ᠨᠤᠮ ᠳᠤ ᠪᠠᠭ᠋ᠠᠳᠠᠢ ᠮᠠᠯᠴᠢᠨ — ᠲᠥᠮᠡᠨᠵᠢᠷᠭᠠᠯ
ᠨᠡᠶᠢᠲᠡᠯᠡᠭᠰᠡᠨ ᠴᠠᠭ᠄
2025/4/23
     ᠮᠤᠩᠭᠤᠯᠴᠤᠳ ᠮᠠᠨᠢ ᠡᠷᠳᠡ ᠲᠡᠭᠡᠷ᠎ᠡ ᠥᠶ᠎ᠡ ᠠᠴᠠ ᠪᠠᠨ ᠡᠷᠳᠡᠮ ᠮᠡᠳᠡᠯᠭᠡ ᠶᠢ ᠤᠶᠤᠨ ᠤ ᠲᠡᠭᠡᠳᠤ ᠬᠡᠮᠡᠨ ᠥᠵᠡᠵᠦ ᠨᠤᠮ ᠰᠤᠳᠤᠷ ᠢ ᠶᠡᠭᠡᠳᠡ ᠬᠥᠨᠳᠥᠳᠭᠡᠨ ︽ᠥᠪᠡᠷᠰᠡᠳ ᠢᠶᠠᠨ ᠬᠥᠳᠥᠰᠥ ᠨᠡᠬᠡᠢ ᠡᠮᠤᠰᠪᠡᠴᠥ ᠨᠤᠮ ᠢ ᠲᠤᠷᠭ᠎ᠠ ᠪᠠᠷ ᠪᠠᠷᠢᠨᠲᠠᠭᠯᠠᠨ᠎ᠠ︾ ᠬᠡᠮᠡᠨ ᠲᠡᠭᠡᠳᠤᠯᠠᠵᠦ ᠬᠤᠷᠢᠶᠠᠨ ᠬᠠᠳᠠᠭᠠᠯᠠᠵᠦ  ᠪᠠᠶᠢᠳᠠᠭ ᠪᠤᠯᠬᠤᠷ ᠨᠤᠮ ᠬᠠᠳᠠᠭᠠᠯᠠᠭᠰᠠᠨ ᠮᠠᠯᠴᠢᠨ ᠤᠯᠠᠨ ᠪᠠᠶᠢᠳᠠᠭ᠂ ᠪᠠᠷᠠᠭᠤᠨ ᠥᠵᠥᠮᠥᠴᠢᠨ ᠬᠤᠰᠢᠭᠤᠨ ᠤ ᠤᠯᠠᠭᠠᠨ ᠬᠠᠭᠠᠯᠭ᠎ᠠ ᠰᠤᠮᠤᠨ  ᠤ ᠡᠷᠭᠡᠳᠤ ᠤᠪᠤᠭ᠎ᠠ ᠭᠠᠴᠠᠭᠠᠨ ᠤ ᠮᠠᠯᠴᠢᠨ ᠲᠥᠮᠡᠨᠵᠢᠷᠭᠠᠯ  ᠪᠣᠯ ᠳᠠᠷᠤᠢ ᠲᠡᠳᠡᠨ ᠤ ᠨᠢᠭᠡ ᠨᠢ ᠶᠤᠮ᠃ᠲᠡᠭᠡᠷ᠎ᠡ ᠵᠠᠭᠤᠨ ᠤ ᠶᠡᠷᠡᠭᠡᠳ ᠤᠨ ᠤ ᠡᠬᠢᠨ ᠢᠶᠠᠷ ᠠᠩᠬ᠎ᠠ  ᠲᠤᠮᠳᠠᠳᠤ ᠪᠠᠨ ᠲᠡᠭᠦᠰᠴᠤ ᠮᠠᠯ ᠰᠥᠷᠥᠭ ᠤᠨ ᠲᠡᠷᠭᠡᠳᠡ ᠮᠠᠯᠴᠢᠨ ᠵᠠᠶᠠᠭ᠎ᠠ ᠲᠡᠭᠡᠳᠥᠯᠡᠭᠰᠡᠨ ᠴᠦ ᠨᠤᠮ ᠪᠢᠴᠢᠭ ᠲᠤ ᠪᠠᠭ᠋ᠠᠳᠠᠢ ᠲᠡᠷᠡᠪᠡᠷ ᠰᠤᠨᠢᠨ ᠰᠡᠳᠬᠦᠯ ᠵᠠᠬᠢᠶᠠᠯᠠᠵᠦ ᠂ ᠨᠤᠮ ᠲᠡᠪᠳᠡᠷ ᠤᠯᠳᠠᠬᠤ ᠶᠢᠨ ᠬᠢᠷᠢ ᠪᠠᠷ ᠴᠤᠭᠯᠠᠭᠤᠯᠤᠨ ᠤᠩᠰᠢᠵᠦ᠂ ᠮᠡᠳᠡᠯᠭᠡ ᠮᠡᠳᠡᠴᠠ ᠪᠠᠨ ᠳᠡᠭᠡᠭᠰᠢᠯᠡᠭᠦᠯᠦᠨ ᠠᠮᠢᠳᠤᠷᠠᠯ ᠠᠬᠤᠢ ᠪᠠᠨ ᠥᠭᠡᠳᠡ ᠨᠢ ᠲᠠᠳᠠᠵᠦ ᠢᠷᠡᠵᠠᠢ᠃ ᠤᠯᠠᠨ ᠵᠢᠯ ᠤᠨ ᠲᠤᠷᠰᠢ ᠪᠠᠶᠢᠩᠭᠤ ᠨᠤᠮ ᠪᠢᠴᠢᠭ ᠲᠠᠢ ᠨᠥᠬᠦᠷᠯᠠᠵᠦ᠂ ᠤᠩᠰᠢᠨ ᠰᠤᠨᠢᠷᠬᠠᠵᠦ ᠬᠤᠷᠢᠶᠠᠨ ᠬᠠᠳᠠᠭᠠᠯᠠᠵᠦ ᠢᠷᠡᠭᠰᠡᠨ ᠢᠶᠠᠷ ᠤᠳᠤ ᠪᠤᠯᠬᠤ ᠳᠤ ᠲᠡᠤᠬᠡ᠂ ᠵᠠᠩ ᠥᠢᠯᠡ᠂ ᠤᠷᠠᠨ ᠵᠤᠬᠢᠶᠠᠯ ᠵᠡᠷᠭᠡ ᠤᠯᠠᠨ ᠰᠲ᠋ᠢᠯᠢ ᠶᠢᠨ ᠬᠡᠳᠤᠨ ᠮᠢᠩᠭᠠᠨ ᠲᠡᠪᠳᠡᠷ ᠨᠤᠮ ᠪᠢᠴᠢᠭ ᠬᠤᠷᠢᠶᠠᠨ ᠬᠠᠳᠠᠭᠠᠯᠠᠵᠦ ᠪᠠᠶᠢᠬᠤ ᠪᠥᠭᠡᠳ ᠴᠠᠭᠠᠨ ᠰᠠᠷ᠎ᠠ ᠵᠡᠷᠭᠡ ᠪᠠᠶᠠᠷ ᠲᠤᠷᠠᠰᠬᠠᠯ ᠤᠨ ᠡᠳᠤᠷ ᠪᠤᠯᠤᠭᠰᠠᠭᠠᠷ ᠤᠯᠠᠨ ᠰᠠᠶᠢᠬᠠᠨ ᠨᠤᠮ ᠲᠡᠪᠳᠡᠷ ᠪᠡᠯᠡᠳᠭᠡᠵᠦ᠂ ᠨᠤᠳᠤᠭ ᠤᠰᠤᠨ ᠤ ᠪᠠᠨ ᠨᠠᠶᠢᠵᠢ ᠨᠥᠭᠦᠳ ᠰᠠᠳᠤᠨ ᠲᠥᠷᠥᠯ ᠬᠡᠤᠬᠡᠳ ᠲᠡᠭᠦᠤᠨᠡᠷ  ᠤᠨ ᠢᠶᠠᠨ ᠵᠢᠯ ᠢ ᠤᠷᠤᠭᠤᠯᠬᠤ ᠪᠤᠶᠤ ᠪᠡᠯᠡᠭ ᠰᠡᠯᠳᠠ ᠪᠤᠯᠭᠠᠨ ᠪᠡᠯᠡᠭᠯᠡᠵᠦ ᠲᠡᠳᠡᠨ ᠢ ᠨᠤᠮ ᠪᠢᠴᠢᠭ ᠢᠯᠡᠭᠦᠬᠡᠨ ᠤᠩᠰᠢᠬᠤ ᠶᠢ ᠤᠷᠢᠶᠠᠯᠠᠨ ᠵᠣᠷᠢᠭᠵᠢᠭᠤᠯᠳᠠᠭ᠃
