ᠦᠭᠡᠷ ᠲᠡᠷᠭᠡᠨ ᠤ ᠵᠢᠷᠠᠨ ᠭᠠᠵᠠᠷ ᠤᠨ ᠠᠶᠠᠯᠠᠯ
ᠨᠡᠶᠢᠲᠡᠯᠡᠭᠰᠡᠨ ᠴᠠᠭ᠄
2023/7/11
              ᠦᠭᠡᠷ ᠲᠡᠷᠭᠡᠨ ᠤ ᠵᠢᠷᠠᠨ ᠭᠠᠵᠠᠷ ᠤᠨ ᠠᠶᠠᠯᠠᠯ                            ᠮᠠᠯᠴᠢᠨ ᠠᠯᠳᠠᠨᠪᠠᠭᠠᠳᠣᠷ ᠣᠷᠴᠢᠮᠬᠠᠨ ᠭᠠᠴᠠᠭᠠᠨ ᠤ ᠪᠠᠨ  ᠨᠠᠭᠠᠳᠣᠮ ᠤᠨ ᠲᠠᠯᠠᠪᠠᠢ ᠠᠴᠠ ᠭᠡᠷ ᠵᠦᠭ ᠢᠶᠠᠨ ᠦᠭᠡᠷ ᠲᠡᠷᠭᠡ ᠪᠠᠷ ᠢᠶᠠᠨ ᠠᠶᠠᠯᠠᠵᠣ᠂  ᠨᠣᠳᠤᠭ ᠤᠨ ᠰᠢᠷ᠎ᠠ ᠵᠠᠮ᠂ ᠰᠢᠨᠡᠬᠡᠨ ᠵᠠᠰᠠᠭᠳᠠᠭᠰᠠᠨ ᠵᠢᠭᠤᠯᠴᠢᠯᠠᠯ ᠤᠨ ᠵᠠᠮ ᠲᠠᠭᠠᠣ ᠠᠭᠠᠵᠢᠮᠬᠠᠨ ᠶᠠᠪᠣᠵᠣ᠂ ᠥᠩᠭᠡᠷᠡᠭᠰᠡᠨ ᠤ  ᠦᠬᠡᠷ ᠲᠡᠷᠭᠡ ᠪᠠᠷ ᠠᠶᠠᠨ ᠵᠠᠮ ᠢ ᠡᠪᠬᠡᠵᠦ ᠪᠠᠶᠢᠭᠰᠠᠨ ᠨᠡᠭᠦᠳᠡᠯ ᠰᠣᠶᠣᠯ  ᠤᠨ ᠰᠠᠶᠢᠬᠠᠨ ᠲᠣᠷᠠᠰᠣᠮᠵᠢ ᠪᠠᠨ ᠰᠡᠭᠦᠭᠰᠡᠨ ᠪᠠᠶᠢᠯ᠎ᠠ᠃      ᠪᠠᠷᠠᠭᠤᠨ ᠦᠵᠦᠮᠦᠴᠢᠨ ᠬᠤᠰᠢᠭᠤᠨ ᠤ ᠬᠤᠭᠤᠯᠠᠳᠣ ᠶᠢᠨ ᠭᠤᠣᠯ ᠪᠠᠯᠭᠠᠰᠣᠨ ᠤ ᠣᠷᠳᠣ ᠶᠢᠨ ᠭᠤᠣᠯ ᠭᠠᠴᠠᠭᠠᠨ ᠤ  ᠮᠠᠯᠴᠢᠨ ᠠᠯᠳᠠᠨᠪᠠᠭᠠᠳᠣᠷ ᠣᠯᠠᠮᠵᠢᠯᠠᠯᠲᠣ ᠨᠡᠭᠦᠳᠡᠯ ᠰᠣᠶᠣᠯ ᠤᠨ ᠢᠶᠠᠨ ᠨᠢᠭᠡ ᠬᠡᠰᠡᠭ ᠪᠣᠯᠬᠤ ᠦᠭᠡᠷ ᠲᠡᠷᠭᠡ ᠪᠠᠨ ᠪᠦᠷᠢᠨ ᠰᠠᠶᠢᠬᠠᠨ ᠢᠶᠠᠷ ᠨᠢ  ᠪᠦᠷᠢᠯᠳᠦᠭᠦᠯᠵᠦ᠂  ᠲᠣᠰᠠᠬᠠᠢ  ᠬᠦᠯᠯᠡᠭᠡᠨ ᠤ ᠦᠭᠡᠷ ᠰᠣᠷᠭᠠᠵᠣ᠂  ᠨᠣᠳᠤᠭ ᠣᠷᠣᠨ ᠤ ᠠᠶᠠᠯᠠᠯ ᠵᠢᠭᠤᠯᠴᠢᠯᠠᠯ ᠤᠨ ᠪᠠᠰᠠ ᠨᠢᠭᠡᠨ ᠣᠨᠴᠠᠯᠢᠭ ᠪᠣᠯᠭᠠᠬᠤ ᠶᠢ ᠵᠣᠷᠢᠵᠣ ᠢᠷᠡᠵᠡᠢ  ᠃      ᠡᠨᠡ ᠣᠳᠠᠭ᠎ᠠ ᠲᠡᠷᠡᠪᠡᠷ ᠭᠠᠴᠠᠭᠠᠨ   ᠤ ᠪᠠᠨ ᠠᠷᠠᠳ ᠤᠨ ᠨᠠᠶᠢᠷ ᠲᠤ ᠦᠭᠡᠷ ᠲᠡᠷᠭᠡ ᠪᠠᠨ ᠬᠦᠯᠦᠵᠦ ᠣᠷᠣᠯᠴᠠᠭᠰᠠᠨ ᠪᠦᠭᠡᠳ ᠪᠣᠴᠠᠬᠤ ᠵᠠᠮ ᠳᠠᠭᠠᠨ ᠬᠦᠯᠯᠡᠭᠡᠨ ᠤ ᠦᠭᠡᠷ᠂ ᠰᠢᠨ᠎ᠡ ᠪᠠᠷ ᠰᠣᠷᠭᠠᠵᠣ ᠪᠠᠶᠢᠭ᠎ᠠ ᠬᠦᠭᠡ ᠭᠤᠨ᠎ᠠ ᠪᠠᠨ ᠠᠶᠠᠨ ᠬᠦᠰᠬᠡ ᠳᠤ ᠲᠠᠰᠬᠠᠬᠤ ᠶᠢ ᠪᠣᠳᠣᠵᠣ᠂ ᠵᠢᠷᠠᠨ ᠭᠠᠵᠠᠷ ᠢ ᠦᠭᠡᠷ ᠲᠡᠷᠭᠡ ᠪᠠᠷ ᠢᠶᠠᠨ ᠠᠶᠠᠯᠠᠵᠣ᠂  ᠨᠢᠭᠡ ᠡᠳᠦᠷ ᠤᠨ ᠠᠶᠠᠯᠠᠯ  ᠢᠶᠠᠨ ᠪᠠᠶᠠᠰᠣᠯ ᠣᠯᠵᠠᠷᠬᠠᠯ ᠲᠠᠢ ᠲᠡᠮᠳᠡᠭᠯᠡᠵᠡᠢ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ  ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号