︽ᠪᠠᠴᠢ ᠬᠤᠷᠳᠣ︾ ᠲᠠᠪᠤᠳᠣᠭᠠᠷ ᠤᠳᠠᠭᠠᠨ ᠤ ᠬᠤᠷᠳᠣᠨ ᠮᠤᠷᠢᠨ ᠤ ᠰᠢᠨᠳᠠᠰᠣ ᠰᠢᠯᠭᠠᠬᠤ ᠪᠤᠤᠴᠠᠭᠠᠳᠣ ᠤᠷᠤᠯᠳᠣᠭᠠᠨ ᠶᠠᠪᠤᠭᠳᠠᠪᠠ
ᠨᠡᠶᠢᠲᠡᠯᠡᠭᠰᠡᠨ ᠴᠠᠭ᠄
2025/4/30
    4 ᠰᠠᠷ᠎ᠡ ᠶᠢᠨ 29  ᠤ ᠡᠳᠦᠷ᠂ ︽ᠪᠠᠴᠢ ᠬᠤᠷᠳᠣ︾ ᠲᠠᠪᠤᠳᠣᠭᠠᠷ ᠤᠳᠠᠭᠠᠨ ᠤ ᠬᠤᠷᠳᠣᠨ ᠮᠤᠷᠢᠨ ᠤ ᠰᠢᠨᠳᠠᠰᠣ ᠰᠢᠯᠭᠠᠬᠤ ᠪᠤᠤᠴᠠᠭᠠᠳᠣ ᠤᠷᠤᠯᠳᠣᠭᠠᠨ ᠨᠢ ᠤᠯᠠᠭᠠᠨᠬᠠᠭᠠᠯᠭ᠎ᠠ ᠰᠣᠮᠤᠨ ᠤ ᠪᠠᠴᠢ ᠭᠠᠴᠠᠭᠠᠨ ᠳᠤ ᠶᠠᠪᠤᠭᠳᠠᠪᠠ᠃     ᠲᠤᠰ ᠤᠳᠠᠭᠠᠨ ᠤ ᠤᠷᠤᠯᠳᠣᠭᠠᠨ ᠨᠢ ᠨᠤᠳᠤᠭ ᠮᠤᠷᠢᠨ ᠤ ᠤᠷᠤᠯᠳᠣᠭᠠᠨ᠂ ᠬᠢᠵᠠᠭᠠᠯᠠᠩ ᠦᠷᠢᠶᠠᠨ ᠤ ᠤᠷᠤᠯᠳᠣᠭᠠᠨ᠂  ᠴᠠᠭᠠᠨ ᠲᠠᠭ᠎ᠠ ᠶᠢᠨ ᠤᠷᠤᠯᠳᠣᠭᠠᠨ᠂ ᠨᠤᠳᠤᠭ ᠲᠠᠭ᠎ᠠ ᠶᠢᠨ ᠤᠷᠤᠯᠳᠣᠭᠠᠨ ᠬᠤᠪᠢᠶᠠᠨ ᠶᠠᠪᠤᠭᠳᠠᠭᠤᠯᠤᠨ᠂ ᠪᠠᠷᠠᠭᠤᠨ ᠦᠵᠦᠮᠦᠴᠢᠨ ᠬᠤᠰᠢᠭᠤᠨ ᠤ ᠡᠯ᠎ᠠ  ᠰᠣᠮᠣ ᠪᠠᠯᠭᠠᠰᠣ ᠵᠢᠴᠢ ᠵᠡᠬᠦᠨ ᠦᠵᠦᠮᠦᠴᠢᠨ ᠬᠤᠰᠢᠭᠤᠨ ᠤ ᠤᠶᠠᠭᠠᠴᠢᠳ ᠭᠦᠷᠦᠯᠴᠠᠨ ᠢᠷᠡᠵᠦ᠂ ᠭᠦᠯᠥᠭ ᠤᠨ ᠬᠤᠷᠳᠣ ᠪᠠᠨ ᠰᠣᠶᠢᠭᠰᠠᠨ ᠪᠠᠶᠢᠨ᠎ᠠ᠃     ᠤᠷᠤᠯᠳᠣᠭᠠᠨ ᠤ ᠡᠴᠣᠰ ᠲᠤ ᠬᠢᠵᠠᠭᠠᠯᠠᠩ ᠦᠷᠢᠶᠠᠨ ᠤ ᠤᠷᠤᠯᠳᠣᠭᠠᠨ ᠤ ᠠᠶᠢᠷᠠᠭ  ᠤᠨ ᠲᠠᠪᠤ ᠳᠤ ᠪᠠᠶᠠᠩᠬᠤᠸᠡ ᠪᠠᠯᠭᠠᠰᠣᠨ ᠤ ᠪᠥᠳ᠋  ᠶᠢᠨ ᠲᠤᠭᠤᠷᠤᠤ ᠬᠡᠭᠡᠷ ᠦᠷᠢᠶ᠎ᠠ᠂ ᠪᠠᠴᠢ ᠭᠠᠴᠭᠠᠠᠨ ᠤ ᠡᠷᠳᠠᠨᠢᠳᠠᠯᠠᠢ ᠶᠢᠨ ᠪᠤᠭᠤᠷᠤᠯ ᠦᠷᠢᠶ᠎ᠠ᠂  ᠪᠠᠶᠠᠩᠬᠤᠸᠡ ᠶᠢᠨ ᠠᠷᠢᠭᠤᠨᠪᠢᠯᠢᠭ᠌ ᠤᠨ ᠬᠡᠭᠡᠷ ᠦᠷᠢᠶ᠎ᠠ᠂ ᠭᠤᠷᠤᠬᠠᠨ  ᠪᠠᠯᠭᠠᠰᠣᠨ ᠤ ᠴᠢᠯᠠᠭᠤᠨᠪᠠᠭᠠᠳᠣᠷ ᠤᠨ ᠭᠦᠷᠡᠩ ᠦᠷᠢᠶ᠎ᠠ᠂ ᠭᠤᠷᠤᠬᠠᠨ ᠪᠠᠯᠭᠠᠰᠣᠨ ᠤ ᠤᠳᠬᠠᠨ ᠤ ᠭᠦᠷᠡᠩ ᠦᠷᠢᠶ᠎ᠠ ᠲᠤᠰ ᠲᠤᠰ ᠵᠢᠭᠰᠠᠭᠠᠭᠳᠠᠨ᠂ ᠨᠤᠳᠤᠭ ᠮᠤᠷᠢᠨ ᠤ ᠤᠷᠤᠯᠳᠣᠭᠠᠨ ᠤ ᠠᠶᠢᠷᠠᠭ ᠤᠨ ᠲᠠᠪᠤ ᠳᠤ ᠪᠠᠴᠢᠪᠤᠯᠠᠭ ᠭᠠᠴᠠᠭᠠᠨ ᠤ ᠴᠢᠯᠠᠭᠤᠨᠪᠠᠭᠠᠳᠣᠷ ᠤᠨ  ᠬᠤᠯᠠ  ᠮᠣᠷᠢ᠂ ᠡᠷᠢᠶᠠᠠᠭᠤᠪᠢ  ᠭᠠᠴᠭᠠᠠᠨ ᠤ ᠤᠨᠤᠯᠳᠣ ᠶᠢᠨ  ᠪᠣᠷᠣ ᠮᠣᠷᠢ᠂ ᠵᠠᠬᠦᠨ ᠦᠵᠦᠮᠦᠴᠢᠨ ᠬᠤᠰᠢᠭᠤᠨ ᠤ ᠯᠢᠶᠠᠨ ᠤ ᠰᠢᠷᠭ᠎ᠠ ᠮᠣᠷᠢ᠂ ᠪᠠᠴᠢ ᠭᠠᠴᠠᠭᠠᠨ ᠤ ᠴᠤᠯᠮᠤᠨ ᠤ ᠴᠠᠭᠠᠨ  ᠮᠣᠷᠢ᠂ ᠵᠢᠷ ᠤᠨ ᠭᠤᠣᠯ ᠪᠠᠯᠭᠠᠰᠣᠨ ᠤ ᠲᠦᠪᠰᠢᠨᠵᠢᠷᠭᠠᠯ ᠤᠨ ᠭᠦᠷᠡᠩ ᠮᠣᠷᠢ ᠬᠤᠷᠳᠣᠯᠠᠵᠠᠢ᠃     ᠨᠤᠳᠤᠭ ᠲᠠᠭ᠎ᠠ ᠶᠢᠨ ᠠᠶᠢᠷᠠᠭ ᠤᠨ ᠲᠠᠪᠤ ᠳᠤ ᠪᠠᠴᠢ ᠶᠢᠨ ᠰᠸᠠᠯᠠ ᠶᠢᠨ ᠭᠦᠷᠡᠩ ᠲᠠᠭ᠎ᠠ᠂ ᠡᠷᠢᠶᠠᠠᠭᠤᠪᠢ ᠭᠠᠴᠠᠭᠠᠨ ᠤ ᠲᠦᠮᠡᠨᠭᠡᠷᠡᠯ ᠤᠨ ᠬᠠᠷ᠎ᠠ ᠰᠠᠷᠡᠯ ᠲᠠᠭ᠎ᠠ᠂ ᠪᠠᠶᠠᠠᠬᠤᠰᠢᠭᠤ ᠰᠣᠮᠤᠨ ᠤ ᠭᠦᠳᠡᠷᠪᠠᠷᠰ  