ᠣᠶᠣᠳᠠᠯᠴᠢᠨ ᠲᠡᠮᠣᠷᠪᠠᠭᠠᠳᠣᠷ ᠬᠦᠭᠡᠬᠤᠳᠠ ᠳᠤ | | ᠮᠣᠩᠭᠤᠯ ᠣᠶᠣᠳᠠᠯ ᠤᠨ ᠦᠢᠯᠡᠰ ᠡᠷᠬᠢᠯᠡᠳᠡᠭ ᠪᠠᠷᠠᠭᠤᠨ ᠦᠵᠦᠮᠦᠴᠢᠨ ᠨᠣᠳᠤᠭ ᠲᠠᠢ ᠲᠡᠮᠣᠷᠪᠠᠭᠠᠳᠣᠷ ᠬᠦᠭᠡᠬᠤᠳᠠ | ᠳᠤ ᠦᠢᠯᠡᠰ ᠤᠨ ᠭᠠᠷᠤᠭ᠎ᠠ ᠪᠠᠨ ᠠᠪᠣᠭᠠᠳ ᠬᠤᠷᠢ ᠰᠢᠬᠠᠮ ᠵᠢᠯ ᠪᠣᠯᠵᠣ ᠂ ᠡᠳᠦᠭᠡ ᠣᠯᠠᠮᠵᠢᠯᠠᠯᠳᠦ ᠬᠤᠪᠴᠠᠰᠦ ᠵᠠᠰᠠᠯ ᠢ | ᠣᠭ ᠶᠣᠰᠣᠭᠠᠷ ᠨᠢ ᠣᠯᠠᠮᠵᠢᠯᠠᠵᠣ ᠣᠶᠣᠬᠤ ᠲᠠᠯ᠎ᠠ᠂ ᠣᠷ᠎ᠠ ᠮᠡᠷᠭᠡᠵᠢᠯ ᠢᠶᠠᠷ ᠢᠶᠠᠨ ᠬᠦᠮᠦᠰ ᠲᠤ ᠲᠠᠨᠢᠭᠳᠠᠵᠣ ᠶᠠᠪᠣᠨ᠎ᠠ᠃ | | | ᠪᠢᠳᠡᠨ ᠢ ︿ᠲᠠᠮᠣᠷ᠎ᠠ﹀ ᠦᠨᠳᠦᠰᠦᠲᠡᠨ ᠤ ᠬᠤᠪᠴᠠᠰᠣ ᠵᠠᠰᠠᠯ ᠤᠨ ᠭᠠᠵᠠᠷ ᠲᠤ ᠰᠣᠷᠪᠣᠯᠵᠢᠯᠠᠵᠣ ᠪᠠᠶᠢᠭ᠎ᠠ ᠲᠣᠮᠳᠠ | ᠠᠯᠠᠱᠠ ᠨᠣᠳᠤᠭ ᠤᠨ ᠬᠤᠶᠠᠷ ᠵᠣᠴᠢᠨ ᠵᠠᠬᠢᠶᠠᠯᠠᠭ᠎ᠠ ᠶᠢᠨ ᠬᠤᠪᠴᠠᠰᠣ ᠪᠠᠨ ᠠᠪᠬᠤ ᠪᠠᠷ ᠢᠷᠡᠭᠦ ᠲᠠᠢ ᠲᠠᠭᠠᠷᠠᠯᠳᠣᠯᠠ᠂ | ᠨᠣᠳᠤᠭ ᠨᠣᠳᠤᠭ ᠤᠨ ᠮᠣᠩᠭᠤᠯ ᠬᠤᠪᠴᠠᠰᠣ ᠶᠢ ᠣᠯᠠᠮᠵᠢᠯᠠᠯᠳᠣ ᠮᠠᠶ᠋ᠢᠭ ᠢᠶᠠᠷ ᠨᠢ ᠣᠶᠣᠵᠣ ᠡᠰᠭᠡᠬᠦ ᠪᠠᠷ ᠢᠶᠠᠨ | ᠣᠨᠴᠠᠯᠢᠭᠳᠠᠳᠠᠭ ᠢᠶᠠᠷ ᠬᠦᠬᠡᠬᠤᠳᠠ ᠲᠡᠳᠦᠢ ᠦᠭᠡᠢ ᠪᠣᠰᠣᠳ ᠠᠶᠢᠮᠠᠭ ᠬᠤᠰᠢᠭᠤᠨ ᠤ ᠬᠦᠮᠦᠰ ᠤᠨ ᠠᠩᠬᠠᠷᠣᠯ ᠳᠤ | ᠬᠦᠷᠦᠭᠰᠡᠭᠡᠷ ᠢᠷᠡᠭᠰᠡᠨ ᠪᠦᠭᠡᠳ ᠲᠡᠮᠦᠷᠪᠠᠭᠠᠳᠣᠷ ᠴᠦ ᠡᠨᠡᠬᠦ ᠠᠵᠢᠯ ᠦᠢᠯᠡᠰ ᠤᠨ ᠵᠣᠷᠢᠯᠭ᠎ᠠ ᠪᠠᠨ ᠣᠯᠠᠨ ᠵᠢᠯ ᠪᠠᠷᠢᠮᠳᠠᠯᠠᠵᠣ | ᠢᠷᠡᠵᠡᠢ᠃ | | 2003 ᠣᠨ ᠠᠴᠠ ᠨᠠᠰᠢ ᠦᠵᠦᠮᠦᠴᠢᠨ ᠨᠣᠳᠤᠭ ᠠᠴᠠ ᠣᠷᠣᠨ ᠤ ᠲᠦᠪ ᠬᠦᠬᠡᠬᠤᠳᠠ ᠶᠢ ᠵᠣᠷᠢᠵᠣ ᠮᠣᠩᠭᠤᠯ | ᠬᠤᠪᠴᠠᠰᠣ ᠵᠠᠰᠠᠯ ᠢ ᠣᠷᠠᠯᠠᠵᠣ ᠣᠶᠣᠬᠤ ᠮᠡᠷᠭᠡᠵᠢᠯ ᠢ ᠪᠡᠶᠡᠴᠢᠯᠡᠨ ᠰᠣᠷᠴᠣ ᠵᠠᠬ᠎ᠠ ᠵᠡᠭᠡᠯᠢ ᠳᠤ ᠬᠦᠯ ᠲᠣᠭᠳᠠᠵᠣ ᠡᠬᠢᠯᠡᠭᠰᠡᠨ | ᠲᠡᠮᠦᠷᠪᠠᠭᠠᠳᠣᠷ᠂ ᠶᠠᠮᠠᠷ ᠴᠦ ᠮᠡᠷᠭᠡᠵᠢᠯ ᠢᠶᠠᠷ ᠠᠵᠢᠯᠯᠠᠵᠣ ᠪᠠᠶᠢᠬᠤ ᠳᠤ ᠬᠦᠮᠦᠨ ᠦᠢᠯᠡᠰ ᠪᠣᠰᠬᠠᠵᠣ ᠪᠣᠯᠳᠠᠭ ᠭᠡᠰᠡᠨ | ᠢᠳᠡᠭᠡᠯ ᠵᠣᠷᠢᠭ᠂ ᠴᠢᠷᠮᠠᠶᠢᠯᠭ᠎ᠠ ᠶᠢ ᠪᠠᠷᠢᠵᠣ ᠮᠣᠩᠭᠤᠯ ᠬᠤᠪᠴᠠᠰᠣ ᠵᠠᠰᠠᠯ ᠤᠨ ᠠᠵᠢᠯ ᠦᠢᠯᠡᠰ ᠤᠨ ᠡᠩᠨᠡᠭᠡᠨ ᠳᠤ | ᠥᠪᠡᠷ ᠤᠨ ᠣᠨᠴᠠᠯᠢᠭ ᠢᠶᠠᠷ ᠢᠶᠠᠨ ᠬᠡᠷᠡᠭᠯᠡᠭᠴᠢᠳ ᠲᠤ ᠮᠡᠳᠡᠷᠡᠭᠳᠡᠵᠦ ᠶᠠᠪᠣᠨ᠎ᠠ᠃ |