ᠦᠵᠦᠮᠦᠴᠢᠨ ᠪᠡᠯᠭᠡᠯᠡᠬᠦ ᠶᠤᠰᠤ
ᠨᠡᠶᠢᠲᠡᠯᠡᠭᠰᠡᠨ ᠴᠠᠭ᠄
2017/3/10
       ᠦᠵᠦᠮᠦᠴᠢᠨ ᠠᠶᠢᠮᠠᠭ ᠨᠢ ᠤᠷᠲᠤ ᠤᠳᠠᠭᠠᠨ ᠬᠤᠭᠤᠴᠠᠭᠠᠨ ᠤ ᠨᠡᠭᠦᠳᠡᠯ ᠮᠠᠯᠵᠢᠯ ᠤᠨ ᠠᠮᠢᠳᠤᠷᠠᠯ ᠲᠤᠮᠳᠠ ᠪᠠᠨ ᠦᠪᠡᠷ ᠤᠨ ᠭᠡᠰᠡᠡ ᠪᠡᠯᠭᠡᠯᠡᠬᠦ ᠶᠤᠰᠤ ᠵᠠᠩᠰᠢᠯ ᠢᠶᠠᠨ ᠪᠦᠲᠦᠭᠡᠵᠡᠢ᠃ ᠡᠭᠦᠨ ᠳᠤ ᠭᠤᠤᠯᠳᠠᠭᠤ ᠴᠠᠭᠠᠨ ᠰᠠᠷ᠎ᠠ ᠶᠢᠨ ᠶᠤᠰᠤ ᠵᠠᠩᠰᠢᠯ᠂ ᠤᠷᠤᠭ ᠬᠤᠷᠢᠮ ᠤᠨ ᠶᠤᠰᠤ ᠵᠠᠩᠰᠢᠯ᠂ ᠵᠢᠯ ᠵᠡᠷᠭᠡᠬᠦ ᠶᠤᠰᠤ ᠵᠠᠩᠰᠢᠯ ᠵᠡᠷᠭᠡ ᠪᠠᠭᠲᠠᠭᠳᠠᠨ᠎ᠠ᠃ ᠴᠠᠭᠠᠨ ᠰᠠᠷ᠎ᠠ ᠪᠤᠯᠬᠤ ᠳᠤ ᠦᠵᠦᠮᠦᠴᠢᠨ ᠬᠦᠮᠦᠰ ᠦᠩᠭᠡ ᠲᠠᠢ ᠰᠠᠶᠢᠬᠠᠨ ᠢᠶᠠᠨ ᠡᠮᠦᠰᠴᠦ᠂ ᠦᠯᠵᠡᠢ ᠲᠠᠢ ᠰᠠᠶᠢᠨ ᠢᠶᠠᠨ ᠬᠡᠯᠡᠵᠦ ︵ᠪᠤᠲᠤᠵᠤ︶᠂ ᠦᠷ ᠤᠨ ᠵᠢᠩ ᠢᠶᠠᠷ ᠪᠤᠰᠤᠭᠠᠳ᠂ ᠦᠲᠡᠯᠦᠭᠡ ᠪᠤᠭᠤᠷᠤᠯ  ᠳᠠᠭᠠᠨ ᠮᠦᠷᠭᠦᠵᠦ ᠵᠤᠯᠭᠠᠠ᠂ ᠴᠠᠭᠠᠨ ᠢᠳᠡᠭᠡ ᠠᠮᠬᠠᠷᠠᠬᠤ ︵ᠠᠮᠰᠠᠬᠤ︶᠂ ᠰᠢᠨ᠎ᠡ ᠶᠢᠨ ᠪᠤᠤᠪᠤ ᠠᠪᠬᠤ ᠠᠴᠠ ᠠᠪᠤᠭᠠᠳ《 ᠦᠪᠦᠩᠲᠦ ᠶᠢ ᠦᠯᠡᠳᠡᠭᠡᠬᠦ ᠦᠭᠡᠢ᠂ ᠲᠤᠪᠤᠲᠤ ᠶᠢ ᠲᠤᠭᠤᠷᠢᠬᠤ ᠦᠭᠡᠢ 》ᠬᠡᠮᠨᠨ ᠠᠶᠢᠯ ᠲᠠᠷᠠᠭᠠᠯᠠᠠ ᠲᠤᠭᠤᠷᠢᠳᠠᠭ ᠵᠠᠩᠰᠢᠯ ᠲᠠᠢ᠃        ᠤᠷᠤᠭ ᠬᠤᠷᠢᠮ ᠤᠨ ᠶᠤᠰᠤ ᠵᠠᠩᠰᠢᠯ ᠳᠤ ᠶᠡᠭᠡ ᠲᠦᠯᠦᠪ ᠪᠡᠷᠢ ᠲᠤᠷᠠᠰᠬᠤ᠂ ᠰᠢᠨ᠎ᠡ ᠭᠡᠷ ᠪᠤᠰᠬᠠᠬᠤ᠂ ᠤᠷᠤᠭ ᠬᠡᠯᠡᠵᠦ ᠤᠷᠤᠭ ᠬᠢᠬᠦ᠂ ᠭᠡᠦᠬᠡᠨ ᠡᠷᠭᠢᠵᠦ ᠭᠡᠦᠬᠡᠨ ᠲᠦᠷᠬᠦᠮᠯᠡᠬᠦ ᠵᠡᠷᠭᠡ ᠵᠦᠢᠯ ᠪᠠᠶᠢᠳᠠᠭ ᠪᠠ ᠤᠷᠤᠭ ᠬᠢᠬᠦ ᠡᠳᠦᠷ ᠤᠨ ᠬᠢᠨᠢ ᠵᠠᠩ ᠦᠢᠯᠡ ᠨᠡᠩ ᠤᠯᠠᠨ ᠪᠠᠶᠢᠳᠠᠭ ᠪᠢᠯᠡ᠃ ᠤᠷᠤᠭ ᠤᠨ ᠡᠳᠦᠷ ᠤᠨ ᠵᠠᠩ ᠦᠢᠯᠡ ᠳᠤ ᠨᠡᠷ᠎ᠡ ᠵᠢᠭᠠᠬᠤ᠂ ᠬᠦᠷᠭᠡᠨ ᠬᠦᠵᠦᠭᠦᠦ ᠨᠤᠭᠤᠯᠠᠬᠤ᠂ ᠬᠦᠷᠭᠡᠨ ᠬᠤᠪᠴᠠᠯᠠᠬᠤ᠂ ᠤᠷᠤᠭ ᠮᠤᠷᠲᠠᠬᠤ᠂ ᠬᠡᠦᠬᠡᠨ ᠬᠦᠷᠭᠡᠬᠦ᠂ ᠦᠰᠦ ᠵᠠᠳᠠᠯᠬᠤ ︵ᠭᠡᠦᠬᠡᠨ ᠮᠦᠷᠭᠦᠭᠦᠯᠬᠦ︶᠂ ᠡᠬᠡ ᠶᠢᠨ ᠴᠠᠭᠠᠨ ᠰᠦ ᠬᠠᠷᠢᠭᠤᠯᠠᠬᠤ᠂ ᠰᠢᠨ᠎ᠡ ᠬᠦᠷᠭᠡᠨ ᠭᠡᠦᠬᠡᠨ ᠭᠠᠯ ᠭᠤᠯᠤᠮᠲᠠ ᠳᠤ ᠮᠦᠷᠭᠦᠬᠦ᠂ ᠲᠤᠬᠤᠮ ᠭᠦᠪᠢᠬᠦ᠂ ᠲᠤᠰ ᠤᠨ ᠨᠠᠶᠢᠷ ᠬᠢᠬᠦ᠂ ᠬᠦᠷᠭᠡᠭᠴᠢᠨ  ᠪᠤᠴᠠᠬᠤ᠂ ᠰᠠᠭᠤᠯᠴᠠᠵᠦ ᠬᠤᠴᠤᠷᠬᠤ ᠁ ᠵᠡᠷᠭᠡ ᠠᠯᠢ ᠤᠯᠠᠨ ᠶᠤᠰᠤ ᠵᠦᠢ ᠪᠠᠶᠢᠳᠠᠭ ᠶᠤᠮ᠃         ᠵᠢᠯ ᠵᠡᠷᠭᠡᠬᠦ ᠳᠤ ᠠᠷᠪᠠᠨ ᠭᠤᠷᠪᠠ ᠠᠴᠠ ᠡᠬᠢᠯᠡᠵᠦ᠂ ᠵᠢᠯ ᠢᠶᠠᠨ ᠲᠤᠯᠤᠭ᠎ᠠ ᠤᠷᠤᠭᠤᠯᠬᠤ ᠶᠤᠰᠤ ᠵᠠᠩᠰᠢᠯ  ᠲᠠᠢ ᠪᠠᠶᠢᠳᠠᠭ ᠶᠤᠮ᠃ ᠤᠭ ᠲᠠᠭᠠᠨ ᠪᠤᠯ ᠠᠷᠪᠠᠨ ᠭᠤᠷᠪᠠ᠂ ᠬᠤᠷᠢᠨ ᠲᠠᠪᠤ᠂ ᠭᠤᠴᠢᠨ ᠲᠤᠯᠤᠭ᠎ᠠ᠂ ᠳᠦᠴᠢ ᠶᠢᠰᠦ ᠵᠡᠷᠭᠡ ᠪᠠᠭ᠎ᠠ ᠵᠠᠯᠠᠭᠤ ᠨᠠᠰᠤᠨ ᠤ ᠦᠶ᠎ᠡ ᠶᠢᠨ ᠵᠢᠯ ᠢ ᠪᠡᠯᠭᠡᠯᠡᠬᠦ ᠲᠡᠳᠦᠢ ᠦᠩᠭᠡᠷᠡᠭᠡᠳᠡᠭ ᠠᠴᠠ ᠪᠢᠰᠢ ᠶᠡᠭᠡ ᠪᠠᠷ ᠪᠡᠯᠭᠡᠯᠡᠳᠡᠭ ᠦᠭᠡᠢ᠃ ᠬᠠᠷᠢᠨ ᠵᠢᠷᠠᠨ ᠨᠢᠭᠡ ᠠᠴᠠ ᠳᠡᠭᠡᠭᠰᠢ ᠨᠠᠰᠤᠨ ᠤ ᠵᠢᠯ ᠢ ᠨᠡᠯᠢᠶᠡᠳ  ᠪᠡᠯᠭᠡᠯᠡᠳᠡᠭ ᠪᠠᠶᠢᠵᠠᠢ᠃ ᠰᠡᠭᠦᠯ ᠤᠨ ᠦᠶ᠎ᠡ ᠪᠤᠯᠬᠤ ᠳᠤ ᠨᠠᠶᠢᠷ ᠨᠠᠭᠠᠳᠤᠮ ᠬᠢᠵᠦ ᠮᠤᠷᠢ ᠪᠦᠬᠡ ᠤᠷᠤᠯᠳᠤᠭᠤᠯᠤᠨ ᠶᠡᠭᠡ ᠪᠠᠷ ᠪᠡᠯᠭᠡᠯᠡᠳᠡᠭ ᠪᠤᠯᠤᠭᠰᠠᠨ ᠨᠢ ᠤᠯᠤᠰ ᠨᠡᠶᠢᠭᠡᠮ ᠤᠨ ᠰᠠᠶᠢᠨ ᠢᠶᠠᠷ ᠠᠮᠢᠳᠤᠷᠠᠯ ᠰᠠᠶᠢᠵᠢᠷᠠᠵᠤ ᠴᠢᠨᠡᠭᠡᠯᠢᠭᠵᠢᠭᠰᠡᠡ ᠲᠠᠢ ᠰᠢᠭᠤᠳ ᠬᠤᠯᠪᠤᠭ᠎ᠠ ᠲᠠᠢ ᠪᠤᠯᠤᠭᠰᠠᠠ ᠶᠤᠮ᠃        ᠦᠵᠦᠮᠦᠴᠢᠨ ᠪᠡᠯᠭᠡᠯᠡᠬᠦ ᠶᠤᠰᠤ ᠵᠠᠩᠰᠢᠯ ᠨᠢ ᠲᠡᠦᠬᠡᠨ ᠤᠯᠠᠮᠵᠢᠯᠠᠯ ᠤᠨ ᠬᠤᠪᠢ ᠳᠤ ᠮᠠᠰᠢ ᠨᠡᠷᠢᠨ ᠵᠢᠷᠦᠮ ᠶᠠᠪᠤᠴᠠ᠂ ᠡᠷᠡᠮᠪᠡ ᠲᠠᠷᠠᠭ᠎ᠠ᠂ ᠴᠡᠭᠡᠷ ᠬᠤᠷᠢᠭ᠎ᠠ᠂ ᠬᠡᠮ ᠬᠡᠪᠴᠢᠶ᠎ᠡ ᠬᠢᠭᠡᠳ ᠡᠷᠬᠢᠮ ᠨᠡᠨᠳᠢᠨ ᠪᠠᠶᠢᠳᠠᠭ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号