ᠮᠤᠩᠭᠤᠯᠴᠤᠳ ᠡᠷᠳᠡᠨ ᠠᠴᠠ ᠪᠠᠨ ᠠᠪᠤᠭᠠᠳ ᠪᠥᠬᠡ ᠪᠠᠷᠢᠯᠳᠤᠬᠤ ᠂ ᠮᠤᠷᠢ ᠤᠷᠤᠯᠳᠤᠬᠤ᠂ ᠰᠤᠷ | ᠬᠠᠷᠪᠤᠬᠤ ᠶᠢ ︽ᠡᠷ᠎ᠡ ᠶᠢᠨ ᠭᠤᠷᠪᠠᠨ ᠨᠠᠭᠠᠳᠤᠮ︾ ᠬᠡᠮᠡᠨ ᠲᠡᠭᠡᠳᠤᠯᠠᠨ ᠬᠥᠨᠳᠥᠳᠭᠡᠵᠦ ︽ᠬᠥᠦ ᠲᠥᠷᠥᠪᠡᠯ ᠪᠥᠬᠡ | ᠪᠤᠯᠤᠭ᠂ ᠬᠥᠯᠥᠭ ᠲᠥᠷᠥᠪᠡᠯ ᠠᠵᠢᠨᠠᠢ ᠪᠤᠯᠤᠭ︾ ᠭᠡᠵᠤ ᠢᠷᠥᠭᠡᠯ ᠵᠥᠩᠨᠡᠯ ᠢᠶᠠᠨ ᠡᠷᠭᠦᠵᠦ ᠬᠥᠴᠥᠳᠤ ᠪᠥᠬᠡ᠂ | ᠬᠤᠷᠳᠤᠨ ᠬᠥᠯᠥᠭ ᠭᠠᠷᠮᠠᠭᠠᠢ ᠤᠶᠠᠭᠠᠴᠢ᠂ ᠡᠷᠡᠬᠡᠢ ᠮᠡᠷᠭᠡᠨ ᠬᠠᠷᠪᠤᠭᠠᠴᠢ ᠪᠠᠷ ᠢᠶᠠᠨ ᠪᠠᠭ᠋ᠠᠷᠬᠠᠯ ᠪᠤᠯᠭᠠᠨ | ᠲᠡᠭᠡᠳᠤᠯᠠᠵᠦ ᠢᠷᠡᠭᠰᠡᠨ ᠶᠤᠮ ᠃ | | | | ᠶᠠᠭ ᠡᠨᠡᠬᠦ ︽ᠪᠥᠬᠡ ᠪᠤᠯᠤᠭ︾ ᠭᠡᠳᠡᠭ ᠢᠷᠥᠭᠡᠯ ᠵᠥᠩᠨᠡᠯ ᠢᠶᠠᠷ ᠨᠤᠳᠤᠭ ᠤᠰᠤᠨ ᠤ ᠪᠠᠨ ᠨᠠᠶᠢᠷ ᠨᠠᠭᠠᠳᠤᠮ ᠤᠨ | ᠬᠡᠤᠬᠡᠳ ᠤᠨ ᠪᠥᠬᠡ ᠶᠢᠨ ᠪᠠᠷᠢᠯᠳᠤᠭᠠᠨ ᠠᠴᠠ ᠡᠬᠢᠯᠡᠨ ᠬᠤᠳᠠ ᠤᠰᠤᠨ ᠤ ᠥᠶ᠎ᠡ ᠬᠤᠷᠠᠭᠴᠤᠤᠯ ᠲᠠᠢ ᠪᠠᠨ | ᠤᠴᠠᠷᠠᠬᠤ ᠶᠢᠨ ᠲᠤᠭᠠᠯᠠᠩ ᠢᠶᠠᠷ ᠬᠤᠪᠴᠠᠰᠤ ᠬᠤᠨᠠᠷ ᠢᠶᠠᠨ ᠤᠷᠠᠵᠦ ᠰᠡᠭᠯᠡᠨ ᠪᠠᠷᠢᠯᠳᠤᠵᠦ ᠪᠥᠬᠡ ᠪᠤᠯᠬᠤ ᠶᠢᠨ | ᠠᠩᠬᠠᠨ ᠤ ᠭᠠᠷᠤᠭ᠎ᠠ ᠪᠠᠨ ᠠᠪᠴᠤ ᠨᠠᠰᠤ ᠪᠡᠶ᠎ᠡ ᠬᠥᠢᠴᠡᠵᠦ ᠢᠷᠡᠬᠦ ᠪᠠᠷ ᠤᠯᠤᠰ ᠤᠷᠤᠨ ᠤ ᠤᠷᠤᠯᠳᠤᠭᠠᠨ | ᠲᠡᠮᠡᠴᠡᠭᠡᠨ ᠤ ᠠᠪᠤᠷᠭᠤ ᠶᠢᠨ ᠲᠠᠶᠢᠰᠠᠨ ᠳᠤ ᠠᠯᠳᠠᠨ ᠮᠧᠲᠠᠯ ᠬᠢᠯᠠᠯᠵᠠᠭᠤᠯᠤᠨ ᠬᠤᠯᠠ ᠤᠶᠢᠷ᠎ᠠ ᠠᠯᠢ ᠴᠦ ᠭᠠᠵᠠᠷ | ᠤᠨ ᠨᠠᠶᠢᠷ ᠨᠠᠭᠠᠳᠤᠮ ᠤᠨ ᠲᠤᠷᠭᠠᠨ ᠲᠡᠪᠵᠢᠶᠠ ᠶᠢ ᠴᠢᠮᠠᠵᠦ ᠨᠤᠳᠤᠭ ᠤᠰᠤᠨ ᠤ ᠪᠠᠨ ᠠᠯᠳᠠᠷ ᠢ ᠲᠠᠭᠤᠳᠠᠭᠤᠯᠤᠨ | ᠬᠢᠯᠠᠷᠠᠭᠤᠯᠵᠦ ᠶᠠᠪᠤᠭ᠎ᠠ ᠰᠤᠳᠤᠨ ᠪᠥᠬᠡᠴᠤᠳ ᠤᠨ ᠨᠢᠭᠡ ᠲᠠᠸᠠᠰᠠᠮᠪᠤᠤ ᠪᠤᠯ ᠪᠠᠷᠠᠭᠤᠨ ᠥᠵᠥᠮᠥᠴᠢᠨ ᠬᠤᠰᠢᠭᠤᠨ ᠤ | ᠭᠤᠷᠤᠬᠠᠨ ᠪᠠᠯᠭᠠᠰᠤᠨ ᠤ ᠲᠤᠯᠭ᠎ᠠ ᠭᠠᠴᠠᠭᠠᠨ ᠤ ᠮᠠᠯᠴᠢᠨ ᠪᠠᠭᠠᠳᠤᠷ ᠤᠨ ᠪᠠᠭ᠎ᠠ ᠬᠥᠪᠡᠭᠦᠨ ᠪᠢᠯᠡ᠃ | | | | | ᠨᠤᠳᠤᠭ ᠤᠰᠤᠨ ᠤ ᠪᠠᠨ ᠤᠪᠤᠭ᠎ᠠ ᠪᠤᠯᠠᠭ ᠤᠨ ᠨᠠᠶᠢᠷ ᠢᠶᠠᠷ ᠵᠤᠳᠤᠭᠯᠠᠵᠦ ᠨᠢᠭᠡ ᠬᠤᠶᠠᠷ ᠤᠨ ᠨᠤᠭᠤᠯᠤᠭ᠎ᠠ | ᠲᠠᠪᠠᠴᠢᠬᠠᠳᠠᠭ ᠪᠠᠶᠢᠭᠰᠠᠨ ᠲᠠᠸᠠᠰᠠᠮᠪᠤᠤ 2006 ᠤᠨ ᠳᠤ ᠬᠤᠰᠢᠭᠤᠨ ᠤ ᠪᠠᠨ ︽ᠲᠥᠭᠦᠷᠡᠩᠵᠠᠭᠠᠨ︾ ᠪᠥᠬᠡ | ᠶᠢᠨ ᠥᠷᠥᠭᠡᠨ ᠤ ᠰᠣᠷᠢᠭᠠᠨ ᠳᠤ ᠠᠩᠬ᠎ᠠ ᠡᠬᠢᠯᠡᠨ ᠤᠷᠤᠯᠴᠠᠵᠦ ᠰᠢᠰᠲ᠋ᠧᠮ ᠲᠠᠢ ᠰᠤᠷᠢᠶ᠎ᠠ ᠪᠤᠯᠪᠠᠰᠤᠷᠠᠯ ᠢᠶᠠᠷ | ᠲᠠᠮᠵᠢᠨ ᠪᠠᠷᠢᠴᠠ ᠬᠢᠴᠡ᠂ ᠮᠡᠭᠡ ᠮᠡᠷᠭᠡᠵᠢᠯ ᠨᠢ ᠲᠡᠭᠡᠭᠰᠢᠯᠡᠵᠦ ᠢᠷᠡᠭᠰᠡᠨ ᠢᠶᠠᠷ 2009 ᠤᠨ ᠳᠤ ᠲᠤᠮᠳᠠᠳᠤ ᠮᠠᠶ᠋ᠢᠭ | ᠤᠨ ᠪᠥᠬᠡ ᠶᠢᠨ ᠤᠯᠤᠰ ᠤᠨ ᠠᠪᠤᠷᠭᠤ ᠶᠢᠨ ᠴᠤᠯᠠ ᠬᠠᠮᠠᠭᠠᠯᠠᠭᠰᠠᠨ ᠪᠥᠭᠡᠳ 2012 ᠤᠨ ᠳᠤ ᠪᠠᠷᠠᠭᠤᠨ | ᠥᠵᠥᠮᠥᠴᠢᠨ ᠬᠤᠰᠢᠭᠤᠨ ᠤ ᠠᠷᠠᠳ ᠤᠨ ᠶᠡᠭᠡ ᠨᠠᠶᠢᠷ ᠲᠤ ᠲᠠᠷᠬᠠᠯᠠᠭᠳᠠᠭᠰᠠᠨ ᠭᠤᠷᠤᠬᠠᠨ ᠪᠠᠯᠭᠠᠰᠤᠨ ᠤ | ᠪᠠᠶᠠᠨᠬᠠᠶᠢᠯᠠᠰᠤᠳᠠᠢ ᠭᠠᠴᠠᠭᠠᠨ ᠤ ᠵᠠᠮᠪᠠᠯ ᠤᠨ ᠵᠠᠩᠭᠢᠶ᠎ᠠ ᠶᠢ ᠵᠠᠯᠭᠠᠨ ᠠᠪᠤᠭᠰᠠᠨ ᠢᠶᠠᠷ ᠬᠤᠯᠠ ᠤᠶᠢᠷ᠎ᠠ ᠶᠢᠨ ᠨᠠᠶᠢᠷ | ᠨᠠᠭᠠᠳᠤᠮ ᠢᠶᠠᠷ ᠤᠳᠤ ᠬᠡᠶᠢᠮᠤᠷᠢ ᠲᠠᠢ ᠪᠠᠷᠢᠯᠳᠤᠵᠦ 2017 ᠤᠨ ᠤ ᠰᠢᠯᠢ ᠶᠢᠨ ᠭᠤᠤᠯ ᠠᠶᠢᠮᠠᠭ ᠤᠨ ᠮᠤᠩᠭᠤᠯ | ᠪᠥᠬᠡ ᠶᠢᠨ ᠴᠤᠯᠠ ᠤᠯᠭᠤᠬᠤ ᠨᠠᠶᠢᠷ ᠢᠶᠠᠷ ︽ᠠᠶᠢᠮᠠᠭ ᠤᠨ ᠬᠠᠷᠴᠠᠭᠠᠢ︾ ᠴᠤᠯᠠ ᠬᠥᠷᠳᠡᠵᠦ ᠥᠵᠡᠭᠴᠢ | ᠲᠥᠮᠡᠨ ᠳᠤ ︽ᠤᠷᠠᠨ ᠪᠠᠷᠢᠯᠳᠤᠭᠠᠨᠳᠤ ᠲᠠᠸᠠᠰᠠᠮᠪᠤᠤ︾ ᠬᠡᠮᠡᠨ ᠱᠠᠭᠰᠢᠭᠳᠠᠵᠦ ᠤᠷᠢᠳ ᠬᠤᠵᠢᠳ 256 ᠪᠥᠬᠡ | ᠲᠠᠢ ᠨᠠᠶᠢᠷ ᠲᠤ 2 ᠲᠡᠷᠢᠭᠦᠯᠡᠵᠦ 2 ᠲᠡᠳ᠋ᠯᠠᠵᠦ᠂ 512 ᠪᠥᠬᠡ ᠲᠠᠢ ᠨᠠᠶᠢᠷ ᠲᠤ 3 ᠤᠳᠠᠭ᠎ᠠ ᠲᠡᠭᠡᠷ᠎ᠡ ᠨᠠᠢᠮᠠ ᠳᠤ | ᠤᠷᠤᠵᠦ᠂ 128 ᠪᠥᠬᠡ ᠲᠠᠢ ᠨᠠᠶᠢᠷ ᠲᠤ 30 ᠭᠠᠷᠤᠢ ᠲᠡᠷᠢᠭᠦᠯᠡᠵᠦ ᠶᠡᠭᠡ ᠪᠠᠭ᠎ᠠ ᠨᠠᠶᠢᠷ ᠨᠠᠭᠠᠳᠤᠮ ᠢᠶᠠᠷ 90 | ᠭᠠᠷᠤᠢ ᠣᠳᠠᠭ᠎ᠠ ᠲᠡᠷᠢᠭᠦᠯᠡᠭᠰᠡᠨ ᠪᠠᠶᠢᠨ᠎ᠠ᠃ | | ᠲᠠᠸᠠᠰᠠᠮᠪᠤᠤ ᠶᠢᠨ ᠭᠡᠷᠭᠡᠢ ᠤᠶᠤᠨᠴᠡᠴᠡᠭ ᠴᠤ ᠠᠯᠳᠠᠷᠳᠠᠢ ᠰᠠᠶᠢᠨ ᠪᠥᠬᠡᠴᠢᠨ ᠶᠤᠮ᠂ ᠠᠪᠠᠭ᠎ᠠ ᠬᠤᠰᠢᠭᠤᠨ ᠤ | ᠬᠤᠩᠭᠤᠷᠭᠤᠤᠯ ᠪᠠᠯᠭᠠᠰᠤᠨ ᠤ ᠰᠠᠷᠠᠭᠤᠯᠳᠤᠶᠠᠭ᠎ᠠ ᠭᠠᠴᠠᠭ᠎ᠠ ᠪᠠᠷ ᠨᠤᠳᠤᠭ ᠲᠠᠢ ᠠᠯᠳᠠᠷᠳᠤ ᠵᠠᠩᠭᠢᠶᠠᠳᠤ ᠪᠥᠬᠡ | ᠠᠯᠳᠠᠨᠳᠤᠶᠠᠭ᠎ᠠ ᠶᠢᠨ ᠥᠬᠢᠨ ᠤᠶᠤᠨᠴᠡᠴᠡᠭ ᠪᠥᠬᠡᠴᠢᠨ ᠠᠪᠤ ᠶᠢᠨ ᠢᠶᠠᠨ ᠨᠥᠯᠥᠭᠡ ᠪᠠᠷ ᠬᠠᠷ᠎ᠠ ᠪᠠᠭ᠎ᠠ ᠠᠴᠠ ᠪᠠᠨ | ᠪᠥᠬᠡ ᠳᠤ ᠪᠠᠭ᠋ᠠᠳᠠᠢ ᠪᠤᠯᠬᠤᠷ 2006 ᠤᠨ ᠳᠤ ᠰᠢᠯᠢ ᠶᠢᠨ ᠬᠤᠳᠠ ᠶᠢᠨ ᠮᠤᠩᠭᠤᠯ ᠲᠤᠮᠳᠠᠳᠤ ᠰᠤᠷᠭᠠᠭᠤᠯᠢ | ᠶᠢᠨ ᠴᠢᠯᠠᠭᠤ ᠪᠠᠭᠰᠢ ᠳᠤ ᠱᠠᠪᠢᠯᠠᠵᠦ ᠪᠥᠬᠡ ᠶᠢᠨ ᠰᠤᠷᠢᠶ᠎ᠠ ᠪᠤᠯᠪᠠᠰᠤᠷᠠᠯ ᠢᠶᠠᠨ ᠡᠬᠢᠯᠡᠬᠦᠯᠥᠭᠰᠡᠨ ᠪᠥᠭᠡᠳ 2007 | ᠤᠨ ᠳᠤ ᠥᠪᠥᠷ ᠮᠤᠩᠭᠤᠯ ᠤᠨ ᠬᠤᠶᠠᠳᠤᠭᠠᠷ ᠪᠡᠶ᠎ᠡ ᠲᠠᠮᠢᠷ ᠤᠨ ᠠᠩᠭᠢ ᠳᠤ ᠬᠥᠷᠴᠥ ᠵᠢᠤᠳᠤᠤ ᠪᠥᠬᠡ ᠶᠢᠨ | ᠰᠤᠷᠢᠶ᠎ᠠ ᠪᠤᠯᠪᠠᠰᠤᠷᠠᠯ ᠬᠥᠷᠳᠡᠵᠦ ᠤᠷᠤᠯᠳᠤᠭᠠᠨ ᠲᠡᠮᠡᠴᠡᠭᠡᠨ ᠳᠤ ᠤᠷᠤᠯᠴᠠᠵᠦ ᠡᠬᠢᠯᠠᠪᠠ᠃ | | 2013 ᠤᠨ ᠳᠤ ᠪᠥᠬᠦ ᠤᠯᠤᠰ ᠤᠨ ᠵᠢᠤᠳᠤᠤ ᠪᠥᠬᠡ ᠶᠢᠨ ᠵᠠᠯᠠᠭᠤᠴᠤᠳ ᠤᠨ ᠠᠪᠤᠷᠭᠤ ᠰᠢᠯᠭᠠᠷᠠᠭᠤᠯᠬᠤ | ᠤᠷᠤᠯᠳᠤᠭᠠᠨ ᠳᠤ ᠲᠡᠳ᠋ᠯᠠᠵᠦ ᠮᠥᠩᠭᠦᠨ ᠮᠧᠳᠠᠯ ᠲᠤᠰᠤᠭᠰᠠᠨ ᠪᠥᠭᠡᠳ ᠱᠠᠨ ᠰᠢ ᠮᠤᠵᠢ ᠶᠢᠨ ᠰᠢᠨᠵᠸᠤ ᠬᠤᠳᠠ ᠳᠤ | ᠪᠤᠯᠤᠭᠰᠠᠨ ᠪᠥᠬᠦ ᠤᠯᠤᠰ ᠤᠨ ᠵᠢᠤᠳᠤᠤ ᠪᠥᠬᠡ ᠶᠢᠨ ᠤᠷᠤᠯᠳᠤᠭᠠᠨ ᠤ 70 ᠺᠢᠯᠤᠭ᠍ᠷᠠᠮ ᠤᠨ ᠲᠡᠰ ᠲᠤ ᠬᠥᠷᠡᠯ | ᠮᠧᠳᠠᠯ ᠭᠠᠷᠳᠠᠵᠠᠢ᠃ ᠮᠥᠨ ᠴᠦ ᠲᠤᠰ ᠵᠢᠯ ᠳᠤ ᠪᠠᠨ ᠪᠥᠬᠦ ᠤᠯᠤᠰ ᠤᠨ ᠲᠤᠮᠳᠠᠳᠤ ᠮᠠᠶ᠋ᠢᠭ ᠤᠨ ᠪᠥᠬᠡ ᠶᠢᠨ | ᠠᠪᠤᠷᠭᠤ ᠰᠢᠯᠭᠠᠷᠠᠭᠤᠯᠬᠤ ᠤᠷᠤᠯᠳᠤᠭᠠᠨ ᠳᠤ ᠲᠡᠷᠢᠭᠦᠯᠡᠵᠦ ᠠᠯᠳᠠᠨ ᠮᠧᠳᠠᠯ ᠲᠤᠰᠤᠭᠰᠠᠨ ᠪᠠᠶᠢᠨ᠎ᠠ᠂ 2021 ᠤᠨ | ᠳᠤ ᠪᠥᠬᠦ ᠤᠯᠤᠰ ᠤᠨ ᠲᠠᠮᠢᠷ ᠤᠨ ᠴᠤᠭᠯᠠᠭᠠᠨ ᠤ ᠲᠤᠮᠳᠠᠳᠤ ᠮᠠᠶ᠋ᠢᠭ ᠤᠨ ᠪᠥᠬᠡ ᠶᠢᠨ 75 ᠺᠢᠯᠥᠭᠷᠠᠮ ᠤᠨ ᠲᠠᠰ | ᠲᠤ ᠬᠥᠷᠡᠯ ᠮᠧᠳᠠᠯ ᠲᠤᠰᠪᠠ᠃ | ᠤᠶᠤᠨᠴᠡᠴᠡᠭ ᠲᠤᠮᠳᠠᠳᠤ ᠮᠠᠶ᠋ᠢᠭ ᠤᠨ ᠪᠥᠬᠡ ᠶᠢᠨ ᠤᠯᠤᠰ ᠤᠨ ᠤᠷᠤᠯᠳᠤᠭᠠᠨ ᠠᠴᠠ 4 ᠠᠯᠳᠠ᠂ 3 | ᠮᠥᠩᠭᠦ᠂ 2 ᠬᠥᠷᠡᠯ ᠮᠧᠳᠠᠯ᠂ ᠪᠥᠬᠦ ᠤᠯᠤᠰ ᠤᠨ ᠴᠥᠬᠡᠨ ᠲᠤᠭᠠᠳᠤ ᠥᠨᠳᠤᠰᠤᠳᠡᠨ ᠤ ᠪᠡᠶ᠎ᠡ ᠲᠠᠮᠢᠷ ᠤᠨ | ᠴᠤᠭᠯᠠᠭᠠᠨ ᠠᠴᠠ 1 ᠠᠯᠳᠠ᠂ 2 ᠮᠥᠩᠭᠦᠨ ᠮᠧᠳᠠᠯ ᠬᠥᠷᠳᠡᠭᠰᠡᠨ ᠥᠨᠳᠤᠷ ᠠᠮᠵᠢᠯᠳᠠ ᠲᠠᠢ ᠮᠥᠷᠳᠡᠭᠡᠨ ᠮᠤᠩᠭᠤᠯ | ᠪᠥᠬᠡ ᠪᠠᠷ ᠴᠦ ᠰᠠᠶᠢᠨ ᠪᠠᠷᠢᠯᠳᠤᠵᠦ ᠤᠷᠳᠤᠰ ᠲᠤ ᠪᠤᠯᠤᠭᠰᠠᠨ ᠤᠯᠠᠨ ᠤᠯᠤᠰ ᠤᠨ ᠮᠤᠩᠭᠤᠯ ᠪᠥᠬᠡ ᠶᠢᠨ | ᠤᠷᠤᠯᠳᠤᠭᠠᠨ ᠳᠤ ᠲᠡᠷᠢᠭᠦᠯᠠᠵᠦ 2018 