ᠬᠠᠪᠣᠷ ᠤᠨ ᠬᠤᠷ᠎ᠠ ᠴᠢᠬᠢᠭ ᠲᠠᠢ ᠰᠠᠶᠢᠬᠠᠨ ᠴᠠᠭ ᠲᠣᠬᠢᠶᠠᠯ ᠢᠶᠠᠷ ᠲᠥᠷᠪᠡᠨ ᠰᠠᠷ᠎ᠠ ᠶᠢᠨ ᠵᠢᠷᠭᠤᠭᠠᠨ ᠤ | ᠡᠲᠤᠷ᠂ ᠲᠠᠪᠤᠨ ᠲᠤᠪᠤᠭ ᠤᠨ ᠲᠠᠯ᠎ᠠ ᠳᠤ ᠬᠦᠯᠥᠭ ᠮᠣᠷᠢᠳ ᠦᠥᠷᠰᠡᠨ ᠬᠦᠮᠦᠡ ᠤ ᠴᠤᠬᠯᠠᠭᠠᠨ ᠪᠤᠯᠵᠦ᠂ ᠰᠢᠯᠢ ᠶᠢᠨ | ᠬᠤᠲᠠ᠂ ᠠᠷᠤ ᠬᠤᠷᠴᠢᠨ᠂ ᠵᠠᠭᠦᠨ ᠦᠵᠦᠮᠦᠴᠢᠨ᠂ ᠪᠠᠷᠠᠭᠤᠨ ᠦᠵᠦᠮᠦᠴᠢᠨ ᠤ ᠤᠶᠠᠭᠠᠴᠢᠳ ᠬᠤᠷᠠᠨ ᠴᠤᠬᠯᠠᠷᠠᠵᠦ | ᠪᠠᠶᠢᠭ᠎ᠠ ᠨᠢ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠰᠢᠭᠤ ᠰᠤᠮᠣᠨ ᠤ ᠪᠤᠯᠠᠭᠠᠨ ᠭᠠᠴᠠᠭᠠᠨ ᠤ ᠮᠠᠯᠴᠢᠨ | ᠵᠠᠯᠠᠭᠤ ᠪᠠᠳᠣᠵᠢᠷᠭᠠᠯ ᠤᠨ ᠡᠭᠦᠰᠭᠡᠨ ᠪᠠᠶᠢᠭᠤᠯᠤᠬᠰᠠᠨ ︽ᠠᠯᠤᠰ ᠮᠣᠷᠢ ᠤᠨᠤᠬᠤ︾ ᠬᠤᠯᠪᠤᠭᠠᠨ ᠤ ᠲᠥᠷᠪᠡᠨ | ᠵᠢᠯ ᠤᠨ ᠤᠢ ᠪᠠᠨ ᠲᠤᠬᠢᠶᠠᠯᠲᠤᠭᠤᠯᠤᠨ ︽ᠬᠠᠪᠤᠷ ᠤᠨ ᠰᠤᠷᠢᠶ᠎ᠠ︾ ᠠᠩᠬᠠᠲᠤᠭᠠᠷ ᠤᠲᠠᠭᠠᠨ ᠤ ᠪᠤᠤᠴᠠᠭᠠᠲᠦ | ᠣᠷᠣᠯᠳᠣᠭᠠᠨ ᠢᠶᠠᠨ ᠵᠣᠬᠢᠶᠠᠨ ᠪᠠᠶᠢᠭᠤᠯᠣᠭᠰᠠᠨ ᠨᠢ ᠡᠨᠡ ᠪᠠᠶᠢᠯ᠎ᠠ᠃ | ᠡᠨᠡ ᠤᠷᠤᠯᠲᠤᠭᠠᠨ ᠳᠤ ︵ᠨᠤᠲᠤᠭ ᠮᠣᠷᠢ ᠶᠢ ᠰᠡᠷᠪᠡᠭᠡᠨ ᠤ ᠥᠨᠲᠥᠷ ᠨᠢ1.38 ᠮᠧᠲᠷ ᠢᠶᠠᠷ ᠬᠡᠮᠵᠢᠵᠦ︶ | ᠬᠤᠷᠢᠨ ᠭᠠᠵᠡᠷ ᠤᠷᠤᠯᠲᠤᠵᠦ᠂ ᠪᠠᠷᠠᠭᠤᠨ ᠦᠵᠦᠮᠦᠴᠢᠨ ᠤ ᠵᠠᠯᠠᠭᠤ ᠤᠶᠠᠭᠠᠴᠢ ᠠᠯᠲᠠᠡᠬᠤᠶᠠᠭ ᠤᠨ ᠠᠯᠠᠭ ᠮᠣᠷᠢ | ᠲᠡᠷᠢᠭᠦᠯᠡᠵᠦ᠂ ᠵᠡᠭᠦᠨ ᠦᠵᠦᠮᠦᠴᠢᠨ ᠤ ᠣᠶᠣᠨᠪᠢᠯᠢᠭ᠌ ᠤᠨ ᠮᠣᠷᠢ ᠳᠡᠳ᠋ᠯᠡᠵᠦ᠂ ᠪᠠᠷᠠᠭᠤᠨ ᠦᠵᠦᠮᠦᠴᠢᠨ ᠤ | ᠭᠠᠩᠰᠦ᠋ᠬᠡ ᠶᠢᠨ ᠬᠡᠭᠡᠷ ᠮᠣᠷᠢ᠂ ᠪᠠᠷᠠᠭᠤᠨ ᠦᠵᠦᠮᠦᠴᠢᠨ ᠤ ᠲᠠᠪᠰᠢᠯᠲᠦ ᠶᠢᠨ ᠬᠦᠷᠡᠩ ᠮᠣᠷᠢ᠂ ᠭᠤᠷᠤᠬᠠᠨ ᠤ | ᠬᠠᠰ ᠤᠨ ᠬᠦᠷᠡᠩ ᠮᠣᠷᠢ ᠠᠶᠢᠷᠠᠭ ᠤᠨ ᠲᠠᠪᠤ ᠳᠤ ᠲᠤᠲᠤᠷᠠᠯ᠎ᠠ᠃ | 15 ᠭᠠᠵᠠᠷ ᠤᠨ ᠨᠤᠲᠤᠭ ᠰᠢᠲᠦᠯᠡᠩ ᠦᠷᠢᠶᠡᠨ ᠤ ︵1.32 ᠮᠧᠲᠷ︶ ᠣᠷᠣᠯᠳᠣᠭᠠᠨ ᠳᠤ ᠤᠯᠠᠭᠠᠨᠬᠠᠭᠠᠯᠭ᠎ᠠ | ᠶᠢᠨ ᠲᠥᠮᠡᠡᠭᠡᠷᠡᠯ ᠤᠨ ᠬᠤᠯᠠ ᠦᠷᠢᠶ᠎ᠡ ᠲᠡᠷᠢᠭᠦᠯᠡᠵᠦ᠂ ᠵᠡᠭᠦᠨ ᠦᠵᠦᠮᠦᠴᠢᠨ ᠤ ᠠᠮᠢᠡᠪᠦᠭᠡ ᠶᠢᠨ ᠬᠦᠷᠡᠩ ᠦᠷᠢᠶ᠎ᠡ | ᠳᠡᠳ᠋ᠯᠡᠵᠦ᠂ ᠵᠠᠮᠪᠠ ᠶᠢᠨ ᠬᠦᠷᠡᠩ ᠦᠷᠢᠶ᠎ᠡ᠂ ᠴᠤᠬᠯᠠ ᠶᠢᠨ ᠬᠠᠯᠲᠠᠷ ᠦᠷᠢᠶ᠎ᠡ᠂ ᠪᠠᠶᠠᠨᠬᠤᠰᠢᠭᠤ ᠰᠣᠮᠣᠨ ᠤ | ᠰᠠᠶᠢᠨᠵᠠᠶᠠᠭ᠎ᠠ ᠶᠢᠨ ᠬᠡᠭᠡᠷ ᠦᠷᠢᠶ᠎ᠡ ᠠᠶᠢᠷᠠᠬᠲᠠᠪᠠ᠃ | 8 ᠭᠠᠵᠠᠷ ᠤᠨ ᠨᠤᠲᠤᠭ ᠲᠠᠭᠠᠨ ᠤ ︵1.22 ᠮᠧᠲᠷ︶ ᠣᠷᠣᠯᠳᠣᠭᠠᠨ ᠳᠤ ᠵᠡᠭᠦᠨ ᠦᠵᠦᠮᠦᠴᠢᠨ ᠤ | ᠠᠯᠲᠠᠨᠰᠦ᠋ᠬᠡ ᠶᠢᠨ ᠬᠠᠯᠲᠠᠷ ᠲᠠᠭ᠎ᠠ ᠲᠡᠷᠢᠭᠦᠯᠡᠵᠦ᠂ ᠪᠤᠯᠠᠭᠠᠨ ᠤ ᠰᠠᠶᠢᠨᠵᠠᠶᠠᠭ᠎ᠠ ᠶᠢᠨ ᠬᠠᠷ᠎ᠠ ᠲᠠᠭ᠎ᠠ ᠲᠡᠳ᠋ᠯᠡᠵᠦ᠂ | ᠪᠠᠶᠠᠨᠬᠤᠸᠠ ᠪᠠᠯᠭᠠᠰᠣᠨ ᠤ ᠪᠦᠬᠡᠪᠠᠲᠦ ᠶᠢᠨ ᠬᠠᠯᠲᠠᠷ ᠲᠠᠭ᠎ᠠ᠂ ᠵᠡᠭᠦᠨ ᠦᠵᠦᠮᠦᠴᠢᠨ ᠤ ᠰᠢᠲᠤᠷᠭᠤ ᠶᠢᠨ ᠬᠦᠷᠡᠩ | ᠲᠠᠭ᠎ᠠ᠂ ᠪᠠᠶᠠᠨᠴᠠᠭᠠᠨ ᠤ ᠠᠯᠲᠠᠨᠬᠤᠶᠠᠭ ᠤᠨ ᠬᠠᠯᠲᠠᠷ ᠲᠠᠭ᠎ᠠ ᠠᠶᠢᠷᠠᠭᠳᠠᠵᠣ᠂ ᠡᠷᠯᠢᠰᠡ ᠦᠷᠢᠶᠡᠨ ᠤ | ᠤᠷᠤᠯᠲᠤᠭᠠᠨ ᠳᠤ ᠪᠤᠯᠠᠭᠠᠨ ᠤ ᠡᠷᠲᠡᠨᠢᠪᠢᠯᠢᠭ ᠤᠨ ᠬᠠᠯᠲᠠᠷ ᠦᠷᠢᠶ᠎ᠡ ᠲᠡᠷᠢᠭᠦᠯᠡᠨ᠂ ᠵᠡᠭᠦᠨ ᠦᠵᠦᠮᠦᠴᠢᠨ ᠤ | ᠮᠡᠷᠭᠡᠨᠪᠠᠭᠠᠲᠤᠷ ᠤᠨ ᠬᠡᠭᠡᠷ ᠦᠷᠢᠶ᠎ᠡ ᠳᠡᠳ᠋ᠯᠡᠨ᠂ ᠵᠡᠭᠦᠡ ᠦᠵᠦᠮᠦᠴᠢᠨ ᠤ ᠬᠤᠤᠰᠪᠠᠶᠠᠷ ᠤᠨ ᠬᠡᠭᠡᠷ ᠦᠷᠢᠶ᠎ᠡ᠂ ᠵᠡᠭᠦᠨ | ᠦᠵᠦᠮᠦᠴᠢᠨ ᠤ ᠡᠷᠲᠡᠨᠢᠮᠥ᠋ᠩᠬᠡ ᠶᠢᠨ ᠪᠣᠷᠣ ᠦᠷᠢᠶ᠎ᠡ᠂ ᠵᠠᠭᠦᠨ ᠦᠵᠦᠮᠦᠴᠢᠨ ᠤ ᠲᠤᠪᠲᠣᠨ ᠤ ᠬᠠᠯᠲᠠᠷ ᠥᠷᠢᠶ᠎ᠡ | ᠠᠶᠢᠷᠠᠬᠲᠠᠪᠠ᠃ | ᠡᠷᠯᠢᠰᠡ ᠲᠠᠭᠠᠨ ᠤ ᠤᠷᠤᠯᠲᠤᠭᠠᠨ ᠳᠤ ᠪᠠᠶᠠᠩᠬᠤᠸᠠ ᠪᠠᠯᠭᠠᠰᠣᠨ ᠤ ᠡᠩᠬᠡ ᠶᠢᠨ ᠬᠡᠭᠡᠷ ᠬᠠᠯᠵᠠᠨ ᠲᠠᠭ᠎ᠠ | ᠲᠠᠷᠢᠭᠦᠯᠡᠵᠦ᠂ ᠵᠡᠭᠦᠨ ᠦᠵᠦᠮᠥᠴᠢᠨ ᠤ ᠲᠥᠭᠦᠷᠡᠩᠵᠠᠭᠠᠨᠠ ᠶᠢᠨ ᠬᠠᠯᠲᠠᠷ ᠲᠠᠭ᠎ᠠ᠂ ᠪᠠᠶᠠᠨᠴᠠᠭᠠᠨ ᠤ | ᠥᠯᠵᠡᠶᠢᠬᠤᠲᠤᠭ ᠤᠨ ᠰᠠᠷᠠᠯ ᠲᠠᠭ᠎ᠠ᠂ ᠴᠠᠶᠢᠲᠠᠮ ᠤᠨ ᠵᠢᠪᠬᠤᠯᠠᠩᠲᠤ ᠶᠢᠨ ᠪᠤᠷᠥ ᠲᠠᠭ᠎ᠠ᠂ ᠴᠢᠯᠠᠭᠤᠲᠦ ᠶᠢᠨ | ᠮᠠᠩᠯᠠᠢ ᠶᠢᠨ ᠬᠦᠷᠡᠩ ᠬᠠᠯᠵᠠᠨ ᠲᠠᠭ᠎ᠠ ᠠᠶᠢᠷᠠᠬᠲᠠᠵᠦ᠂ ᠤᠷᠤᠯᠲᠤᠭᠠᠨ ᠳᠤ ᠵᠠᠭᠤ ᠲᠠᠪᠢ ᠭᠠᠷᠤᠢ ᠮᠣᠷᠢᠳ | ᠴᠤᠬᠯᠠᠷᠠᠵᠦ᠂ ᠦᠷᠢᠶ᠎ᠡ ᠮᠣᠷᠢᠳ ᠤᠨ ᠢᠶᠠᠨ ᠲᠤᠭᠤᠰᠤᠨ ᠳᠤ ᠬᠠᠪᠤᠷ ᠤᠨ ᠶᠠᠲᠠᠷᠠᠭ᠎ᠠ ᠲᠠᠶᠢᠯᠤᠬᠲᠠᠵᠦ᠂ ᠨᠢᠭᠡ | ᠡᠲᠦᠷ ᠤᠨ ᠬᠡᠶᠢᠮᠥᠷᠢ ᠰᠡᠷᠭᠦᠭᠰᠡᠨ ᠰᠠᠶᠢᠬᠠᠨ ᠤᠷᠤᠯᠲᠤᠭᠠᠨ ᠪᠣᠯᠣᠭᠰᠠᠨ ᠪᠠᠶᠢᠨ᠎ᠠ᠃ | |