        ᠨᠤᠮ ᠪᠢᠴᠢᠭ ᠲᠤ ᠪᠠᠭ᠋ᠠᠳᠠᠢ᠂ ᠲᠡᠤᠬᠡ ᠰᠤᠶᠤᠯ ᠳᠤ ᠪᠠᠨ ᠬᠠᠶᠢᠷᠠᠳᠠᠢ ᠲᠥᠮᠡᠨᠵᠢᠷᠭᠠᠯ ᠲᠡᠭᠡᠷ᠎ᠡ ᠵᠠᠭᠤᠨ ᠤ ᠶᠡᠷᠡᠭᠡᠳ ᠤᠨ ᠠᠴᠠ ᠰᠤᠨᠢᠨ ᠮᠡᠳᠡᠭᠡ᠂ ᠰᠢᠯᠥᠭ ᠨᠠᠶᠢᠷᠠᠭᠤᠯᠤᠯ ᠪᠢᠴᠢᠨ ᠤᠷᠤᠯᠳᠤᠵᠦ ︽ᠥᠪᠥᠷ ᠮᠤᠩᠭᠤᠯ ᠤᠨ ᠡᠳᠤᠷ ᠤᠨ ᠰᠤᠨᠢᠨ︾᠂ ︽ᠰᠢᠯᠢ ᠶᠢᠨ ᠭᠤᠤᠯ ᠤᠨ ᠡᠳᠤᠷ ᠤᠨ ᠰᠤᠨᠢᠨ︾  ᠁ ᠵᠡᠷᠭᠡ ᠰᠤᠨᠢᠨ ᠰᠡᠳᠭᠦᠯ  ᠢᠶᠠᠷ ᠨᠡᠶᠢᠳᠡᠯᠡᠭᠦᠯᠵᠦ ᠪᠠᠶᠢᠭᠰᠠᠨ ᠪᠥᠭᠡᠳ 1999 ᠤᠨ ᠳᠤ ᠰᠠᠶᠢᠨ ᠨᠠᠶᠢᠵᠠ ᠴᠤᠭᠪᠠᠳᠠᠷᠠᠬᠤ ᠲᠠᠢ ᠪᠠᠨ ᠬᠠᠮᠳᠤᠷᠠᠵᠦ ︽ᠡᠷᠬᠡᠳᠤ ᠶᠢᠨ ᠪᠡᠷ᠎ᠡ︾ ᠬᠡᠳᠡᠭ ᠰᠡᠳᠬᠦᠯ ᠢ ᠰᠠᠨᠠᠭᠠᠴᠢᠯᠠᠨ ᠰᠡᠳᠤᠵᠦ ᠡᠷᠬᠢᠯᠡᠨ ᠨᠠᠶᠢᠷᠠᠭᠤᠯᠵᠦ ᠠᠷᠪᠠ ᠰᠢᠬᠠᠮ ᠬᠤᠭᠤᠴᠠᠭ᠎ᠠ ᠬᠡᠪᠯᠡᠭᠦᠯᠵᠦ ᠪᠠᠶᠢᠵᠠᠢ᠃     ᠨᠤᠮ ᠳᠤ ᠪᠠᠭ᠋ᠠᠳᠠᠢ ᠲᠥᠮᠡᠨᠵᠢᠷᠭᠠᠯ ᠤᠳᠤ ᠠᠵᠢᠯ ᠤᠨ ᠢᠶᠠᠨ ᠴᠢᠯᠥᠭᠡ ᠵᠠᠪ ᠢ ᠠᠰᠢᠭᠯᠠᠨ ᠰᠤᠨᠢᠨ ᠮᠡᠳᠡᠭᠡᠨ ᠤ ᠡᠬᠡ ᠪᠢᠴᠢᠭ ᠢᠶᠠᠨ ᠪᠢᠴᠢᠬᠦ ᠶᠢᠨ ᠬᠠᠮᠳᠤ ᠰᠢᠨ᠎ᠠ ᠬᠠᠭᠤᠴᠢᠨ ᠨᠤᠮ ᠲᠡᠪᠳᠡᠷ ᠬᠤᠷᠢᠶᠠᠨ ᠬᠠᠳᠠᠭᠠᠯᠠᠬᠤ ᠵᠡᠷᠭᠡ ᠨᠤᠮ  ᠤᠨ ᠴᠠᠭᠠᠨ ᠪᠤᠶᠠᠨ ᠲᠥᠭᠡᠭᠡᠨ ᠲᠡᠯᠭᠡᠷᠡᠭᠦᠯᠬᠦ ᠥᠢᠯᠠ ᠳᠤ ᠰᠢᠮᠳᠠᠵᠦ ᠶᠠᠪᠤᠨ᠎ᠠ᠃  
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号