ᠤᠨ ᠬᠡᠭᠡᠷ ᠲᠠᠭ᠎ᠠ᠂ ᠭᠤᠷᠤᠬᠠᠨ ᠪᠠᠯᠭᠠᠰᠣᠨ ᠤ ᠴᠠᠭᠠᠵᠠᠭᠠᠨ ᠬᠠᠷ᠎ᠠ ᠲᠠᠭ᠎ᠠ᠂ ᠪᠠᠴᠢ ᠭᠠᠴᠠᠭᠠᠨ ᠤ ᠴᠤᠯᠮᠤᠨ ᠤ ᠭᠦᠷᠡᠩ ᠲᠠᠭ᠎ᠠ ᠤᠷᠤᠵᠦ᠂ ᠴᠠᠭᠠᠨ ᠲᠠᠭ᠎ᠠ ᠶᠢᠨ ᠤᠷᠤᠯᠳᠣᠭᠠᠨ ᠳᠤ ᠪᠠᠴᠢ ᠭᠠᠴᠠᠭᠠᠨ ᠤ ᠪᠤᠯᠠᠭ ᠤᠨ ᠲᠠᠭ᠎ᠠ᠂ ᠪᠠᠶᠠᠨᠬᠤᠰᠢᠭᠤ ᠰᠣᠮᠤᠨ ᠤ ᠭᠠᠯᠳᠣ ᠶᠢᠨ ᠲᠠᠭ᠎ᠠ᠂ ᠡᠷᠬᠡᠳᠣᠤᠪᠤᠭ᠎ᠠ ᠭᠠᠴᠠᠭᠠᠨ ᠤ ᠤᠶᠤᠨᠳᠠᠯᠠᠢ ᠶᠢᠨ ᠲᠠᠭ᠎ᠠ᠂ ᠵᠠᠬᠦᠨ ᠦᠵᠦᠮᠦᠴᠢᠨ ᠤ  ᠰᠦᠯᠳᠡ ᠶᠢᠨ ᠲᠠᠭ᠎ᠠ᠂ ᠵᠢᠷ ᠤᠨ ᠭᠤᠣᠯ ᠪᠠᠯᠭᠠᠰᠣᠨ ᠤ ᠴᠤᠭᠵᠢᠯᠳᠣ ᠶᠢᠨ ᠲᠠᠭ᠎ᠠ ᠠᠶᠢᠷᠠᠭ ᠤᠨ ᠲᠠᠪᠤ ᠳᠤ   ᠤᠷᠤᠪᠡ     ᠦᠢᠯᠭᠠᠭᠰᠠᠨ ᠢᠶᠠᠷ ᠲᠤᠰ ᠤᠳᠠᠭᠠᠨ ᠤ  ᠤᠷᠤᠯᠳᠣᠭᠠᠨ ᠨᠢ  ᠤᠮᠠᠷᠠᠳᠣ ᠬᠢᠵᠠᠭᠠᠷ ᠤᠨ ᠰᠣᠶᠤᠯ  ᠤᠨ ᠠᠭᠤᠯᠠᠭᠳᠠᠬᠤᠨ  ᠢ ᠤᠯᠠᠮ ᠴᠢᠨᠠᠭᠰᠢᠳᠠ ᠠᠭᠤᠯᠤᠨ᠂  ᠤᠷᠤᠨ ᠨᠤᠳᠤᠭ ᠤᠨ  ᠠᠳᠤᠭᠤᠨ ᠰᠤᠶᠤᠯ ᠢᠶᠠᠨ ᠬᠦᠭᠵᠢᠭᠦᠯᠵᠦ  ᠂   ᠮᠤᠷᠢ ᠡᠳ᠋ᠯᠡᠵᠦ ᠬᠡᠷᠡᠭᠯᠡᠬᠦ ᠶᠢᠨ ᠰᠠᠶᠢᠨ ᠲᠠᠢ ᠲᠠᠯ᠎ᠠ ᠶᠢ ᠵᠠᠯᠠᠭᠤ ᠪᠠᠭᠠᠴᠤᠳ ᠳᠠᠭᠠᠨ ᠳᠠᠨᠢᠭᠤᠯᠵᠤ ᠮᠡᠳᠡᠭᠦᠯᠬᠦ ᠵᠤᠷᠢᠯᠭ᠎ᠠ ᠪᠠᠷ ᠶᠠᠪᠤᠭᠳᠠᠪᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号