ᠪᠣᠷᠣᠭᠠᠨ ᠤ ᠠᠨᠢᠷ
ᠨᠡᠶᠢᠲᠡᠯᠡᠭᠰᠡᠨ ᠴᠠᠭ᠄
2023/12/25
      ᠪᠣᠷᠣᠭᠠᠨ ᠤ ᠠᠨᠢᠷᠤᠰᠤᠨ ᠰᠠᠪᠠ ᠱᠠᠯ ᠬᠥᠯᠥᠷᠡᠴᠢᠬᠡᠵᠦ ᠠᠭᠤᠯᠠᠰ ᠤᠨ ᠴᠡᠩᠬᠡᠷ ᠤᠨᠢᠶᠠᠷ ᠠᠴᠠ ᠴᠢᠬᠢᠭ ᠦᠨᠦᠷᠲᠦᠨ᠎ᠡ ᠦᠨᠡᠨ ᠬᠤᠳᠠᠯ ᠤᠨ ᠵᠠᠭᠠᠭ ᠳᠡᠭᠡᠷ᠎ᠡ ᠴᠡᠴᠡᠭᠡᠰ ᠭᠠᠩᠬᠤᠨ᠎ᠠ ᠭᠠᠵᠠᠷ ᠡᠯᠢᠭᠡᠳᠡᠵᠦ ᠨᠢᠰᠦᠯᠳᠦᠬᠦ ᠰᠢᠪᠠᠭᠤᠳ ᠤᠨ ᠵᠢᠭᠦᠷ ᠭᠠᠩ ᠲᠠᠢ ᠤᠰᠤᠨ ᠳᠤ ᠲᠦᠷᠦᠭᠡᠳ ᠠᠪᠤᠭᠰᠠᠨ ᠶᠤᠮ ᠰᠢᠭ ᠬᠦᠨᠳᠦ ᠮᠥᠷᠲᠡᠭᠡᠨ ᠬᠥᠩᠭᠡᠨ ᠁ ᠴᠢᠬᠢᠭ ᠵᠠᠭᠤᠭᠰᠠᠨ ᠰᠠᠯᠬᠢ ᠴᠡᠴᠡᠭ ᠤᠨ ᠠᠶᠠᠯᠭᠤ ᠲᠠᠢ ᠪᠤᠶᠢᠯᠠᠨ᠎ᠠ ᠠᠯᠠᠭ ᠰᠢᠬᠦᠷ ᠤᠨ ᠳᠣᠣᠷ᠎ᠠ ᠠᠮᠠᠷᠠᠭ ᠵᠣᠭᠤᠭ ᠵᠦᠰᠡᠷᠡᠨ᠎ᠡ ᠲᠠᠯ᠎ᠠ ᠳᠤ ᠲᠣᠭᠤᠷᠤᠤ ᠴᠠᠮᠨᠠᠵᠤ ᠲᠡᠭᠷᠢ ᠳᠤ ᠡᠭᠦᠯᠡ ᠬᠤᠷᠠᠯᠳᠤᠨ᠎ᠠ ᠰᠢᠷᠭᠤᠯᠵᠢ ᠳᠡᠪᠵᠢᠶᠡᠨ ᠪᠣᠯᠣᠯᠴᠠᠬᠤ ᠨᠢ ᠰᠢᠯᠦᠭ ᠤᠨ ᠰᠡᠷᠡᠯ ᠢᠷᠡᠬᠦ‍ ᠰᠢᠭ ᠲᠠᠯᠠᠩ ᠲᠠᠢ ᠠᠷᠭᠠᠯ ᠴᠢᠭᠢᠭᠲᠦᠵᠦ ᠳᠡᠪᠦᠷ᠎ᠡ ᠲᠠᠢ ᠴᠠᠢ ᠤᠳᠠᠲᠠᠯ᠎ᠠ ᠱᠠᠷᠴᠢᠭᠢᠨᠠᠨ᠎ᠠ ᠳᠠᠪᠤᠰᠤ ᠬᠦᠯᠢᠶᠡᠵᠦ ᠶᠠᠳᠠᠨ ᠬᠥᠯᠥᠷᠡᠨ᠎ᠡ ᠦᠵᠡᠰᠬᠦᠯᠡᠩᠲᠦ ᠰᠣᠯᠣᠩᠭ᠎ᠠ ᠶᠢ ᠪᠡᠯᠭᠡᠰᠢᠶᠡᠵᠦ ᠥᠰᠪᠦᠷᠢ ᠶᠢᠨ ᠬᠡᠦᠬᠡᠳ ᠠᠯᠴᠢᠭᠤᠷ ᠬᠠᠶᠠᠵᠤ ᠲᠣᠭᠯᠠᠨ᠎ᠠ ᠠᠶᠠᠰ ᠤᠨ ᠰᠠᠯᠬᠢ ᠠᠯᠴᠢᠭᠤᠷ ᠤᠨ ᠦᠵᠦᠭᠦᠷ ᠲᠤ ᠲᠡᠷᠪᠡᠰᠭᠢᠨ᠎ᠡ ᠣᠪᠣᠭᠠᠨ ᠴᠢᠯᠠᠭᠤᠳ ᠳᠡᠪᠵᠢᠶᠡᠷᠡᠵᠦ ᠤᠶᠠᠩᠭ᠎ᠠ ᠶᠢᠨ ᠥᠩᠭᠡ ᠪᠠᠷ ᠴᠡᠩᠬᠡᠷᠯᠡᠨ᠎ᠡ᠂ ᠭᠠᠩ ᠬᠠᠭᠤᠷᠠᠢ ᠪᠢᠯᠢᠭ ᠤᠨ ᠠᠷᠪᠠᠨ ᠭᠤᠷᠪᠠᠨ ᠢ ᠬᠡᠲᠦᠷᠡᠳᠡᠭ ᠦᠭᠡᠢ ᠴᠢᠳᠦᠷ ᠤᠨ ᠰᠤᠮᠤ ᠲᠠᠯᠪᠢᠭᠳᠠᠵᠤ ᠮᠣᠷᠢᠨ ᠤ ᠬᠥᠯ ᠠᠮᠠᠷᠠᠰᠭᠢᠨ᠎ᠡ ᠮᠣᠩᠭᠤᠯ ᠨᠤᠲᠤᠭ ᠤᠨ ᠮᠣᠷᠢᠲᠠᠢ ᠪᠣᠷᠣᠭᠠᠨ ᠢᠷᠡᠬᠦ ᠨᠢ ᠠ᠋︕ ᠨᠠᠶᠢᠮᠡᠨ ᠭᠠᠨᠵᠤᠭ᠎ᠠ ᠲᠡᠷᠪᠡᠰᠭᠢᠵᠤ᠂ ᠨᠠᠶᠢᠷᠠᠭᠴᠢ ᠡᠪᠦᠭᠡᠨ ᠨᠠᠷᠡᠨ ᠤ ᠪᠣᠷᠣᠭᠠᠨ ᠳᠤ ᠰᠢᠬᠦᠷ ᠢᠶᠠᠨ ᠳᠡᠯᠭᠡᠬᠦ ᠵᠠᠪ ᠦᠭᠡᠢ ᠰᠢᠬᠦᠷ ᠤᠨ ᠳᠣᠣᠷ᠎ᠠ ᠰᠢᠯᠦᠭ ᠪᠤᠳᠤᠵᠤ ᠵᠣᠭᠰᠣᠬᠤᠢ ᠳᠤ ᠤᠨᠵᠢᠯᠭ᠎ᠠ ᠨᠢ ᠲᠠᠰᠤᠷᠠᠭᠰᠠᠨ ᠰᠤᠪᠤᠳ ᠤᠨ ᠮᠥᠬᠦᠯᠢᠭ ᠰᠢᠭ ᠪᠣᠷᠣᠭᠠᠨ ᠤ ᠲᠤᠰᠤᠯ ᠨᠠᠮ᠎ᠠ ᠶᠢ ᠭᠤᠯᠳᠤ ᠪᠠᠷ ᠤᠩᠰᠢᠨ᠎ᠠ᠃  
 
ᠢᠷᠡᠯᠲᠡ᠄ ᠰᠢᠯᠢ ᠶᠢᠨ ᠭᠣᠣᠯ ᠠᠢᠮᠠᠭ ᠤᠨ ᠵᠠᠬᠢᠷᠭ᠎ᠠ ᠶᠢᠨ ᠮᠣᠩᠭᠣᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号