ᠦᠵᠦᠮᠦᠴᠢᠨ ᠢᠷᠦᠭᠡᠯ ᠮᠠᠭᠲᠠᠭᠠᠯ
ᠨᠡᠶᠢᠲᠡᠯᠡᠭᠰᠡᠨ ᠴᠠᠭ᠄
2017/3/10
      ᠦᠵᠦᠮᠦᠴᠢᠨ ᠢᠷᠦᠭᠡᠯ ᠮᠠᠭᠲᠠᠭᠠᠯ ᠪᠤᠯ ᠮᠤᠩᠭᠤᠯ ᠦᠨᠳᠦᠰᠦᠲᠡᠡ ᠤ ᠠᠮᠠ ᠪᠠᠷ ᠤᠯᠠᠮᠵᠢᠯᠠᠭᠳᠠᠭᠰᠠᠠ ᠪᠡᠯᠡᠡ ᠢᠷᠠᠭᠤ ᠨᠠᠶᠢᠷᠠᠭ ᠤᠨ ᠨᠢᠭᠡ ᠬᠡᠰᠡᠭ ᠪᠤᠯᠬᠤ ᠶᠤᠮ᠃ ᠦᠵᠦᠮᠦᠴᠢᠨ ᠬᠦᠮᠦᠰ ᠠᠯᠢᠪᠠ ᠵᠦᠢᠯ ᠳᠤ ᠪᠡᠯᠭᠡ  ᠲᠡᠮᠪᠡᠷᠢᠯ ᠢ ᠡᠷᠭᠢᠮᠯᠡᠳᠡᠭ ᠰᠠᠶᠢᠬᠠᠨ ᠤᠯᠠᠮᠵᠢᠯᠠᠯ ᠲᠠᠢ ᠪᠠᠶᠢᠳᠠᠭ ᠠᠴᠠ ᠡᠳᠦᠷ ᠳᠤᠳᠤᠮ ᠤᠨ ᠠᠵᠤ ᠠᠮᠢᠳᠤᠷᠠᠯ ᠳᠠᠭᠠᠨ ᠢᠷᠦᠭᠡᠬᠦ ᠦᠭᠡᠢ ᠵᠦᠢᠯ ᠭᠡᠵᠦ ᠦᠭᠡᠢ᠂ ᠪᠡᠯᠭᠡᠰᠢᠶᠡᠬᠦ ᠦᠭᠡᠢ ᠦᠢᠯᠡ ᠭᠡᠵᠦ ᠦᠭᠡᠢ ᠪᠤᠶᠤ ᠦᠢᠯᠡ ᠬᠦᠳᠡᠯᠦᠯ ᠪᠤᠯᠭᠠᠨ ᠳᠠᠭᠠᠨ ᠦᠯᠵᠡᠢ ᠪᠡᠯᠭᠡ ᠲᠠᠢ ᠦᠭᠡ ᠶᠠᠷᠢᠵᠦ ᠰᠠᠶᠢᠨ ᠰᠠᠶᠢᠬᠠᠨ ᠪᠠᠶᠢᠬᠤ ᠶᠢ ᠢᠷᠦᠭᠡᠨ ᠵᠦᠩᠨᠡᠵᠦ ᠪᠠᠶᠢᠳᠠᠭ ᠶᠤᠮ᠃       ᠦᠵᠦᠮᠦᠴᠢᠨ ᠢᠷᠦᠭᠡᠯ ᠮᠠᠭᠲᠠᠭᠠᠯ ᠨᠢ ᠠᠭᠤᠯᠭ᠎ᠠ ᠶᠢᠨ ᠬᠤᠪᠢ ᠳᠤ ᠮᠠᠰᠢ ᠪᠠᠶᠠᠯᠢᠭ ᠪᠠᠶᠢᠳᠠᠭ ᠶᠤᠮ᠃ ᠮᠤᠷᠢᠨ ᠴᠤᠯᠡ ᠲᠠᠭᠤᠳᠠᠬᠤ᠂ ᠭᠠᠯ ᠲᠠᠬᠢᠯᠭ᠎ᠠ ᠤᠨ ᠢᠷᠦᠭᠡᠯ᠂ ᠤᠷᠤᠭ ᠬᠤᠷᠢᠮ ᠤᠨ ᠬᠡᠯᠡᠮᠦᠷ᠂ ᠠᠷᠢᠬᠢᠨ ᠤ ᠢᠷᠦᠭᠡᠯ ᠦᠭᠬᠦ᠂ ᠰᠢᠨ᠎ᠡ ᠭᠡᠷ ᠮᠢᠯᠢᠶᠠᠬᠤ᠂ ᠪᠦᠬᠡ ᠶᠢᠨ ᠮᠠᠭᠲᠠᠭᠠᠯ᠂ ᠲᠠᠪᠤᠨ ᠬᠤᠰᠢᠭᠤ ᠮᠠᠯ ᠢᠶᠠᠨ ᠢᠷᠦᠭᠡᠬᠦ ᠁ ᠵᠡᠷᠭᠡ ᠨᠢ ᠦᠵᠦᠮᠦᠴᠢᠨᠴᠦᠳ ᠤᠨ ᠢᠷᠦᠭᠡᠨ ᠪᠡᠯᠭᠡᠳᠡᠬᠦ ᠪᠠ ᠮᠠᠭᠲᠠᠨ ᠰᠢᠯᠦᠭᠯᠡᠬᠦ ᠭᠤᠤᠯ ᠰᠡᠳᠦᠪ ᠪᠤᠯᠤᠭᠰᠠᠭᠠᠷ ᠢᠷᠡᠭᠰᠡᠡ ᠶᠤᠮ᠃       ᠢᠷᠦᠭᠡᠯ ᠮᠠᠭᠲᠠᠭᠠᠯ ᠨᠢ ᠶᠡᠷᠦᠨᠢ ᠮᠤᠩᠭᠤᠯᠴᠤᠳ ᠤᠨ ᠦᠢᠯᠡᠳᠪᠦᠷᠢᠯᠡᠯ ᠠᠮᠢᠳᠤᠷᠠᠯ ᠲᠠᠢ ᠨᠢᠭᠲᠠ ᠬᠤᠯᠪᠤᠭ᠎ᠠ  ᠲᠠᠢ ᠪᠠᠶᠢᠳᠠᠭ ᠢᠶᠠᠷ ᠪᠠᠷᠠᠬᠤ ᠦᠭᠡᠢ ᠶᠤᠰᠤ ᠵᠦᠢ ᠵᠠᠩ ᠠᠭᠠᠯᠢ ᠶᠢᠨ ᠰᠢᠨᠵᠢ ᠪᠦᠬᠦᠢ ᠤᠷᠠᠨ ᠵᠤᠬᠢᠶᠠᠯ   ᠤᠨ ᠤᠨᠴᠠᠯᠢᠭ ᠰᠢᠨᠵᠢ ᠶᠢ ᠪᠦᠷᠢᠳᠦᠭᠦᠯᠦᠭᠰᠡᠨ ᠪᠠᠶᠢᠳᠠᠭ ᠶᠤᠮ᠃       ᠦᠵᠦᠮᠦᠴᠢᠨ ᠬᠦᠮᠦᠰ ᠪᠠᠶᠢᠭᠠᠯᠢ ᠳᠡᠯᠡᠬᠡᠢ ᠪᠠᠨ ᠰᠢᠳᠦᠬᠦ᠂ ᠠᠮᠢ ᠠᠬᠤᠢ ᠶᠢ ᠬᠠᠶᠢᠷᠠᠯᠠᠬᠤ᠂ ᠠᠪᠤ ᠡᠵᠢ ᠪᠠᠨ ᠬᠦᠨᠳᠦᠯᠡᠬᠦ᠂ ᠨᠠᠶᠢᠷ ᠵᠢᠷᠤᠮ ᠢ ᠬᠦᠨᠳᠦᠳᠬᠡᠬᠦ ᠁ ᠶᠢ ᠮᠠᠰᠢ ᠡᠷᠬᠢᠮᠯᠡᠨ ᠳᠡᠭᠡᠳᠦᠯᠡᠳᠡᠭ ᠶᠤᠮ᠃ ᠳᠡᠭᠡᠬᠦ ᠳᠡᠭᠡᠨ ᠯᠡ ᠠᠮᠠᠨ ᠤ ᠦᠵᠦᠭᠦᠷ ᠪᠡᠯᠭᠡ ᠲᠡᠮᠪᠡᠷᠢᠯ ᠲᠠᠢ ᠦᠭᠡ ᠰᠢᠯᠦᠭ ᠭᠡᠯᠡᠵᠦ᠂ ᠬᠦᠰᠡᠭᠰᠡᠨ ᠰᠠᠨᠠᠭᠰᠠᠨ ᠰᠡᠳᠬᠢᠯᠭᠡ ᠪᠠᠨ ᠢᠯᠡᠳᠭᠡᠨ᠂ ᠰᠠᠶᠢᠨ ᠰᠠᠶᠢᠬᠠᠨ ᠢᠷᠡᠭᠡᠳᠦᠢ ᠪᠠᠨ ᠪᠡᠯᠭᠡᠰᠢᠶᠡᠡ ᠵᠦᠩᠨᠡᠳᠡᠭ ᠠᠴᠠ ᠲᠠᠬᠢᠯᠭ᠎ᠠ  ᠲᠠᠶᠢᠯᠠᠯᠭ᠎ᠠ᠂ ᠬᠤᠷᠢᠮ ᠲᠦᠷᠦ᠂ ᠵᠢᠯ ᠵᠡᠷᠭᠡᠬᠦ᠂ ᠨᠠᠶᠢᠷ ᠨᠠᠭᠠᠲᠤᠮ ᠵᠡᠷᠭᠡ ᠡᠷᠬᠢᠮ ᠬᠦᠨᠳᠦᠳᠭᠡᠯ ᠲᠠᠢ ᠵᠦᠢᠯ ᠠᠴᠠ ᠡᠭᠡᠯ ᠵᠢᠷ ᠤᠨ ᠠᠮᠢᠳᠤᠷᠠᠯ  ᠳᠠᠭᠠᠨ ᠬᠦᠷᠲᠡᠯ᠎ᠡ ᠢᠷᠦᠭᠡᠯ ᠮᠠᠭᠲᠠᠭᠠᠯ ᠲᠠᠢ ᠰᠠᠯᠤᠰᠢ ᠦᠭᠡᠢ ᠪᠠᠶᠢᠳᠠᠭ ᠶᠤᠮ᠃  ᠦᠵᠦᠮᠦᠴᠢᠨ ᠢᠷᠦᠭᠡᠯ ᠮᠠᠭᠲᠠᠭᠠᠯ  ᠨᠢ ᠨᠡᠭᠦᠳᠡᠯ ᠮᠠᠯᠵᠢᠯ ᠤᠨ ᠰᠤᠶᠤᠯ ᠵᠢᠴᠢ ᠨᠡᠭᠦᠳᠡᠯᠴᠢᠨ ᠮᠤᠩᠭᠤᠯᠴᠤᠳ ᠤᠨ ᠵᠠᠩ ᠴᠢᠨᠠᠷ᠂ ᠰᠤᠶᠤᠯ ᠤᠯᠠᠮᠵᠢᠯᠠᠯ  ᠲᠠᠢ ᠨᠢᠭᠲᠠ ᠬᠤᠯᠪᠤᠭ᠎ᠠ ᠲᠠᠢ ᠪᠠᠶᠢᠳᠠᠭ ᠪᠠ ᠲᠡᠳᠡᠨᠦᠰ ᠤᠨ ᠪᠤᠳᠤᠯ ᠰᠡᠳᠬᠢᠬᠦᠢ᠂ ᠤᠶᠤᠨ ᠤᠬᠠᠭᠠᠨ᠂ ᠰᠢᠲᠦᠯᠭᠡ ᠪᠢᠰᠢᠷᠡᠯ ᠬᠢᠭᠡᠳ ᠠᠮᠢᠳᠤᠷᠠᠯ ᠤᠷᠤᠰᠢᠬᠤᠢ ᠵᠢᠴᠢ ᠰᠤᠶᠤᠯ ᠵᠠᠩᠰᠢᠯ ᠤᠨ ᠪᠡᠶᠡᠯᠡᠯ ᠲᠦᠷᠦᠳᠡᠰᠦ ᠪᠠᠶᠢᠭ᠎ᠠ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号