᠣᠭᠳᠠ ᠶᠢ ᠨᠠᠢᠮᠠᠨ ᠳᠠᠬᠢᠯ ᠢᠶᠠᠷ ᠮᠠᠭᠲᠠᠵᠤ ᠰᠢᠯᠦᠭᠯᠡᠭᠰᠡᠨ ᠭᠡᠯᠴᠡᠳᠡᠭ᠃ ᠳᠠᠭᠤᠤ ᠶᠢᠨ ᠰᠢᠯᠦᠭ ᠨᠢ᠄   ᠭᠠᠶᠢᠬᠠᠮᠰᠢᠭᠲᠤ ᠪᠯᠠᠮ᠎ᠠ ᠶᠢ ᠪᠠᠨ   ᠬᠠᠮᠤᠭ ᠣᠯᠠᠨ ᠢᠶᠠᠷ ᠢᠶᠠᠨ ᠴᠤᠭᠯᠠᠷᠠᠮᠠᠨ   ᠬᠠᠭᠠᠴᠠᠯᠳᠠ ᠦᠭᠡᠢ ᠰᠡᠳᠬᠢᠯ ᠢᠶᠠᠷ   ᠬᠠᠩᠭᠠᠬᠤ ᠶᠢᠨ ᠢᠷᠦᠭᠡᠯ ᠢ ᠲᠠᠯᠪᠢᠰᠤᠭᠠᠢ   ᠥᠩᠭᠡ ᠨᠢ ᠭᠤᠷᠪᠠ ᠶᠣᠯᠠᠪ ᠲᠠᠢ   ᠦᠵᠡᠰᠬᠦᠯᠡᠩ ᠤᠨ ᠳᠡᠭᠡᠳᠦ ᠰᠢᠬᠦᠷ ᠢᠶᠠᠨ   ᠦᠯᠡᠮᠵᠢ ᠳᠡᠭᠡᠳᠦ ᠪᠣᠭᠳᠠ ᠳᠠᠭᠠᠨ ᠡᠷᠭᠦᠭᠡᠳ   ᠦᠨᠡᠨ ᠠᠷᠢᠭᠤᠨ ᠰᠦᠵᠢᠭ ᠢᠶᠠᠷ ᠮᠥᠷᠭᠦᠶ᠎ᠡ   ᠠᠯᠲᠠᠨ ᠨᠢᠳᠦ ᠲᠠᠢ ᠵᠢᠭᠠᠰᠤ ᠨᠢ   ᠠᠷᠢᠭᠤᠨ ᠳᠠᠯᠠᠢ ᠳᠠᠭᠠᠨ ᠴᠡᠩᠭᠡᠨ᠎ᠡ   ᠠᠪᠤᠷᠠᠯ ᠤᠨ ᠳᠡᠭᠡᠳᠦ ᠪᠣᠭᠳᠠ ᠮᠢᠨᠢ   ᠠᠮᠢᠲᠠᠨ ᠤ ᠬᠦᠰᠡᠯ ᠢ ᠬᠠᠩᠭᠠᠲᠤᠭᠠᠢ   ᠨᠠᠰᠤᠨ ᠰᠢᠳᠢ ᠶᠢ ᠰᠣᠶᠣᠷᠬᠠᠭᠴᠢ   ᠨᠠᠮᠵᠢᠯ ᠨᠡᠷᠡᠲᠡᠢ ᠪᠤᠮᠪᠠᠨ   ᠨᠠᠩᠴᠢᠳ ᠷᠠᠰᠢᠶᠠᠨ ᠢ ᠪᠦᠲᠦᠭᠡᠭᠡᠳ   ᠨᠢᠰᠧᠨᠢᠰ ᠤᠨ ᠭᠭᠢᠷ ᠢ ᠠᠷᠢᠯᠭᠠᠲᠤᠭᠠᠢ   ᠤᠷᠭᠤᠮᠠᠯ ᠤᠨ ᠳᠡᠭᠡᠳᠦ ᠮᠠᠩᠯᠠᠢ   ᠤᠳᠪᠠᠯᠠ ᠯᠢᠩᠬᠤ᠎ᠠ ᠴᠡᠴᠡᠭ ᠢᠶᠠᠨ   ᠣᠷᠣᠢ ᠶᠢᠨ ᠴᠢᠮᠡᠭ ᠪᠣᠭᠳᠠ ᠳᠠᠭᠠᠨ   ᠣᠨᠴᠠᠯᠠᠨ ᠡᠷᠭᠦᠭᠡᠳ ᠮᠥᠷᠭᠦᠶ᠎ᠡ   ᠡᠷᠭᠢᠬᠦ ᠶᠢᠨ ᠵᠥᠪ ᠢᠶᠠᠷ ᠡᠷᠭᠢᠳᠡᠭ   ᠡᠭᠡᠰᠢᠭ ᠳᠠᠭᠤ ᠲᠠᠢ ᠯᠠᠪᠠᠢ ᠨᠢ   ᠡᠷᠳᠡᠮ ᠨᠣᠮ ᠤᠨ ᠬᠤᠷᠠᠯ ᠳᠠᠭᠠᠨ   ᠡᠭᠦᠷᠢᠳᠡ ᠬᠠᠮᠲᠤ ᠪᠠᠷ ᠳᠠᠭᠤᠷᠢᠰᠤᠭᠠᠰᠠᠢ   ᠦᠯᠡᠮᠵᠢ ᠮᠥᠷ ᠤᠨ ᠪᠡᠯᠭᠡ   ᠦᠷᠭᠦᠯᠵᠢ ᠶᠢᠨ ᠵᠠᠯᠭᠠᠭᠠᠳ ᠰᠦᠯᠵᠢᠮᠡᠯ   ᠦᠨᠡᠨ ᠠᠷᠢᠭᠤᠨ ᠰᠦᠵᠢᠭᠲᠡᠨ ᠨᠦᠭᠦᠳ   ᠦᠷᠭᠦᠯᠵᠢ ᠬᠠᠮᠲᠤ ᠪᠠᠷ ᠳᠠᠭᠠᠰᠤᠭᠠᠢ   ᠲᠤᠸᠠᠽᠠ ᠶᠢᠨ ᠠᠷᠢᠭᠤᠨ ᠪᠠᠯᠭᠠᠰᠤ   ᠲᠠᠩᠰᠤᠭ ᠤᠨ ᠳᠡᠭᠡᠳᠦ ᠣᠷᠳᠣᠨ   ᠲᠠᠭᠠᠯᠠᠨ ᠳᠤᠷ᠎ᠠ ᠪᠠᠷ ᠢᠶᠠᠨ ᠰᠠᠭᠠᠲᠠᠬᠤ ᠶᠢ   ᠲᠠᠨ ᠤ ᠬᠦᠰᠡᠯ ᠬᠠᠩᠭᠠᠲᠤᠭᠠᠢ   ᠮᠢᠩᠭᠠᠨ ᠬᠡᠰᠢᠭᠲᠦ ᠬᠦᠷᠳᠦ   ᠮᠢᠷᠠᠯᠵᠠᠨ ᠡᠷᠭᠢᠬᠦ ᠴᠢᠨᠳᠠᠮᠤᠨᠢ   ᠮᠠᠩᠯᠠᠢ ᠶᠢᠨ ᠳᠡᠭᠡᠳᠦ ᠪᠣᠭᠳᠠ ᠳᠠᠭᠠᠨ   ᠮᠠᠨᠳᠠᠯ ᠢᠶᠠᠨ ᠡᠷᠭᠦᠭᠡᠳ ᠮᠥᠷᠭᠦᠶ᠎ᠡ   ᠨᠠᠢᠮᠠᠨ ᠳᠠᠬᠢᠯ ᠤᠨ ᠰᠢᠯᠦᠭ ᠢᠶᠠᠨ   ᠨᠠᠶᠢᠷ ᠤᠨ ᠮᠠᠩᠯᠠᠢ ᠳᠤ ᠡᠷᠭᠦᠶ᠎ᠡ   ᠨᠠᠷᠠ ᠪᠠᠨᠴᠢᠨ ᠪᠣᠭᠳᠠ ᠳᠠᠭᠠᠨ   ᠨᠠᠭᠠᠳᠤᠮ ᠤᠨ ᠴᠢᠮᠡᠭ ᠢᠶᠠᠷ ᠰᠣᠨᠣᠷᠳᠠᠭᠤᠯᠤᠶ᠎ᠠ   ᠰᠠᠶᠢᠲᠤᠷ ᠨᠠᠢᠮᠠᠨ ᠳᠠᠬᠢᠯ ᠢᠶᠠᠨ   ᠰᠠᠨᠰᠠᠷ ᠤᠨ ᠲᠠᠩᠨᠠᠢ ᠳᠤ ᠮᠢᠷᠠᠯᠵᠠᠭᠤᠯᠤᠶ᠎ᠠ   ᠱᠠᠰᠢᠨ ᠤ ᠳᠡᠭᠡᠳᠦ ᠪᠣᠭᠳᠠ ᠳᠠᠭᠠᠨ   ᠰᠠᠴᠤᠯᠢ ᠡᠷᠭᠦᠭᠡᠳ ᠮᠥᠷᠭᠦᠶ᠎ᠡ᠃      ᠲᠠᠪᠤ᠂ ᠠᠷᠤ ᠵᠤᠤ ᠳᠠᠭᠠᠨ ᠰᠦᠵᠢᠭ ᠲᠠᠢ      ᠤᠷᠢᠳᠤ ᠨᠢᠭᠡ ᠵᠢᠯ᠂ ᠦᠵᠦᠮᠦᠴᠢᠨ ᠪᠠᠷᠠᠭᠤᠨ ᠬᠤᠰᠢᠭᠤᠨ ᠤ ᠵᠠᠰᠠᠭ ᠲᠥᠷᠥ ᠶᠢᠨ ᠬᠤᠱᠣᠢ ᠰᠡᠴᠡᠨ ᠴᠢᠨ ᠸᠠᠩ ᠰᠣᠳᠨᠠᠮᠷᠠᠪᠳᠠᠨ ᠵᠤᠤ ᠤᠳᠠ ᠶᠢᠨ ᠴᠢᠭᠤᠯᠭᠠᠨ ᠤ ᠪᠠᠭᠠᠷᠢᠨ ᠵᠡᠭᠦᠨ ᠬᠤᠰᠢᠭᠤᠨ ᠤ ᠭᠢᠯᠪᠡᠷ ᠵᠤᠤ ︵ᠪᠠᠰᠠ ᠴᠠᠭᠠᠨ ᠤᠲᠠᠢ ᠭᠡᠳᠡᠭ︶ ᠳᠤ ᠮᠥᠷᠭᠦᠬᠦ ᠪᠠᠷ ᠣᠴᠢᠬᠤ ᠳᠠᠭᠠᠨ᠂ ᠰᠡᠦᠬᠡᠨ ᠳᠡᠭᠡᠨ ᠰᠠᠭᠤᠭᠰᠠᠨ ᠦᠭᠡᠢ ᠶᠠᠪᠠᠭᠠᠨ  ᠢᠶᠠᠷ ᠶᠠᠪᠤᠵᠤ ᠢᠷᠡᠭᠰᠡᠨ ᠭᠡᠳᠡᠭ᠃ ᠨᠣᠶᠠᠨᠲᠠᠨ ᠢ ᠮᠣᠷᠢᠯᠠᠵᠤ ᠪᠠᠶᠢᠬᠤ ᠳᠤ ᠨᠢᠭᠡ ᠡᠳᠦᠷ ᠲᠡᠭᠷᠢ ᠮᠠᠭᠤᠬᠠᠶᠢᠷᠠᠵᠤ ᠰᠠᠯᠬᠢ ᠲᠣᠭᠤᠰᠣ ᠳᠡᠭᠳᠡᠵᠦ᠂ ᠳᠠᠪᠠᠭᠠᠨ ᠣᠷᠣᠢ᠂ ᠵᠠᠮ ᠤᠨ ᠭᠤᠣᠯ ᠳᠤ ᠪᠠᠷᠰ ᠬᠡᠪᠲᠡᠭᠡ ᠲᠠᠭᠠᠷᠠᠭᠰᠠᠨ ᠭᠡᠨ᠎ᠡ᠃ ᠨᠣᠶᠠᠨᠲᠠᠨ ᠲᠡᠭᠡᠭᠡᠳ ᠲᠥᠷᠥ ᠶᠢᠨ ᠳᠡᠪᠡᠯ ᠮᠠᠯᠠᠭᠠᠢ ᠪᠠᠨ ᠡᠮᠦᠰᠴᠦ ᠵᠡᠭᠦᠭᠡᠳ᠂ ᠲᠦᠰᠢᠮᠡᠳ ᠢᠶᠠᠷ ᠵᠠᠮ ᠤᠳᠤᠷᠢᠳᠤᠭᠤᠯᠤᠨ ᠪᠠᠷᠰ ᠤᠨ ᠬᠠᠷᠠᠭᠳᠠᠬᠤ ᠭᠠᠵᠠᠷ ᠲᠤ ᠣᠴᠢᠵᠤ ᠳᠥᠷᠪᠡᠨ ᠬᠥᠯ ᠲᠠᠢ ᠰᠢᠷᠡᠭᠡᠨ ᠳᠡᠭᠡᠷ᠎ᠡ ᠬᠦᠵᠢᠰ  ᠤᠨ ᠬᠦᠯᠢᠯ ᠳᠤ ᠶᠢᠰᠦᠨ ᠤᠷᠲᠤ ᠬᠦᠵᠢ ᠤᠩᠭᠤᠰᠬᠠᠵᠤ ᠲᠡᠭᠷᠢ ᠳᠤ ᠮᠥᠷᠭᠦᠨ᠄ ︽ᠲᠡᠭᠷᠢ ᠶᠢᠨ ᠪᠣᠱᠣᠭᠤ ᠪᠠᠷ ᠤᠯᠠᠷᠢᠯ ᠢ ᠨᠡᠭᠡᠭᠡᠭᠰᠡᠨ ᠶᠡᠭᠡ ᠳᠠᠶᠢᠴᠢᠩ ᠭᠦᠷᠦᠨ ᠤ ᠲᠣᠯᠣᠭᠠᠢ ᠲᠥᠷᠥ ᠶᠢᠨ ᠬᠤᠱᠣᠢ ᠰᠡᠴᠡᠨ ᠴᠢᠨ ᠸᠠᠩ ᠰᠣᠳᠨᠠᠮᠷᠠᠪᠲᠠᠨ ᠪᠡᠶ᠎ᠡ ᠪᠠᠷ ᠮᠣᠷᠢᠯᠠᠵᠤ ᠪᠠᠶᠢᠬᠤ ᠳᠤ ᠠᠭᠤᠯᠠ ᠤᠰᠤᠨ ᠤ ᠨᠠᠪᠳᠠᠭ ᠰᠠᠪᠳᠠᠭ ᠤᠳ ᠲᠣᠭᠰᠢᠨ ᠵᠡᠷᠯᠢᠭ ᠠᠷᠢᠶᠠᠲᠠᠨ ᠢ ᠵᠠᠮ ᠭᠡᠷᠦᠭᠦᠯᠭᠦ ᠨᠢ ᠶᠠᠭᠤᠨ︖ ᠠᠭᠤᠯᠠ ᠶᠢᠨ ᠨᠣᠶᠠᠨ ᠣᠢ ᠳᠠᠭᠠᠨ ᠪᠤᠴᠠᠵᠤ᠂ ᠤᠯᠤᠰ ᠤᠨ ᠨᠣᠶᠠᠨ ᠵᠠᠮ ᠥᠩᠭᠡᠷᠡᠨ᠎ᠡ︾ ᠬᠡᠮᠡᠨ ᠥᠨᠳᠥᠷ ᠳᠠᠭᠤᠨ ᠢᠶᠠᠷ ᠰᠢᠪᠰᠢᠭᠰᠡᠨ ᠳᠤ ᠲᠡᠷᠡ ᠪᠠᠷᠰ ᠳᠤᠷ᠎ᠠ ᠲᠠᠢ ᠳᠤᠷ᠎ᠠ ᠦᠭᠡᠢ ᠠᠭᠤᠯᠠᠨ ᠠᠴᠠ ᠪᠠᠭᠤᠵᠤ ᠣᠢ ᠳᠤ ᠰᠢᠷᠭᠤᠨ ᠵᠠᠮ ᠲᠠᠯᠪᠢᠵᠤ ᠥᠭᠭᠦᠭᠰᠡᠨ ᠶᠤᠮ ᠭᠡᠨ᠎ᠡ᠃      ᠨᠣᠶᠠᠨᠲᠠᠨ ᠢ ᠣᠷᠳᠣᠨ ᠳᠠᠭᠠᠨ ᠮᠣᠷᠢᠯᠠᠵᠤ ᠪᠠᠭᠤᠭᠰᠠᠨ ᠳᠠᠷᠤᠢ ᠳᠤ ᠴᠢᠯᠡᠭᠡ ᠲᠠᠶᠢᠯᠬᠤ ᠬᠤᠷᠢᠮ ᠨᠠᠶᠢᠷ ᠥᠷᠨᠢᠭᠦᠯᠵᠦ᠂ ᠵᠢᠷᠠᠨ ᠳᠦᠷᠪᠡᠨ ᠪᠥᠬᠡ ᠪᠠᠷᠢᠯᠳᠤᠭᠤᠯᠵᠤ ᠮᠧᠶ᠋ᠢᠩ ᠬᠠᠷᠪᠤᠨ᠂ ᠱᠣᠭᠴᠢᠨ ᠨᠠᠰᠤᠨᠪᠥ᠋ᠬᠡ ᠪᠠᠷ ᠱᠤᠭ ᠭᠠᠷᠭᠠᠭᠤᠯᠵᠤ ᠨᠣᠶᠠᠨ ᠢ ᠪᠠᠶᠠᠰᠬᠠᠵᠤ ᠪᠠᠶᠢᠬᠤ ᠳᠤ ᠲᠣᠶᠢᠩᠺᠠᠷ ᠡᠩᠡ ᠡᠨᠡ ᠳᠠᠭᠤᠤ ᠶᠢ ᠵᠣᠬᠢᠶᠠᠵᠤ ᠳᠠᠭᠤᠯᠠᠵᠤ ᠡᠷᠭᠦᠭᠰᠡᠨ ᠭᠡᠳᠡᠭ᠃ ᠲᠡᠷᠡ ᠳᠠᠭᠤᠤ ᠶᠢᠨ ᠰᠢᠯᠦᠭ ᠨᠢ᠄   ᠠᠷᠤ ᠵᠤᠤ ᠳᠠᠭᠠᠨ ᠰᠦᠵᠢᠭ ᠲᠠᠢ   ᠠᠷᠢᠶᠠᠪᠠᠯᠤ ᠶᠢᠨ ᠳᠦᠷᠢᠮ ᠲᠠᠢ   ᠠᠮᠢᠲᠠᠨ ᠠᠴᠠ ᠢᠯᠡᠭᠦᠦ ᠪᠤᠶᠠᠨ ᠲᠠᠢ   ᠡᠵᠡᠨ ᠤ ᠲᠠᠮᠠᠭ᠎ᠠ ᠲᠠᠢ ᠴᠢᠨ ᠸᠠᠩ ᠨᠣᠶᠠᠨ ᠡ︕   ᠤᠯᠠᠭᠠᠨ ︵ᠴᠦ︶ ᠬᠤᠶᠠᠷ ᠵᠢᠭᠠᠩ ᠲᠠᠢ   ᠤᠷᠠᠨ ︵ᠴᠦ︶ ᠬᠤᠶᠠᠷ ᠬᠦᠨᠢᠶᠠᠩ ᠲᠠᠢ   ᠤᠯᠤᠰ ᠠᠴᠠ ᠢᠯᠡᠭᠦᠦ ᠪᠤᠶᠠᠨ ᠲᠠᠢ   ᠡᠵᠡᠨ ᠤ ᠲᠠᠮᠠᠭ᠎ᠠ ᠲᠠᠢ ᠴᠢᠨ ᠸᠠᠩ ᠨᠣᠶᠠᠨ ᠡ︕   ᠰᠧ ᠤᠨ ︵ᠴᠦ︶ ᠬᠤᠶᠠᠷ ᠣᠷᠳᠣᠨ ᠲᠠᠢ   ᠰᠡᠷᠭᠦᠯᠡᠩ ᠬᠤᠶᠠᠷ ᠭᠦᠨᠢᠶᠠᠩ ᠲᠠᠢ   ᠰᠢᠯᠵᠢᠰᠢ ᠦᠭᠡᠢ ᠶᠡᠭᠡ ᠪᠤᠶᠠᠨ ᠲᠠᠢ   ᠡᠵᠡᠨ ᠤ ᠲᠠᠮᠠᠭ᠎ᠠ ᠲᠠᠢ ᠴᠢᠨ ᠸᠠᠩ ᠨᠣᠶᠠᠨ ᠡ︕   ᠳᠠᠯᠠᠢ ᠡᠵᠢ ᠳᠡᠭᠡᠨ ᠴᠦᠹᠧᠩ ᠲᠠᠢ   ᠳᠠᠪᠤᠰᠤᠨ ᠰᠦᠮ᠎ᠡ ᠳᠡᠭᠡᠨ ᠬᠤᠷᠠᠯ ᠲᠠᠢ   ᠲᠠᠰᠤᠷᠠᠯ ᠦᠭᠡᠢ ᠶᠡᠭᠡ ᠪᠤᠶᠠᠨ ᠲᠠᠢ   ᠡᠵᠡᠨ ᠤ ᠲᠠᠮᠠᠭ᠎ᠠ ᠲᠠᠢ ᠴᠢᠨ ᠸᠠᠩ ᠨᠣᠶᠠᠨ ᠡ︕      ᠵᠢᠷᠭᠤᠭ᠎ᠠ᠂ ᠬᠠᠨ ᠠᠭᠤᠯᠠ ᠶᠢᠨ ᠰᠡᠭᠦᠳᠡᠷ      ᠦᠵᠦᠮᠦᠴᠢᠨ ᠪᠠᠷᠠᠭᠤᠨ ᠬᠤᠰᠢᠭᠤᠨ ᠤ ᠤᠯᠠᠭᠠᠨ ᠬᠠᠭᠠᠯᠭ᠎ᠠ ᠰᠦᠮ᠎ᠡ ᠶᠢᠨ ᠰᠢᠷᠡᠭᠡᠨ ᠪᠯᠠᠮ᠎ᠠ ᠸᠴᠢᠷ ᠳ᠋ᠠᠷ᠎ᠠ ᠪᠠᠭᠰᠢ ᠶᠢᠨ ᠭᠡᠭᠡᠨ ᠤ ᠨᠢᠭᠡᠨ ᠳᠦᠷᠢ ᠶᠢ ᠵᠠᠯᠠᠬᠤ ᠵᠠᠯᠠᠯᠭ᠎ᠠ ᠶᠢᠨ ᠨᠠᠶᠢᠷ ᠲᠤ ᠬᠦᠷᠦᠭᠡᠳ ᠲᠣᠶᠢᠩᠺᠠᠷ ᠡᠩᠡ ᠡᠨᠡ ᠳᠠᠭᠤᠤ ᠶᠢ ᠵᠣᠬᠢᠶᠠᠭᠰᠠᠨ ᠭᠡᠯᠴᠡᠳᠡᠭ᠃   ᠬᠠᠨ ᠠᠭᠤᠯᠠ ᠶᠢᠨ ᠰᠡᠭᠦᠳᠡᠷ ᠨᠢ   ᠬᠠᠵᠠᠭᠤ ᠳᠡᠭᠡᠷ᠎ᠡ ᠪᠠᠨ ᠲᠣᠳᠣᠷᠬᠠᠢ   ᠬᠠᠮᠪᠤ ᠪᠠᠭᠰᠢ ᠶᠢᠨ ᠭᠡᠭᠡᠨ ᠨᠢ   ᠮᠠᠨ ᠤ ᠳᠡᠭᠡᠷ᠎ᠡ ᠪᠠᠨ ᠲᠣᠳᠣᠷᠬᠠᠢ   ᠪᠣᠭᠳᠠ ᠠᠭᠤᠯᠠ ᠶᠢᠨ ᠰᠡᠭᠦᠳᠡᠷ ᠨᠢ   ᠪᠤᠷᠤᠭᠤ ᠬᠠᠵᠠᠭᠤ ᠳᠡᠭᠡᠷ᠎ᠡ ᠪᠠᠨ ᠲᠣᠳᠣᠷᠬᠠᠢ   ᠪᠤᠷᠬᠠᠨ ᠪᠠᠭᠰᠢ ᠶᠢᠨ ᠭᠡᠭᠡᠨ ᠨᠢ   ᠮᠠᠨ ᠤ ᠳᠡᠭᠡᠷ᠎ᠡ ᠪᠠᠨ ᠲᠣᠳᠣᠷᠬᠠᠢ   ᠡᠷᠳᠡᠨᠢ ᠠᠭᠤᠯᠠ ᠶᠢᠨ ᠰᠡᠭᠦᠳᠡᠷ ᠨᠢ   ᠡᠩᠭᠡᠷ ᠳᠡᠭᠡᠷ᠎ᠡ ᠪᠠᠨ ᠲᠣᠳᠣᠷᠬᠠᠢ   ᠡᠷᠳᠡᠮ ᠲᠠᠢ ᠪᠠᠭᠰᠢ ᠶᠢᠨ ᠭᠡᠭᠡᠨ ᠨᠢ   ᠮᠠᠨ ᠤ ᠳᠡᠭᠡᠷ᠎ᠡ ᠪᠠᠨ ᠲᠣᠳᠣᠷᠬᠠᠢ   ᠬᠤᠳᠤᠷᠭ᠎ᠠ ᠶᠢᠨ ᠳᠤᠮᠳᠠ ᠪᠠᠨ ᠵᠣᠬᠢᠷᠠᠭᠰᠠᠨ   ᠬᠤᠯᠠ ᠬᠠᠯᠵᠠᠨ ᠯᠠᠭᠤᠰᠠ   ᠬᠤᠷᠠᠯ ᠤᠨ ᠳᠤᠮᠳᠠ ᠪᠠᠨ ᠵᠣᠬᠢᠷᠠᠭᠰᠠᠨ   ᠮᠠᠨ ᠤ ᠪᠠᠭᠰᠢ ᠶᠢᠨ ᠭᠡᠭᠡᠨ   ᠡᠷᠪᠡᠯᠵᠢ ᠶᠢᠨ ᠳᠤᠮᠳᠠ ᠪᠠᠨ ᠵᠣᠬᠢᠷᠠᠭᠰᠠᠨ   ᠡᠷᠡᠭᠭᠡᠲᠡ ᠬᠠᠯᠵᠠᠨ ᠯᠠᠭᠤᠰᠠ   ᠡᠷᠢᠬᠡ ᠶᠢᠨ ᠳᠤᠮᠳᠠ ᠪᠠᠨ ᠵᠣᠬᠢᠷᠠᠭᠰᠠᠨ   ᠮᠠᠨ ᠤ ᠪᠠᠭᠰᠢ ᠶᠢᠨ ᠭᠡᠭᠡᠨ   ᠣᠭᠤᠰᠣᠷ ᠤᠨ ᠳᠤᠮᠳᠠ ᠪᠠᠨ ᠵᠣᠬᠢᠷᠠᠭᠰᠠᠨ   ᠣᠷᠳᠣᠨ ᠴᠠᠭᠠᠨ ᠥᠷᠭᠦᠭᠡ   ᠣᠯᠪᠣᠭ ᠤᠨ ᠳᠤᠮᠳᠠ ᠪᠠᠨ ᠵᠣᠬᠢᠷᠠᠭᠰᠠᠨ   ᠮᠠᠨ ᠤ ᠪᠠᠭᠰᠢ ᠶᠢᠨ ᠭᠡᠭᠡᠨ   ᠡᠷᠭᠢ ᠲᠣᠬᠤᠢ ᠶᠢᠨ ᠤᠰᠤ ᠨᠢ   ᠡᠷᠭᠢ ᠪᠠᠨ ᠳᠠᠭᠠᠭᠠᠳ ᠤᠷᠤᠰᠤᠨ᠎ᠠ   ᠡᠩᠭᠡᠷ ᠵᠢᠷᠭᠤᠭᠠᠨ ᠬᠡᠶᠢᠳ ᠨᠢ   ᠪᠯᠠᠮ᠎ᠠ ᠪᠠᠨ ᠵᠠᠯᠠᠭᠠᠳ ᠮᠥᠷᠭᠦᠨ᠎ᠡ   ᠭᠤᠷᠣᠬᠠᠨ ᠭᠤᠣᠯ ᠤᠨ ᠤᠰᠤ ᠨᠢ   ᠭᠤᠣᠯ ᠢᠶᠠᠨ ᠳᠠᠭᠠᠭᠠᠳ ᠤᠷᠤᠰᠤᠨ᠎ᠠ   ᠬᠤᠰᠢᠭᠤᠨ ᠵᠢᠷᠭᠤᠭᠠᠨ ᠬᠡᠶᠢᠳ ᠨᠢ   ᠪᠯᠠᠮ᠎ᠠ ᠪᠠᠨ ᠵᠠᠯᠠᠭᠠᠳ ᠮᠥᠷᠭᠦᠨ᠎ᠡ᠃      ᠳᠣᠯᠤᠭ᠎ᠠ᠂ ᠠᠯᠲᠠᠨ ᠵᠢᠭᠦᠷᠲᠠᠢ ᠴᠡᠭᠴᠡᠦᠬᠡᠢ      ᠤᠷᠢᠳᠤ ᠦᠵᠦᠮᠦᠴᠢᠨ ᠴᠢᠨ ᠸᠠᠩ ᠫᠣᠩᠰᠣᠭᠨᠠᠮᠵᠢᠯ ᠢ ᠥᠭᠡᠳᠡ ᠪᠣᠯᠣᠭᠰᠠᠨ ᠤ ᠳᠠᠷᠠᠭ᠎ᠠ ᠵᠢᠯ ᠨᠢ ᠶᠤᠮ ᠭᠡᠨ᠎ᠡ᠃ ᠨᠢᠭᠡ ᠡᠳᠦᠷ ᠲᠣᠶᠢᠩᠺᠠᠷ ᠡᠩᠡ ᠶᠢ ᠨᠣᠮ ᠦᠵᠡᠭᠡᠳ ᠰᠠᠭᠤᠵᠤ ᠪᠠᠶᠢᠬᠤ ᠳᠤ᠂ ᠲᠡᠭᠦᠨ ᠤ ᠪᠢᠴᠢᠭ ᠤᠨ ᠭᠡᠷ ᠤᠨ ᠰᠠᠷᠠᠪᠴᠢᠨ ᠳᠣᠣᠷ᠎ᠠ ᠨᠢᠭᠡᠨ ᠰᠠᠶᠢᠬᠠᠨ ᠥᠩᠭᠡᠲᠡᠢ ᠰᠢᠷ᠎ᠠ ᠪᠣᠯᠵᠣᠮᠣᠷ ᠰᠠᠭᠤᠭᠠᠳ ᠱᠠᠭᠰᠢᠨ ᠳᠣᠩᠭᠤᠳᠴᠤ ᠭᠡᠨ᠎ᠡ᠃ ᠲᠡᠷᠡ ᠭᠱᠠᠨ ᠳᠤ ᠲᠣᠶᠢᠩᠺᠠᠷ ᠡᠩᠡ ᠴᠦ ᠥᠩᠭᠡᠷᠡᠵᠦ ᠣᠳᠣᠭᠰᠠᠨ ᠥᠲᠡᠭᠦᠰ ᠢᠶᠠᠨ ᠰᠠᠨᠠᠭᠠᠯᠵᠠᠵᠤ ᠪᠠᠶᠢᠭᠰᠠᠨ ᠲᠠᠢ ᠨᠢ ᠲᠣᠬᠢᠶᠠᠭᠰᠠᠨ ᠪᠣᠯᠬᠤᠷ ᠪᠢᠷ ᠪᠡᠬᠡᠰ ᠨᠡᠶᠢᠯᠡᠭᠦᠯᠦᠨ ᠲᠠᠲᠠᠯᠠᠵᠤ ᠲᠣᠰ ᠳᠠᠭᠤᠤ ᠶᠢ ᠵᠣᠬᠢᠶᠠᠭᠰᠠᠨ ᠭᠡᠳᠡᠭ᠃ ᠲᠡᠷᠡ ᠰᠢᠯᠦᠭ ᠨᠢ᠄   ᠠᠯᠲᠠᠨ ᠵᠢᠭᠦᠷᠲᠠᠢ ᠴᠡᠭᠴᠡᠦᠬᠡᠢ ᠨᠢ   ᠠᠭᠠᠷ ᠠᠴᠠ ᠨᠠᠭᠠᠭᠤᠷ ᠵᠢᠷᠭᠢᠨ᠎ᠡ   ᠠᠳᠠᠯᠢᠬᠠᠨ ᠬᠤᠶᠠᠷ ᠴᠡᠭᠴᠡᠦᠬᠡᠢ ᠨᠢ   ᠠᠲᠠᠭ᠎ᠠ ᠲᠠᠯᠪᠢᠭᠠᠳ ᠵᠢᠷᠭᠢᠨ᠎ᠡ   ᠥᠳᠥᠨ ᠵᠢᠭᠦᠷᠲᠠᠢ ᠴᠡᠭᠴᠡᠦᠬᠡᠢ ᠨᠢ   ᠡᠭᠦᠯᠡᠨ ᠠᠴᠠ ᠨᠠᠭᠠᠭᠤᠷ ᠵᠢᠷᠭᠢᠨ᠎ᠡ   ᠥᠭᠡᠷ᠎ᠡ ᠦᠭᠡᠢ ᠬᠤᠶᠠᠷ ᠴᠡᠭᠴᠡᠦᠬᠡᠢ ᠨᠢ   ᠥᠳᠥ ᠪᠠᠨ ᠲᠠᠯᠪᠢᠭᠠᠳ ᠵᠢᠷᠭᠢᠨ᠎ᠡ   ᠠᠷᠪᠠᠨ ᠬᠠᠨᠠᠲᠤ ᠶᠢᠨ ᠲᠦᠰᠢᠯᠭᠡ ᠨᠢ   ᠠᠯᠲᠠᠨ ᠯᠤᠤ ᠲᠠᠢ ᠲᠤᠯᠭᠠᠭᠤᠷᠢ   ᠠᠩᠬ᠎ᠠ ᠶᠢᠨ ᠪᠢᠳᠡᠨ ᠤ ᠲᠦᠰᠢᠯᠭᠡ ᠨᠢ   ᠠᠪᠤ ᠡᠵᠢ ᠬᠤᠶᠠᠷ   ᠪᠠᠷᠢᠯᠳᠤᠬᠤ ᠪᠥᠬᠡ ᠶᠢᠨ ᠲᠦᠰᠢᠯᠭᠡ ᠨᠢ   ᠪᠠᠷᠢᠳᠠᠯ ᠰᠠᠶᠢᠲᠠᠢ ᠵᠣᠳᠤᠭ   ᠪᠠᠭᠠᠴᠤᠳ ᠪᠢᠳᠠᠨ ᠤ ᠲᠦᠰᠢᠯᠭᠡ ᠨᠢ   ᠠᠪᠤ ᠡᠵᠢ ᠬᠤᠶᠠᠷ   ᠤᠷᠤᠰᠬᠠᠯ ᠭᠤᠣᠯ ᠤᠨ ᠲᠦᠰᠢᠯᠭᠡ ᠨᠢ   ᠠᠭᠤᠯᠠ ᠬᠠᠳᠠ ᠬᠤᠶᠠᠷ   ᠤᠷᠢᠳᠤ ᠶᠢᠨ ᠪᠢᠳᠠᠨ ᠤ ᠲᠦᠰᠢᠯᠭᠡ ᠨᠢ   ᠠᠪᠤ ᠡᠵᠢ ᠬᠤᠶᠠᠷ   ᠬᠤᠯᠪᠣᠭ᠎ᠠ ᠪᠦᠬᠡᠲᠦ ᠶᠢᠨ ᠲᠦᠰᠢᠯᠭᠡ ᠨᠢ   ᠬᠤᠮ ᠪᠠᠮᠪᠠᠢ ᠬᠤᠶᠠᠷ   ᠬᠡᠦᠬᠡᠳ ᠪᠢᠳᠠᠨ ᠤ ᠲᠦᠰᠢᠯᠭᠡ ᠨᠢ   ᠠᠪᠤ ᠡᠵᠢ ᠬᠤᠶᠠᠷ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号