ᠦᠵᠦᠮᠦᠴᠢᠨ ᠤ ᠡᠮᠡᠭᠡᠯ ᠬᠢᠬᠦ ᠤᠷ᠎ᠠ
ᠨᠡᠶᠢᠲᠡᠯᠡᠭᠰᠡᠨ ᠴᠠᠭ᠄
2017/3/10
       ᠳᠡᠯᠡᠬᠡᠢ ᠳᠠᠶᠠᠭᠠᠷ ᠢᠶᠠᠨ ᠮᠤᠩᠭᠤᠯᠴᠤᠳ ᠢ ᠮᠤᠷᠢᠲᠡᠨ ᠦᠨᠳᠦᠰᠦᠲᠡᠨ ᠭᠡᠳᠡᠭ᠂ ᠲᠡᠭᠡᠬᠦ ᠳᠤ ᠮᠤᠷᠢᠨ ᠤ ᠡᠮᠡᠭᠡᠯ ᠨᠢ ᠲᠡᠳᠡᠨ ᠤ ᠦᠢᠯᠡᠳᠪᠦᠷᠢᠯᠡᠯ ᠠᠮᠢᠳᠤᠷᠠᠯ ᠳᠤ ᠴᠢᠬᠤᠯᠠ ᠬᠡᠷᠡᠭᠴᠡᠭᠡ ᠲᠠᠢ ᠪᠠᠶᠢᠳᠠᠭ ᠢᠶᠠᠷ ᠦᠯᠦ ᠪᠠᠷᠠᠮ ᠭᠠᠭᠴᠠᠬᠦ ᠮᠤᠷᠢ ᠤᠨᠤᠬᠤ ᠡᠳ᠋ᠯᠡᠯ ᠳᠡᠳᠦᠢ ᠦᠭᠡᠢ ᠬᠠᠷᠢᠨ ᠦᠪᠡᠷᠮᠢᠴᠡ ᠵᠠᠰᠠᠯ ᠴᠢᠮᠡᠭᠯᠡᠯ ᠤᠨ ᠤᠷᠠᠯᠢᠭ ᠢ ᠰᠢᠩᠭᠡᠭᠡᠨ ᠪᠦᠷᠢᠯᠳᠦᠭᠦᠯᠦᠭᠰᠡᠨ ᠶᠤᠮ᠃ ᠡᠨᠡᠬᠦ ᠡᠮᠡᠭᠡᠯ ᠬᠢᠬᠦ ᠪᠠ ᠵᠠᠰᠠᠵᠤ ᠴᠢᠮᠡᠭᠯᠡᠬᠦ ᠤᠷᠠᠯᠢᠭ ᠨᠢ ᠤᠷᠲᠤ ᠤᠳᠠᠭᠠᠨ ᠤ ᠲᠡᠦᠬᠡ ᠤᠯᠠᠮᠵᠢᠯᠠᠯ ᠲᠠᠢ ᠪᠠᠶᠢᠳᠠᠭ ᠲᠤᠬᠠᠢ ᠮᠤᠩᠭᠤᠯ ᠲᠡᠦᠬᠡ ᠶᠢᠨ ᠲᠤᠯᠭᠤᠷ ᠪᠢᠴᠢᠭ ᠲᠤ ᠲᠡᠮᠳᠡᠭᠯᠡᠭᠳᠡᠡ ᠦᠯᠡᠳᠡᠵᠡᠢ᠃ ᠦᠵᠦᠮᠦᠴᠢᠨ ᠪᠤᠯ ᠡᠷᠲᠡᠨ ᠤ ᠮᠤᠩᠭᠤᠯ ᠠᠶᠢᠮᠠᠭ ᠤᠭᠰᠠᠭᠠᠨ ᠤ ᠨᠢᠭᠡ ᠪᠤᠯᠬᠤ ᠳᠡᠳᠦᠢ ᠦᠭᠡᠢ ᠮᠤᠩᠭᠤᠯ ᠰᠤᠶᠤᠯ ᠤᠯᠠᠮᠵᠢᠯᠠᠯ ᠢᠶᠠᠨ ᠪᠦᠷᠢᠨ ᠪᠦᠲᠦᠨ ᠢᠶᠠᠷ ᠨᠢ ᠬᠠᠳᠠᠭᠠᠯᠠᠵᠦ ᠤᠯᠠᠨ ᠵᠠᠭᠤᠨ ᠵᠢᠯ ᠤᠨ ᠲᠤᠷᠰᠢ ᠤᠯᠪᠠᠭᠠᠯᠠᠨ ᠬᠦᠭᠵᠢᠭᠦᠯᠵᠦ ᠢᠷᠡᠭᠰᠡᠨ ᠢᠶᠠᠨ ᠦᠵᠦᠮᠦᠴᠢᠨ ᠳᠤ ᠡᠮᠡᠭᠡᠯ ᠬᠢᠬᠦ ᠨᠢ ᠦᠪᠡᠷᠮᠢᠴᠡ ᠤᠷ᠎ᠠ ᠬᠡᠯᠪᠡᠷᠢ ᠲᠠᠢ ᠪᠤᠯᠵᠠᠢ᠃        ᠦᠵᠦᠮᠦᠴᠢᠨ ᠡᠮᠡᠭᠡᠯ ᠳᠤ ᠬᠤᠰᠤ ᠮᠤᠳᠤ᠂ ᠮᠦᠩᠭᠦ ᠭᠠᠤᠯᠢ᠂ ᠰᠤᠷ ᠪᠤᠯᠢᠭᠠᠷᠢ᠂ ᠳᠡᠯ ᠬᠢᠯᠭᠠᠰᠤ ᠵᠡᠷᠭᠡ ᠤᠯᠠᠨ ᠠᠷᠪᠢᠨ ᠮᠠᠲ᠋ᠧᠷᠢᠶᠠᠯ ᠢ ᠠᠰᠢᠭᠯᠠᠳᠠᠭ ᠶᠤᠮ᠃ ᠡᠮᠡᠭᠡᠯ ᠬᠢᠵᠦ ᠵᠠᠰᠠᠬᠤ ᠠᠯᠬᠤᠮ ᠳᠠᠷᠠᠭᠠᠯᠠᠯ ᠳᠤ ᠶᠡᠭᠡ ᠲᠦᠯᠦᠪ ᠤᠷᠢᠳᠠᠪᠠᠷ ᠬᠤᠶᠠᠷ ᠬᠡᠰᠡᠭ ᠬᠤᠰᠤᠨ ᠮᠤᠳᠤ ᠪᠠᠷ ᠵᠡᠭᠦᠨ ᠪᠠᠷᠠᠭᠤᠨ ᠬᠠᠪᠲᠠᠰᠢ ᠪᠤᠯᠤᠨ ᠬᠤᠶᠠᠷ ᠬᠡᠰᠡᠭ ᠬᠤᠰᠤᠨ ᠮᠤᠳᠤ ᠪᠠᠷ ᠤᠷᠢᠲᠤ ᠬᠤᠶᠢᠲᠤ ᠪᠦᠭᠦᠷᠭᠡ ᠶᠢ ᠱᠤᠭᠤᠵᠤ ᠭᠠᠷᠭᠠᠨ᠎ᠠ᠃ ᠡᠬᠦᠨ ᠢ ᠪᠠᠨ ᠬᠠᠩᠭᠠᠢ ᠡᠮᠡᠭᠡᠯ ᠭᠡᠨ᠎ᠡ᠃ ᠭᠡᠬᠦ ᠳᠤ ᠪᠠᠨ ᠪᠦᠭᠦᠷᠭᠡ ᠬᠠᠪᠳᠠᠰᠢ ᠶᠢᠨ ᠦᠷᠭᠡᠨ ᠨᠠᠷᠢᠨ ᠵᠤᠵᠠᠭᠠᠨ ᠨᠢᠮᠭᠡᠨ ᠢ ᠨᠢ ᠤᠨᠴᠠ ᠠᠩᠬᠠᠷᠬᠤ ᠴᠢᠬᠤᠯᠠ ᠲᠠᠢ᠃ ᠳᠠᠷᠠᠭ᠎ᠠ ᠨᠢ ᠬᠠᠩᠭᠠᠢ ᠡᠮᠡᠭᠡᠯ ᠢᠶᠠᠨ ᠰᠢᠷᠳᠡᠵᠦ ᠪᠤᠯᠢᠭᠠᠷᠢ ᠪᠠᠷ ᠳᠡᠪᠢᠰᠦᠯᠡᠨ᠎ᠡ᠃ ᠳᠡᠪᠢᠰᠦᠯᠡᠭᠰᠡᠡ  ᠤ ᠳᠠᠷᠠᠭ᠎ᠠ ᠮᠦᠩᠭᠦ ᠪᠤᠶᠤ ᠭᠠᠤᠯᠢ ᠪᠠᠷ ᠬᠢᠭᠰᠡᠨ ᠬᠦᠪᠡᠭᠡ ︵ᠬᠢᠷ᠎ᠠ ᠴᠦ ᠭᠡᠳᠡᠭ︶ ᠶᠢ ᠨᠢ ᠬᠠᠳᠠᠵᠤ ᠰᠠᠭᠤᠳᠠᠯ ᠤᠨ ᠲᠦᠷᠪᠡᠨ ᠳᠠᠷᠤᠭᠤᠯᠠᠭ᠎ᠠ ᠶᠢ ᠳᠠᠷᠤᠨ᠎ᠠ᠃ ᠲᠦᠷᠪᠡᠳᠦᠭᠡᠷ ᠠᠯᠬᠤᠮ ᠳᠤ ᠭᠠᠨᠵᠤᠭ᠎ᠠ ᠶᠢ ᠨᠢ ᠳᠠᠳᠠᠵᠤ᠂ ᠤᠭᠴᠤᠷᠭ᠎ᠠ ᠤᠯᠤᠩ ᠵᠢᠷᠢᠮ ᠢ ᠨᠢ ᠲᠠᠭᠠᠷᠠᠭᠤᠯᠤᠨ᠎ᠠ᠃ ᠲᠠᠪᠤᠳᠤᠭᠠᠷ ᠲᠤ ᠬᠤᠶᠠᠷ ᠲᠦᠷᠦᠭᠡ ᠶᠢ ᠨᠢ ᠬᠢᠵᠦ ᠪᠤᠯᠢᠭᠠᠷᠢ ᠭᠦᠯᠢᠮ ᠢᠰᠡᠬᠡᠢ ᠲᠤᠬᠤᠮ ᠶᠢ ᠲᠠᠭᠠᠷᠠᠭᠤᠯᠪᠠᠯ ᠪᠦᠬᠦ ᠶᠠᠪᠤᠴᠠ ᠳᠠᠭᠤᠰᠤᠨ᠎ᠠ᠃ ᠭᠡᠬᠦ ᠳᠤ ᠬᠠᠷᠢᠨ ᠡᠳᠡᠭᠡᠷ ᠠᠯᠬᠤᠮ ᠶᠠᠪᠤᠴᠠ  ᠶᠢᠨ ᠳᠠᠭᠠᠤ ᠰᠤᠷ ᠵᠦᠰᠦᠵᠦ ᠰᠢᠪᠬᠠᠷᠬᠤ᠂ ᠬᠢᠯᠭᠠᠰᠤ ᠤᠷᠠᠵᠤ ᠲᠠᠮᠤᠬᠤ ᠁ ᠵᠡᠷᠭᠡ ᠠᠵᠢᠯ ᠤᠳ ᠢᠵᠢᠯ ᠠᠯᠬᠤᠮ ᠢᠶᠠᠷ ᠶᠠᠪᠤᠭᠳᠠᠳᠠᠭ᠃       ᠦᠵᠦᠮᠦᠴᠢᠨ ᠡᠮᠡᠭᠡᠯ ᠨᠢ ᠪᠤᠰᠤᠳ ᠤᠷᠤᠨ ᠨᠤᠲᠤᠭ ᠤᠨ ᠡᠮᠡᠭᠡᠯ ᠲᠠᠢ ᠬᠠᠷᠢᠴᠠᠭᠤᠯᠪᠠᠯ ᠬᠢᠴᠡ ᠤᠷ᠎ᠠ ᠭᠤᠶᠤ᠂ ᠲᠤᠨᠤᠭ ᠡᠳ᠋ᠯᠡᠯ ᠪᠦᠷᠢᠨ᠂ ᠪᠦᠭᠦᠷᠭᠡ ᠤᠬᠤᠷ᠂ ᠰᠠᠭᠤᠳᠠᠯ ᠠᠭᠤᠵᠢᠮ ᠵᠡᠷᠭᠡ ᠤᠨᠴᠠᠯᠢᠭ ᠲᠠᠢ ᠪᠠᠶᠢᠳᠠᠭ ᠶᠤᠮ᠃ ᠦᠵᠦᠮᠦᠴᠢᠨ ᠡᠮᠡᠭᠡᠯ ᠪᠤᠳᠠᠳᠤ ᠬᠡᠷᠡᠭᠯᠡᠭᠡᠨ ᠤ ᠦᠨ᠎ᠡ ᠦᠷᠲᠡᠭ ᠲᠠᠢ ᠪᠠᠷ ᠪᠠᠷᠠᠬᠤ ᠦᠭᠡᠢ ᠨᠡᠭᠦᠳᠡᠯᠴᠢᠨ ᠤᠭᠰᠠᠭᠠᠨ ᠤ ᠰᠤᠶᠤᠯ ᠵᠠᠩᠬᠢ ᠶᠢ ᠠᠬᠤᠭᠤᠯᠤᠭᠰᠠᠠ ᠢᠶᠠᠷ ᠢᠶᠠᠨ ᠨᠡᠩ ᠶᠡᠭᠡ ᠦᠷᠲᠡᠭ ᠲᠠᠢ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号