ᠦᠵᠦᠮᠦᠴᠢᠨ ᠲᠠᠬᠢᠯᠭ᠎ᠠ
ᠨᠡᠶᠢᠲᠡᠯᠡᠭᠰᠡᠨ ᠴᠠᠭ᠄
2017/3/10
     ᠦᠵᠦᠮᠦᠴᠢᠨ ᠲᠠᠬᠢᠯᠭ᠎ᠠ ᠳᠤ ᠤᠪᠤᠭ᠎ᠠ ᠳᠠᠬᠢᠯᠭ᠎ᠠ ᠪᠤᠯᠤᠨ ᠰᠦᠯᠳᠡ ᠶᠢᠨ ᠳᠠᠬᠢᠯᠭ᠎ᠠ ᠭᠡᠵᠦ ᠬᠤᠶᠠᠷ ᠵᠦᠢᠯ ᠪᠠᠶᠢᠳᠠᠭ ᠶᠤᠮ᠃      ᠤᠪᠤᠭ᠎ᠠ ᠳᠠᠬᠢᠬᠤ ᠵᠠᠩᠰᠢᠯ ᠨᠢ ᠶᠡᠭᠡ ᠪᠠᠶᠢᠭᠠᠯᠢ ᠶᠢᠨ ᠬᠦᠴᠦᠨ ᠴᠢᠳᠠᠯ ᠢ ᠰᠦᠰᠦᠭᠯᠡᠡ ᠰᠢᠲᠦᠳᠡᠭ ᠪᠦᠬᠡ ᠮᠦᠷᠭᠦᠯ ᠤᠨ ᠱᠠᠰᠢᠨ ᠠᠴᠠ ᠢᠷᠡᠯ ᠲᠠᠢ ᠪᠤᠯᠪᠠᠴᠤ ᠮᠤᠩᠭᠤᠯᠴᠤᠳ ᠤᠨ ᠪᠠᠶᠢᠭᠠᠯᠢ ᠳᠡᠯᠡᠬᠡᠢ ᠤᠷᠴᠢᠨ   ᠠᠬᠤᠢ ᠪᠠᠨ ᠬᠠᠶᠢᠷᠠᠯᠠᠠ ᠨᠡᠨᠳᠢᠩᠨᠠᠳᠠᠭ ᠡᠷᠬᠢᠮ ᠳᠡᠭᠡᠳᠤ ᠦᠵᠡᠯ ᠤᠬᠠᠮᠰᠠᠷ ᠶᠤᠰᠤ ᠵᠦᠢ ᠪᠤᠯᠤᠨ ᠲᠤᠭᠲᠠᠨᠢᠵᠠᠢ᠃ ᠪᠠᠷᠠᠭᠤᠨ ᠦᠵᠦᠮᠦᠴᠢᠨ ᠬᠤᠰᠢᠭᠤᠨ ᠳᠤ ᠤᠪᠤᠭ᠎ᠠ ᠳᠠᠬᠢᠯᠭ᠎ᠠ ᠨᠢ ᠶᠡᠭᠡ ᠲᠦᠯᠦᠪ ᠪᠢᠯᠢᠭ ᠤᠨ ᠤᠯᠠᠷᠢᠯ ᠤᠨ5 — 6 ᠰᠠᠷ᠎ᠠ  ᠶᠢᠨ ᠬᠤᠭᠤᠷᠤᠨᠳᠤ ᠲᠦᠪᠯᠡᠷᠡᠵᠦ ᠪᠠᠶᠢᠳᠠᠭ ᠶᠤᠮ᠃ ᠤᠪᠤᠭᠠᠠ ᠤ ᠡᠵᠡᠨ ᠪᠡᠶ᠎ᠡ ᠪᠠᠷ ᠨᠢ ᠵᠠᠰᠠᠭ ᠤᠨ ᠤᠪᠤᠭ᠎ᠠ᠂ ᠪᠠᠭᠰᠢ ᠶᠢᠨ ᠤᠪᠤᠭ᠎ᠠ᠂ ᠰᠦᠮ᠎ᠡ ᠯᠠᠮᠠ ᠶᠢᠨ ᠤᠪᠤᠭ᠎ᠠ᠂ ᠲᠠᠶᠢᠵᠢ ᠶᠢᠨ ᠤᠪᠤᠭ᠎ᠠ᠂ ᠪᠦᠬᠡ ᠶᠢᠨ ᠤᠪᠤᠭ᠎ᠠ᠂ ᠭᠡᠦᠬᠡᠳ  ᠤᠨ ᠤᠪᠤᠭ᠎ᠠ᠂ ᠠᠶᠢᠯ ᠭᠡᠷ ᠤᠨ ᠤᠪᠤᠭ᠎ᠠ︔ ᠪᠠᠶᠢᠷᠢ ᠪᠠᠶᠢᠴᠠ ᠪᠠᠷ ᠨᠢ ᠭᠤᠤᠯ ᠤᠰᠤ ᠠᠭᠤᠯᠠ ᠪᠤᠯᠠᠭ ᠤᠨ ᠤᠪᠤᠭ᠎ᠠ᠂ ᠬᠠᠷᠠᠭᠤᠯ ᠤᠪᠤᠭ᠎ᠠ᠂ ᠬᠦᠲᠦᠯ ᠤᠪᠤᠭ᠎ᠠ᠂ ᠭᠠᠵᠠᠷ ᠤᠪᠤᠭ᠎ᠠ ᠬᠡᠵᠤ ᠬᠤᠪᠢᠶᠠᠳᠠᠭ ᠪᠠ ᠵᠠᠷᠢᠮ ᠳᠤᠬᠢᠶᠠᠯᠳᠤᠯ ᠳᠤ ᠦᠨᠡᠡ ᠬᠦᠮᠦᠨ ᠪᠤᠶᠤ ᠮᠠᠯ ᠠᠳᠤᠭᠤᠰᠤᠨ ᠤ ᠨᠡᠷ᠎ᠡ ᠪᠠᠷ ᠰᠢᠭᠤᠳ ᠨᠡᠷᠡᠯᠡᠭᠰᠡᠡ ᠤᠪᠤᠭ᠎ᠠ ᠴᠦ ᠪᠠᠶᠢᠳᠠᠭ᠃ ᠪᠦᠷᠢᠳᠭᠡᠯ ᠢᠶᠠᠷ ᠪᠠᠷᠠᠭᠤᠨ ᠦᠵᠦᠮᠦᠴᠢᠨ ᠬᠤᠰᠢᠭᠤᠨ ᠳᠤ ᠤᠳᠤ ᠪᠠᠶᠢᠭ᠎ᠠ ᠳᠠᠬᠢᠯᠭ᠎ᠠ ᠲᠠᠢ ᠤᠪᠤᠭᠠᠳ ᠬᠤᠶᠠᠷ ᠵᠠᠭᠤ ᠰᠢᠬᠠᠮ ᠪᠠᠶᠢᠵᠦ᠂ ᠬᠠᠮᠤᠭ ᠡᠬᠢᠨ ᠤ ᠬᠢᠨᠢ ᠪᠢᠯᠢᠭ ᠤᠨ 4 ᠰᠠᠷ᠎ᠠ ᠶᠢᠨ 16 ᠳᠤ ᠳᠠᠬᠢᠳᠠᠭ ᠠᠳᠤᠭᠤᠨ ᠤᠪᠤᠭ᠎ᠠ᠂ ᠬᠠᠮᠤᠭ ᠰᠡᠭᠦᠯ ᠤᠨ ᠬᠢᠨᠢ ᠪᠢᠯᠢᠭ ᠤᠨ 8 ᠰᠠᠷ᠎ᠠ ᠶᠢᠨ 8 ᠳᠤ ᠳᠠᠬᠢᠳᠠᠭ ᠪᠤᠷᠤ ᠬᠤᠰᠢᠭᠤ ᠤᠪᠤᠭ᠎ᠠ ᠪᠤᠯᠤᠨ᠎ᠠ᠃      ᠦᠵᠦᠮᠦᠴᠢᠨᠴᠦᠳ ᠤᠨ ᠳᠠᠬᠢᠯᠭ᠎ᠠ ᠳᠤᠳᠤᠷᠠᠬᠢ ᠤᠨᠳᠤᠤ ᠨᠢᠭᠡ ᠵᠦᠢᠯ ᠨᠢ ᠳᠠᠷᠤᠢ ᠦᠵᠦᠮᠦᠴᠢᠨ ᠰᠦᠯᠳᠡ  ᠶᠢᠨ ᠳᠠᠬᠢᠯᠭ᠎ᠠ ᠪᠤᠯᠬᠤ ᠶᠤᠮ᠃ ᠡᠷᠳᠡ ᠳᠡᠭᠡᠨ ᠰᠦᠯᠳᠡ ᠶᠢᠨ ᠳᠠᠬᠢᠯᠭ᠎ᠠ ᠶᠢ ᠤᠷᠳᠤᠨ ᠰᠦᠯᠳᠡ᠂ ᠬᠦᠳᠡᠭᠡ ᠰᠦᠯᠳᠡ᠂ ᠶᠠᠮᠦᠨ ᠰᠦᠯᠳᠡ ᠭᠡᠵᠦ ᠭᠤᠷᠪᠠ ᠬᠤᠪᠢᠶᠠᠳᠠᠭ ᠪᠠᠶᠢᠵᠠᠢ᠃ 2005 ᠤᠨ ᠠᠴᠠ ᠡᠬᠢᠯᠡᠡ ᠭᠤᠷᠪᠠᠭᠤᠯᠠ  ᠶᠢ ᠨᠡᠶᠢᠯᠡᠭᠦᠯᠦᠭᠡᠳ ᠨᠢᠭᠡ ᠡᠳᠦᠷ ᠳᠠᠬᠢᠳᠠᠭ ᠪᠤᠯᠭᠠᠵᠠᠢ᠃      ᠤᠪᠤᠭ᠎ᠠ ᠳᠠᠬᠢᠯᠭ᠎ᠠ ᠪᠠ ᠰᠦᠯᠳᠡ ᠶᠢᠨ ᠳᠠᠬᠢᠯᠭ᠎ᠠ ᠨᠢ ᠦᠨᠢ ᠤᠳᠠᠭᠠᠠ ᠵᠢᠯ ᠤᠨ ᠲᠡᠦᠬᠡ ᠲᠠᠢ ᠪᠠᠶᠢᠵᠤ᠂ ᠮᠤᠩᠭᠤᠯᠴᠤᠳ ᠤᠨ ᠡᠬᠡ ᠪᠠᠶᠢᠭᠠᠯᠢ ᠪᠠᠨ ᠬᠠᠶᠢᠷᠠᠯᠠᠬᠤ᠂ ᠲᠠᠯ᠎ᠠ ᠨᠤᠲᠤᠭ ᠢᠶᠠᠨ ᠬᠠᠶᠢᠷᠠᠯᠠᠬᠤ ᠪᠤᠶᠤ ᠡᠶ᠎ᠡ ᠨᠠᠶᠢᠷ ᠲᠠᠢ ᠵᠡᠷᠭᠡᠴᠡᠡ ᠤᠷᠤᠰᠢᠬᠤ ᠭᠡᠰᠡᠡ ᠡᠷᠬᠢᠮ ᠳᠡᠭᠡᠳᠦ ᠦᠵᠡᠯ ᠪᠤᠳᠤᠯ ᠶᠤᠰᠤ ᠰᠤᠷᠲᠠᠬᠤᠨ ᠢ ᠬᠠᠷᠠᠭᠤᠯᠳᠠᠭ᠃ ᠲᠡᠷᠡ ᠨᠢ ᠮᠥᠨ ᠴᠦ ᠱᠠᠰᠢᠠ᠂ ᠢᠳᠡᠭᠡᠯ ᠪᠢᠰᠢᠷᠡᠯ᠂ ᠪᠡᠯᠭᠡᠯᠡᠬᠦ ᠶᠤᠰᠤ ᠵᠠᠩᠰᠢᠯ ᠢ ᠤᠶᠠᠯᠳᠤᠭᠤᠯᠤᠭᠰᠠᠠ ᠲᠠᠯ᠎ᠠ ᠨᠤᠲᠤᠭ ᠤᠨ ᠬᠦᠮᠦᠰ ᠤᠨ ᠠᠮᠢ ᠠᠬᠤᠢ ᠶᠢᠨ ᠲᠡᠩᠴᠡᠯ ᠬᠢᠭᠡᠳ ᠡᠶ᠎ᠡ ᠵᠤᠬᠢᠴᠠᠯ ᠲᠠᠢ ᠤᠷᠤᠰᠢᠯ ᠤᠨ ᠪᠡᠯᠭᠡ ᠳᠡᠮᠳᠡᠭ ᠪᠤᠯᠬᠤ ᠶᠤᠮ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号