ᠦᠢᠯᠡᠰ ᠪᠣᠰᠬᠠᠭᠴᠢ ᠬᠤᠶᠠᠷ ᠵᠠᠯᠠᠭᠤ ᠶᠢᠨ ᠪᠤᠶᠠᠨᠰᠠᠭ ᠠᠵᠢᠯᠯᠠᠭ᠎ᠠ | | | ᠰᠦᠯᠵᠢᠶᠡᠨ ᠠᠷᠠᠯᠵᠢᠶ᠎ᠠ ᠪᠠᠷ ᠠᠵᠢᠯ ᠦᠢᠯᠡᠰ ᠢᠶᠠᠨ ᠪᠣᠰᠬᠠᠵᠣ ᠶᠠᠪᠣᠭ᠎ᠠ ᠡᠨᠡ ᠬᠤᠶᠠᠷ ᠵᠠᠯᠠᠭᠤ ᠶᠢ ᠪᠣᠶᠠᠨᠮᠠᠨᠳᠠ᠂ | ᠣᠶᠠᠬᠠᠨ ᠭᠡᠳᠡᠭ᠃ ᠠᠩᠬ᠎ᠠ ᠪᠣᠶᠠᠨᠮᠠᠨᠳᠠ ᠥᠪᠡᠷ ᠤᠨ ᠳᠣᠷ᠎ᠠ ᠪᠠᠬ᠎ᠠ ᠣᠷ᠎ᠠ ᠠᠪᠢᠶᠠᠰ ᠲᠤ ᠪᠠᠨ ᠬᠥᠲᠦᠯᠦᠭᠳᠡᠨ 2019 | ᠣᠨ ᠠᠴᠠ ᠡᠬᠢᠯᠡᠨ ᠲᠢᠺ ᠲᠤᠺ ᠲᠠᠪᠴᠠᠩ ᠳᠡᠭᠡᠷ᠎ᠡ ᠥᠷᠭᠦᠯᠵᠢ ᠥᠪᠡᠷ ᠤᠨ ᠳᠣᠷᠠᠲᠠᠢ ᠳᠠᠭᠤᠣ ᠪᠠᠨ ᠦᠵᠡᠭᠴᠢ ᠣᠯᠠᠨ ᠳᠤ | ᠪᠠᠨ ᠳᠠᠭᠤᠯᠠᠵᠣ ᠰᠣᠨᠢᠷᠬᠠᠭᠤᠯᠣᠨ ᠣᠯᠠᠨ ᠤ ᠬᠦᠷᠢᠶᠡᠯᠡᠯ ᠢ ᠣᠯᠳᠠᠭ ᠪᠠᠶᠢᠵᠠᠢ᠃ ᠲᠡᠷᠡ ᠪᠠᠷ ᠬᠤᠶᠠᠭᠤᠯᠠ ᠪᠠᠨ ᠬᠠᠨᠢ ᠶᠢᠨ | ᠵᠠᠶᠠᠭ᠎ᠠ ᠬᠤᠯᠪᠣᠨ ᠣᠳᠣ ᠪᠣᠯᠬᠤ ᠳᠤ ᠬᠥᠭᠡᠷᠦᠬᠦᠨ ᠬᠦᠦ ᠲᠠᠢ ᠪᠣᠯᠵᠣ ᠠᠮᠢᠳᠣᠷᠠᠯ ᠤᠨ ᠢᠶᠠᠨ ᠰᠠᠶᠢᠨ ᠰᠠᠶᠢᠬᠠᠨ ᠵᠥᠪ | ᠡᠨᠧᠷᠬᠢ ᠲᠠᠢ ᠵᠦᠢᠯᠡᠰ ᠢᠶᠠᠨ ᠰᠡᠭᠦᠳᠡᠷᠯᠡᠵᠤ ᠰᠢᠩᠭᠡᠭᠡᠨ ᠣᠯᠠᠨ ᠲᠠᠢ ᠪᠠᠨ ᠬᠤᠪᠢᠶᠠᠯᠴᠠᠳᠠᠭ ᠪᠣᠯᠵᠠᠢ᠃ | | | 2022 ᠣᠨ ᠤ 11 ᠰᠠᠷ᠎ᠠ ᠠᠴᠠ ᠡᠬᠢᠯᠡᠨ ᠬᠤᠶᠠᠷ ᠬᠤᠣᠰ ᠮᠠᠨᠢ ︽ᠬᠠᠨᠢ ︾ ᠭᠤᠶᠣᠯᠠᠯ ᠤᠨ ᠪᠥᠲᠦᠭᠡᠭᠳᠡᠬᠦᠨ ᠢᠶᠠᠨ | ᠵᠠᠬ᠎ᠠ ᠳᠡᠯᠭᠡᠭᠦᠷ ᠲᠤ ᠭᠠᠷᠭᠠᠨ᠂ ᠭᠠᠭᠴᠠ ᠨᠢᠭᠤᠷ ᠤᠨ ᠨᠠᠭᠠᠯᠲᠠ ᠲᠠᠢ ᠪᠠᠶᠢᠭᠰᠠᠨ ᠠᠴᠠ ᠣᠳᠣ ᠪᠣᠯᠬᠤ ᠳᠤ ᠨᠢᠭᠡᠨᠲᠡ | ᠠᠷᠪᠠ ᠭᠠᠷᠣᠢ ᠪᠥᠲᠦᠭᠡᠭᠲᠡᠬᠦᠨ ᠲᠠᠢ ᠪᠣᠯᠵᠣ᠂ ᠠᠩᠬ᠎ᠠ ᠬᠤᠶᠠᠭᠤᠯᠠ ᠪᠠᠨ ᠠᠵᠢᠯᠯᠠᠳᠠᠭ ᠪᠠᠶᠢᠭᠰᠠᠨ ᠢᠶᠠᠨ ᠥᠨᠥ ᠪᠣᠯᠬᠤ ᠳᠤ | ᠠᠵᠢᠯ ᠤᠨ ᠬᠠᠮᠲᠣ ᠣᠯᠠᠨ ᠨᠢ ᠥᠷᠭᠡᠵᠢᠭᠡᠳ 7 ᠭᠡᠰᠢᠭᠦᠨ ᠲᠠᠢ ᠪᠣᠯᠵᠣ᠂ 100 ᠭᠠᠷᠣᠢ ᠣᠷᠣᠯᠠᠨ ᠪᠣᠷᠣᠯᠠᠭᠤᠯᠤᠭᠴᠢ᠂ | ᠲᠦᠮᠠ ᠭᠠᠷᠣᠢ ᠭᠡᠷᠡᠭᠯᠡᠭᠴᠢ ᠲᠠᠢ ᠪᠣᠯᠵᠠᠢ᠃ ᠡᠶᠢᠨᠬᠦ ᠲᠡᠳᠡ ᠬᠤᠶᠠᠷ 7 ᠰᠠᠷ᠎ᠠ ᠶᠢᠨ 6 ᠳᠤ ᠠᠩᠬᠠᠨ ᠤ ᠲᠠᠯᠠᠪᠠᠢ | ᠬᠠᠨᠳᠢᠪ ᠡᠷᠭᠦᠭᠦ ᠰᠢᠭᠤᠳ ᠨᠡᠪᠲᠡᠷᠡᠭᠦᠯᠭᠡ ᠪᠠᠨ ᠬᠢᠵᠣ᠂ ᠴᠢᠨᠠᠷ ᠰᠠᠶᠢᠲᠠᠢ ᠪᠠᠷᠠᠭ᠎ᠠ ᠪᠠᠨ ᠬᠠᠮᠤᠭ ᠤᠨ ᠬᠢᠮᠳᠠ ᠳᠣᠬᠢᠷᠠᠮᠵᠢᠲᠠᠢ | ᠥᠨ᠎ᠡ ᠪᠠᠷ ᠪᠣᠷᠣᠯᠠᠭᠤᠯᠵᠣ᠂ ᠪᠣᠷᠣᠯᠠᠭᠤᠯᠭ᠎ᠠ ᠶᠢᠨ ᠪᠥᠬᠦ ᠮᠥᠩᠭᠦ ᠪᠠᠷ ᠢᠶᠠᠨ ᠬᠠᠨᠳᠢᠪ ᠡᠷᠭᠦᠭᠦ ᠪᠠᠷ ᠪᠣᠯᠣᠭᠰᠠᠨ ᠪᠢᠯᠡ᠃ | | 7 ᠰᠠᠷ᠎ᠠ ᠶᠢᠨ 7 ᠳᠤ᠂ ᠬᠤᠶᠠᠷ ᠬᠤᠣᠰ ᠮᠠᠨᠢ ᠪᠠᠭ ᠤᠨ ᠬᠠᠮᠲᠣ ᠣᠯᠠᠨ ᠢᠶᠠᠨ ᠳᠠᠭᠠᠭᠤᠯᠣᠨ᠂ ᠭᠠᠴᠠᠭᠠᠨ ᠤ | ᠣᠳᠣᠷᠢᠳᠣᠯᠭ᠎ᠠ ᠲᠠᠢ ᠪᠠᠨ ᠬᠠᠮᠲᠣ᠂ ᠰᠢᠭᠤᠳ ᠨᠡᠪᠲᠡᠷᠡᠭᠦᠯᠭᠡ ᠬᠢᠵᠣ ᠣᠯᠣᠭᠰᠠᠨ ᠮᠥᠩᠭᠦ ᠪᠠᠷ ᠢᠶᠠᠨ ᠭᠤᠯᠢᠷ ᠪᠣᠳᠠᠭ᠎ᠠ | ᠵᠡᠷᠭᠡ ᠶᠢᠨ ᠠᠮᠢᠳᠣᠷᠠᠯ ᠳᠤ ᠬᠡᠷᠡᠭᠴᠡᠭᠡ ᠲᠠᠢ ᠡᠳ᠋ ᠪᠣᠲᠠᠰ ᠢ ᠬᠤᠳᠠᠯᠳᠣᠨ ᠠᠪᠴᠤ ᠪᠠᠶᠠᠨᠬᠤᠰᠢᠭᠤ ᠰᠣᠮᠣᠨ ᠤ ᠱᠠᠣᠲᠣ | ᠭᠠᠴᠠᠭᠠᠨ ᠳᠤ ᠬᠦᠷᠴᠦ᠂ ᠭᠠᠴᠠᠭᠠᠨ ᠤ ᠪᠠᠨ ᠮᠥᠩᠬᠡᠪᠠᠭᠠᠲᠣᠷ ᠵᠡᠷᠭᠡ 6 ᠡᠷᠦᠬᠡ ᠳᠤ ᠬᠦᠷᠴᠦ ᠪᠣᠯᠭᠤᠭᠠᠨ ᠲᠣᠬᠤᠨᠢᠭᠤᠯᠣᠨ | ᠂ ᠡᠳ᠋ ᠪᠣᠳᠠᠰ ᠬᠦᠷᠭᠡᠨ ᠲᠣᠰᠠ ᠳᠡᠮᠵᠢᠯᠭᠡ ᠪᠠᠨ ᠦᠵᠡᠭᠦᠯᠵᠤ᠂ ᠲᠡᠳᠡᠨᠠᠷ ᠲᠤ ᠨᠡᠶᠢᠭᠡᠮ ᠤᠨ ᠬᠠᠯᠠᠭᠤᠨ ᠳᠣᠯᠠᠭᠠᠨ ᠢ | ᠬᠦᠷᠭᠡᠭᠰᠡᠨ ᠪᠠᠶᠢᠨ᠎ᠠ᠃ | | ᠴᠢᠷᠮᠠᠶᠢᠯᠭ᠎ᠠ ᠬᠦᠮᠦᠨ ᠢ ᠭᠤᠮᠣᠳᠠᠭᠠᠳᠠᠭ ᠦᠭᠡᠢ ᠭᠡᠳᠡᠭᠴᠢᠯᠡᠨ᠂ ᠰᠢᠨ᠎ᠡ ᠴᠠᠭ ᠡᠷᠡᠨ ᠤ ᠰᠢᠯᠢᠳᠡᠭ ᠵᠠᠯᠠᠭᠤᠴᠣᠳ | ᠪᠣᠯᠵᠣ ᠶᠠᠪᠣᠭ᠎ᠠ ᠤᠶᠠᠬᠠᠨ ᠪᠣᠶᠠᠨᠮᠠᠨᠳᠠ ᠬᠤᠶᠠᠷ ᠮᠠᠨᠢ ᠣᠷ᠎ᠠ ᠣᠬᠠᠭᠠᠨ ᠢᠶᠠᠷ ᠢᠶᠠᠨ ᠠᠵᠢᠯ ᠦᠢᠯᠡᠰ ᠢᠶᠠᠨ ᠪᠣᠰᠬᠠᠵᠤ᠂ | ᠠᠮᠢᠳᠣᠷᠠᠯ ᠠᠬᠤᠢ ᠪᠠᠨ ᠴᠤᠭᠴᠠᠯᠠᠵᠣ ᠶᠠᠪᠣᠨ᠎ᠠ᠃ | | | | | | |