ᠦᠵᠦᠮᠦᠴᠢᠨ ᠪᠦᠬᠡ
ᠨᠡᠶᠢᠲᠡᠯᠡᠭᠰᠡᠨ ᠴᠠᠭ᠄
2017/3/10
      ᠪᠠᠷᠠᠭᠤᠨ ᠦᠵᠦᠮᠦᠴᠢᠨ ᠬᠤᠰᠢᠭᠤ ᠪᠤᠯ《 ᠮᠤᠩᠭᠤᠯ ᠪᠦᠬᠡ ᠶᠢᠨ ᠲᠠᠭᠱᠢᠨ ᠤᠷᠤᠨ᠂ ᠠᠪᠤᠷᠭᠤᠴᠤᠳ  ᠤᠨ ᠠᠯᠲᠠᠠ ᠦᠯᠦᠭᠡᠢ 》 ᠬᠡᠮᠡᠬᠦ ᠰᠠᠶᠢᠬᠠᠨ ᠠᠯᠳᠠᠷ ᠲᠠᠢ ᠪᠢᠯᠡ᠃ ᠪᠦᠬᠡ ᠨᠢ ᠤᠯᠠᠮᠵᠢᠯᠠᠯᠲᠤ ᠪᠡᠶ᠎ᠡ ᠶᠢᠨ ᠲᠠᠮᠢᠷ  ᠤᠨ ᠬᠤᠪᠢ ᠪᠠᠷ ᠦᠵᠦᠮᠦᠴᠢᠨ ᠤ ᠲᠠᠯ᠎ᠠ ᠨᠤᠲᠤᠭ ᠲᠤ ᠤᠨ ᠤᠳᠠᠭᠠᠨ ᠤ ᠲᠡᠦᠬᠡ ᠲᠠᠢ ᠮᠦᠷᠲᠡᠭᠡᠨ ᠤᠯᠠᠠ ᠲᠦᠮᠡᠨᠴᠢ ᠰᠠᠭᠤᠷᠢ ᠪᠠᠷ ᠵᠤᠵᠠᠭᠠᠨ ᠶᠤᠮ᠃ 2004 ᠤᠨ ᠳᠤ ᠮᠤᠩᠭᠤᠯ ᠦᠨᠳᠦᠰᠦᠲᠡᠡ ᠤ ᠲᠡᠦᠬᠡᠨ ᠳᠡᠭᠡᠷᠡᠬᠢ ᠬᠠᠮᠤᠭ ᠤᠨ ᠶᠡᠭᠡ ᠨᠠᠶᠢᠷ ᠪᠤᠯᠬᠤ ᠬᠢᠨᠢᠰ ᠤᠨ ᠳᠡᠯᠡᠬᠡᠢ ᠶᠢᠨ ᠲᠡᠮᠳᠡᠭᠯᠡᠯ ᠡᠭᠦᠳᠦᠭᠰᠡᠡ 2048 ᠪᠦᠬᠡ ᠶᠢᠨ ᠶᠡᠭᠡ ᠮᠦᠷᠦᠶᠢᠴᠡᠭᠡᠨ ᠪᠠᠷᠠᠭᠤᠨ ᠦᠵᠦᠮᠦᠴᠢᠨ ᠳᠤ ᠪᠤᠯᠵᠤ ᠦᠩᠭᠡᠷᠡᠭᠰᠡᠨ ᠶᠤᠮ᠃      ᠦᠵᠦᠮᠦᠴᠢᠨ ᠪᠦᠬᠡ ᠶᠢᠨ ᠬᠤᠪᠴᠠᠰᠤ ᠵᠠᠰᠠᠯ ᠨᠢ ᠦᠪᠡᠷᠮᠢᠴᠡ ᠭᠤᠶᠤ ᠪᠠᠶᠢᠳᠠᠭ ᠢᠶᠠᠷ ᠲᠡᠭᠦᠨ ᠢ ᠤᠷᠠᠯᠠᠠ ᠤᠶᠤᠭᠰᠠᠠ ᠪᠦᠰᠡᠭᠦᠶᠢᠴᠦᠳ ᠤᠨ ᠭᠠᠷ ᠤᠨ ᠤᠷᠠᠠ ᠰᠡᠳᠬᠢᠯ ᠤᠨ ᠲᠠᠮᠢᠷ ᠢ ᠴᠦ ᠬᠦᠮᠦᠰ ᠱᠠᠭᠰᠢᠳᠠᠭ ᠪᠢᠯᠠ᠃ ᠦᠵᠦᠮᠦᠴᠢᠨ ᠪᠦᠬᠡ ᠶᠢᠨ ᠡᠮᠦᠰᠭᠡᠯ ᠬᠤᠪᠴᠠᠰᠤᠨ ᠳᠤ ᠵᠠᠩᠭᠢᠶ᠎ᠠ᠂ ᠵᠤᠳᠤᠭ᠂ ᠬᠤᠷᠮᠤᠶᠢᠪᠴᠢ ︵ᠯᠠᠪᠷᠢ︶᠂ ᠲᠤᠤᠱᠤᠤ᠂ ᠭᠤᠲᠤᠯ ᠪᠤᠯᠤᠨ ᠭᠤᠲᠤᠯ ᠤᠨ ᠬᠦᠯᠢᠶᠡᠷᠢ ᠵᠡᠷᠭᠡ ᠪᠠᠭᠲᠠᠲᠠᠭ᠃ ᠵᠠᠩᠭᠢᠶ᠎ᠠ ᠶᠢ ᠲᠦᠷᠦᠯ ᠢᠶᠠᠷ ᠨᠢ ᠬᠤᠰᠢᠭᠤ ᠰᠤᠮᠤᠠ ᠠᠴᠠ ᠤᠯᠭᠤᠭᠰᠠᠠ ᠵᠠᠩᠭᠢᠶ᠎ᠠ᠂ ᠤᠪᠤᠭᠠᠨ ᠨᠠᠶᠢᠷ ᠤᠨ ᠵᠠᠩᠭᠢᠶ᠎ᠠ ᠬᠢᠭᠡᠳ ᠲᠠᠷᠬᠠᠨ ᠪᠦᠬᠡ ᠶᠢᠨ ᠵᠠᠩᠭᠢᠶ᠎ᠠ ᠭᠡᠵᠦ ᠭᠤᠷᠪᠠ ᠬᠤᠪᠢᠶᠠᠳᠠᠭ ᠶᠤᠮ᠃      ᠦᠵᠦᠮᠦᠴᠢᠨ ᠬᠡᠮᠡᠬᠦ ᠡᠨᠡᠬᠦ ᠭᠠᠶᠢᠬᠠᠮᠰᠢᠭᠲᠦ ᠭᠠᠵᠠᠷ ᠤᠰᠤᠨ ᠦᠶ᠎ᠡ ᠦᠶ᠎ᠡ ᠶᠢᠨ ᠠᠪᠤᠷᠭᠤᠴᠤᠳ ᠢᠶᠠᠨ ᠲᠦᠷᠦᠭᠦᠯᠵᠦ ᠲᠡᠪᠢᠭᠦᠯᠦᠭᠰᠡᠭᠡᠷ ᠢᠷᠡᠭᠰᠡᠡ ᠶᠤᠮ᠃ 18 ᠳ᠋ᠤᠭᠠᠷ ᠵᠠᠭᠤᠨ ᠤ ᠦᠶ᠎ᠡ ᠳᠤ ᠠᠨᠵᠤᠤ︔19 ᠳ᠋ᠤᠭᠡᠷ ᠵᠠᠭᠤᠨ ᠤ ᠦᠶ᠎ᠡ ᠳᠤ ᠲᠦᠭᠦᠷᠡᠩᠵᠠᠭᠠᠨ︔ 20 ᠳ᠋ᠤᠭᠠᠷ ᠵᠠᠭᠤᠨ ᠳᠤ ᠰᠡᠩᠭᠡ᠂ ᠰᠤᠳᠨᠠᠮᠸᠠᠩᠴᠤᠭ᠂ ᠯᠤᠷᠤᠢ᠂ ᠶᠤᠨᠳᠤᠨ︔ 20 ᠳ᠋ᠤᠭᠠᠷ ᠵᠠᠭᠤᠨ ᠤ ᠲᠤᠤᠷ᠎ᠠ ᠬᠠᠭᠠᠰ ᠲᠤ ᠡᠷᠳᠡᠨᠢᠪᠠᠶᠠᠷ᠂ ᠠᠯᠮᠠᠰ᠂ ᠭᠤᠩᠴᠤᠭᠵᠠᠪ᠂ ᠪᠦᠬᠡ︔ ᠤᠳᠤ ᠦᠶ᠎ᠡ ᠳᠤ ᠮᠢ᠊ · ᠰᠤᠶᠤᠯ᠂ ᠤᠶᠤᠨᠪᠠᠲᠤ ᠵᠡᠷᠭᠡ ᠪᠦᠬᠡᠴᠦᠳ ᠦᠪᠡᠷ ᠦᠪᠡᠷᠰᠡᠳ ᠤᠨ ᠴᠠᠭ ᠦᠶ᠎ᠠ ᠪᠠᠨ ᠡᠵᠡᠩᠨᠡᠨ ᠤᠯᠤᠰ ᠤᠨ ᠲᠤᠲᠤᠭᠠᠲᠤ ᠭᠠᠳᠠᠭᠠᠳᠤ ᠳᠤ ᠠᠯᠳᠠᠷ ᠨᠡᠷ᠎ᠡ ᠪᠠᠨ ᠮᠠᠨᠳᠤᠭᠤᠯᠤᠭᠰᠠᠭᠠᠷ ᠢᠷᠡᠭᠰᠡᠡ ᠶᠤᠮ᠃      ᠮᠤᠩᠭᠤᠯ ᠦᠨᠳᠦᠰᠦᠲᠡᠡ ᠤ ᠦᠷᠢᠰᠦᠯᠳᠦᠭᠡᠨᠲᠦ ᠪᠡᠶ᠎ᠡ ᠶᠢᠨ ᠲᠠᠮᠢᠷ ᠤᠨ ᠤᠬᠢ ᠰᠤᠷ ᠳᠡᠳᠦᠢ ᠦᠭᠡᠢ ᠤᠶᠠᠠ ᠬᠠᠳᠠᠨ᠂ ᠤᠷ᠎ᠠ ᠤᠬᠠᠭᠠᠨ ᠬᠢᠭᠡᠳ ᠬᠦᠴᠦᠨ ᠴᠢᠳᠠᠯ ᠤᠨ ᠬᠤᠷᠠᠮᠳᠤᠯ ᠪᠤᠯᠤᠭᠰᠠᠠ ᠢᠶᠠᠷ ᠢᠶᠠᠨ ᠦᠵᠦᠮᠦᠴᠢᠨ ᠪᠦᠬᠡ  ᠨᠢ ᠲᠡᠦᠬᠡ ᠰᠤᠶᠤᠯ ᠤᠨ ᠬᠤᠪᠢ ᠳᠤ ᠮᠠᠰᠢ ᠦᠨ᠎ᠡ ᠦᠷᠲᠡᠭ ᠲᠠᠢ ᠪᠠᠶᠢᠳᠠᠭ ᠶᠤᠮ᠃ ᠡᠷᠲᠡᠨ ᠠᠴᠠ ᠮᠤᠩᠭᠤᠯᠴᠤᠳ ᠮᠤᠷᠢ ᠤᠨᠤᠭᠠᠠ ᠳᠤ ᠳᠠᠳᠮᠠᠭᠠᠢ᠂ ᠬᠠᠷᠪᠤᠵᠤ ᠨᠠᠮᠨᠠᠬᠤ ᠳᠠᠭᠠᠨ ᠭᠠᠪᠰᠢᠭᠠᠢ ᠪᠠᠶᠢᠳᠠᠭ ᠴᠢᠬᠢᠷᠠᠭ ᠤᠭᠰᠠᠭᠠᠲᠠᠠ ᠤ ᠬᠤᠪᠢ ᠪᠠᠷ ᠪᠦᠬᠡ ᠶᠢ ᠬᠦᠴᠦᠲᠡᠡ ᠴᠢᠳᠠᠯᠲᠠᠠ ᠢ ᠬᠦᠮᠦᠵᠢᠭᠦᠯᠬᠦ ᠬᠦᠨᠳᠦᠳᠭᠡᠯ ᠪᠠᠭ᠋ᠠᠷᠬᠠᠯ ᠲᠠᠢ ᠤᠯᠠᠮᠵᠢᠯᠠᠯᠲᠤ ᠲᠠᠮᠢᠷ ᠪᠤᠯᠭᠠᠨ ᠦᠷᠨᠢᠭᠦᠯᠦᠭᠰᠡᠭᠡᠷ ᠪᠠᠶᠢᠭ᠎ᠠ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号