ᠤᠨ ᠳᠤ ᠥᠪᠤᠷ ᠮᠤᠩᠭᠤᠯ ᠤᠨ ᠥᠪᠡᠷᠳᠡᠭᠡᠨ ᠵᠠᠰᠠᠬᠤ ᠤᠷᠤᠨ ᠤ | ᠮᠤᠩᠭᠤᠯ ᠪᠥᠬᠡ ᠶᠢᠨ ᠤᠷᠤᠯᠳᠤᠭᠠᠨ ᠳᠤ ᠲᠡᠷᠢᠭᠦᠯᠡᠭᠰᠡᠨ ᠵᠠᠷᠭᠡ ᠮᠤᠩᠭᠤᠯ ᠪᠥᠬᠡ ᠶᠢᠨ ᠨᠠᠶᠢᠷ ᠨᠠᠭᠠᠳᠤᠮ ᠳᠤ 30 | ᠭᠠᠷᠤᠢ ᠤᠳᠠᠭ᠎ᠠ ᠲᠡᠷᠢᠭᠦᠯᠡᠭᠰᠡᠨ ᠠᠮᠵᠢᠯᠳᠠ ᠲᠠᠢ᠃ | ᠲᠠᠸᠠᠰᠠᠮᠪᠤᠤ ᠶᠢᠨ 10 ᠨᠠᠰᠤᠳᠠᠢ ᠥᠬᠢᠨ ᠡᠩᠬᠡᠵᠠᠶᠠᠭᠠ ᠨᠢ ᠴᠤ ᠪᠥᠬᠡ ᠳᠤ ᠪᠠᠭ᠋ᠠᠳᠠᠢ ᠪᠠᠶᠢᠵᠦ 2024 | ᠤᠨ ᠳᠤ ᠪᠥᠬᠦ ᠤᠷᠤᠨ ᠤ ᠬᠤᠶᠠᠳᠤᠭᠠᠷ ᠤᠳᠠᠭᠠᠨ ᠤ ︽ᠢᠳᠰᠢᠨ ᠬᠤᠨᠳᠠᠭᠠᠳᠤ︾ ᠵᠠᠯᠠᠭᠤᠴᠤᠳ ᠪᠠᠭᠠᠴᠤᠳ ᠤᠨ | ᠤᠷᠤᠯᠳᠤᠭᠠᠨ ᠳᠤ 48 ᠺᠢᠯᠥᠭᠷᠠᠮ ᠤᠨ ᠲᠡᠰ ᠲᠤ ᠲᠡᠷᠢᠭᠦᠯᠠᠵᠦ ᠠᠯᠳᠠᠨ ᠮᠧᠳᠠᠯ ᠬᠥᠷᠳᠡᠭᠰᠡᠨ ᠪᠠᠶᠢᠨ᠎ᠠ᠃ | ᠤᠳᠤ ᠲᠠᠸᠠᠰᠠᠮᠪᠤᠤ ᠤᠶᠤᠨᠴᠡᠴᠡᠭ ᠬᠤᠶᠠᠭᠤᠯᠠ ᠮᠠᠯᠵᠢᠬᠤ ᠠᠮᠢᠳᠤᠷᠠᠯ ᠤᠨ ᠢᠶᠠᠨ ᠴᠢᠯᠥᠭᠡ ᠵᠠᠪ ᠢᠶᠠᠨ | ᠵᠠᠶᠢᠴᠢᠯᠠᠨ ᠰᠤᠷᠢᠶ᠎ᠠ ᠪᠤᠯᠪᠠᠰᠤᠷᠠᠯ ᠳᠤ ᠪᠠᠨ ᠰᠢᠮᠳᠠᠵᠦ ᠨᠡᠩ ᠥᠨᠳᠥᠷ ᠠᠮᠵᠢᠯᠳᠠ ᠳᠤ ᠲᠡᠮᠡᠤᠯᠡᠭᠰᠡᠭᠡᠷ ᠪᠠᠶᠢᠨ᠎ᠠ᠃ | |