ᠦᠵᠦᠮᠦᠴᠢᠨ
ᠨᠡᠶᠢᠲᠡᠯᠡᠭᠰᠡᠨ ᠴᠠᠭ᠄
2023/12/25
         ᠦᠵᠦᠮᠦᠴᠢᠨ   ᠪᠤᠶᠠᠨᠲᠤ ᠳᠡᠭᠡᠳᠦᠰ ᠤᠨ ᠲᠠᠯ᠎ᠠ ᠨᠢ ᠬᠡᠰᠢᠭ ᠬᠤᠷᠤᠶᠢᠯᠠᠭᠰᠠᠨ ᠦᠵᠦᠮᠦᠴᠢᠨ ᠪᠠᠯᠭᠠᠷ ᠭᠤᠣᠯ ᠤᠨ ᠤᠰᠤ ᠨᠢ ᠭᠡᠭᠡ ᠲᠠᠲᠠᠭᠰᠠᠨ ᠦᠵᠦᠮᠦᠴᠢᠨ ᠪᠣᠰᠤᠭ᠎ᠠ ᠪᠥᠬᠡᠴᠦᠳ ᠤᠨ ᠬᠡᠶᠢᠮᠣᠷᠢ ᠨᠢ ᠰᠦᠷ ᠵᠢᠪᠬᠤᠭᠠᠯᠢᠭ ᠦᠵᠦᠮᠦᠴᠢᠨ ᠪᠡᠷᠢᠶᠡᠳ ᠥᠬᠢᠳ ᠤᠨ ᠤᠬᠠᠭᠠᠨ ᠨᠢ ᠰᠤᠤᠲᠤ ᠲᠤᠩᠭᠠᠯᠠᠭ ᠦᠵᠦᠮᠦᠴᠢᠨ ᠴᠡᠯᠡᠭᠡᠷ ᠠᠭᠤᠳᠠᠮ ᠬᠥᠨᠳᠡᠢ ᠪᠠᠨ ᠲᠠᠪᠤᠨ ᠡᠷᠳᠡᠨᠢ ᠪᠠᠷ ᠴᠢᠮᠡᠭᠰᠡᠨ ᠴᠡᠩᠬᠡᠷ ᠲᠡᠭᠷᠢ ᠶᠢᠨ ᠬᠦᠪᠡᠭᠡ ᠨᠢ ᠲᠤᠯᠤᠭᠠᠨ ᠥᠩᠭᠡ ᠪᠠᠷ ᠰᠣᠯᠣᠩᠭᠠᠷᠠᠭᠰᠠᠨ ᠴᠠᠴᠠᠨ ᠪᠤᠭᠤᠷᠤᠯ ᠤᠳ ᠤᠨ ᠢᠷᠦᠭᠡᠯ ᠨᠢ ᠳᠣᠮᠣᠭᠲᠤ ᠬᠠᠶᠢᠷ᠎ᠠ ᠰᠢᠩᠭᠡᠭᠰᠡᠨ ᠴᠢᠮᠪᠠᠢ ᠮᠠᠯᠴᠢᠳ ᠤᠨ ᠢᠲᠡᠭᠡᠯ ᠨᠢ ᠳᠡᠭᠵᠢᠷᠡᠯ ᠤᠨ ᠭᠢᠯᠪᠠᠭ᠎ᠠ ᠰᠠᠴᠤᠷᠠᠭᠰᠠᠨ ᠡᠷᠳᠡᠨᠢᠰ ᠡᠪᠦᠷᠯᠡᠭᠰᠡᠨ ᠪᠠᠶᠠᠨ ᠲᠠᠩᠰᠤᠭ ᠦᠵᠦᠮᠦᠴᠢᠨ ᠡᠩ ᠨᠢ ᠬᠠᠷᠠᠭᠳᠠᠬᠤ ᠦᠭᠡᠢ ᠲᠡᠨᠢᠭᠡᠷ ᠠᠭᠤᠳᠠᠮ ᠦᠵᠦᠮᠦᠴᠢᠨ ᠡᠭᠡᠰᠢᠭ ᠠᠶᠠᠯᠭᠤᠨ ᠲᠠᠢ ᠡᠷᠳᠡᠮ ᠤᠨ ᠦᠯᠦ᠋ᠭᠡᠢ ᠦᠵᠦᠮᠦᠴᠢᠨ ᠡᠷᠲᠡᠨ ᠤ ᠲᠠᠯ᠎ᠠ ᠰᠢᠭ ᠢᠶᠠᠨ ᠤᠷᠳᠤ ᠶᠢᠨ ᠲᠠᠭᠤᠨ ᠤ ᠦᠵᠦᠮᠦᠴᠢᠨ ᠵᠢᠷᠭᠢᠬᠦ ᠤᠯᠠᠷᠢᠯ ᠤᠨ ᠰᠠᠯᠬᠢ ᠨᠢ ᠵᠢᠮᠤᠷ ᠵᠢᠮᠦᠷᠭᠡᠨ ᠠᠶᠠᠰ ᠲᠠᠢ ᠵᠤᠨ ᠤ ᠳᠡᠯᠭᠡᠷ ᠰᠠᠷ᠎ᠠ ᠨᠢ ᠵᠤᠮᠠᠰ ᠵᠤᠮᠠᠰᠬᠢᠨ ᠠᠭᠠᠯᠢ ᠲᠠᠢ ᠵᠡᠭᠡᠷ᠎ᠡ ᠲᠡᠰᠢᠭᠰᠡᠨ ᠭᠤᠪᠢ ᠨᠢ ᠵᠢᠷᠤᠭ ᠤᠨ ᠮᠡᠲᠦ ᠦᠵᠡᠰᠭᠦᠯᠡᠩ ᠲᠠᠢ ᠵᠦᠩ ᠪᠢᠯᠢᠭᠲᠦ ᠠᠷᠠᠳ ᠨᠢ ᠵᠣᠷᠢᠮᠠᠭ ᠥᠯᠴᠢᠷ ᠠᠷᠠᠨᠰᠢᠨ ᠲᠠᠢ ᠡᠷᠡᠮᠡᠬᠡᠢ ᠬᠦᠯᠦ᠋ᠭ ᠤᠨ ᠤᠤᠭᠠᠨ ᠦᠦᠷᠰᠡᠯ ᠦᠵᠦᠮᠦᠴᠢᠨ ᠡᠷᠭᠢᠬᠦ ᠬᠤᠷᠸ᠎ᠠ ᠶᠢᠨ ᠤᠳᠤᠮ ᠤᠨ ᠬᠡᠯᠬᠢᠶ᠎ᠡ ᠦᠵᠦᠮᠦᠴᠢᠨ ᠡᠷᠬᠡᠰ ᠲᠡᠭᠷᠢ ᠶᠢᠨ ᠥᠩᠭᠡ ᠨᠢ ᠬᠥᠬᠡ ᠦᠵᠦᠮᠦᠴᠢᠨ ᠡᠩᠬᠡ ᠮᠡᠨᠳᠦ ᠶᠢᠨ ᠬᠠᠳᠠᠭ ᠨᠢ ᠴᠠᠭᠠᠨ ᠦᠵᠦᠮᠦᠴᠢᠨ ᠴᠠᠭᠠᠨ ᠠᠳᠤᠭᠤᠨ ᠤ ᠨᠤᠲᠤᠭ ᠲᠤ ᠴᠠᠳᠢᠭ ᠲᠡᠦᠬᠡ ᠴᠢᠯᠠᠭᠤᠵᠢᠨᠠᠮ ᠴᠠᠭ ᠬᠤᠭᠤᠴᠠᠭᠠᠨ ᠤ ᠳᠠᠪᠲᠠᠯᠲᠠ ᠴᠡᠩᠬᠡᠷ ᠡᠭᠦᠯᠡᠰ ᠮᠡᠲᠦ ᠨᠡᠭᠦᠳᠡᠯᠯᠡᠨᠡᠮ ᠴᠡᠴᠡᠭᠡᠰ ᠤᠨ ᠲᠡᠯᠪᠢᠭᠡᠨ ᠳᠡᠭᠡᠷ᠎ᠡ ᠢᠨᠠᠭ ᠤᠨ ᠵᠠᠬᠢᠶ᠎ᠠ ᠪᠢᠴᠢᠨᠡᠮ ᠴᠠᠬᠠᠷ ᠤᠨ ᠨᠢᠭᠡᠨ ᠪᠦᠰᠡᠭᠦᠢ ᠴᠢᠨᠦ ᠯᠨ ᠵᠢᠷᠦᠬᠡᠨ ᠳᠤ ᠠᠭᠤᠰᠤᠨᠠᠮ ᠵᠡᠭᠦᠳᠦ ᠮᠥᠷᠥᠭᠡᠳᠦᠯ ᠢ  ᠴᠡᠴᠡᠭᠯᠡᠭᠦᠯᠦᠨ ᠲᠡᠯᠪᠢᠭᠡᠯᠡᠭᠰᠡᠨ ᠦᠵᠦᠮᠦᠴᠢᠨ ᠵᠢᠷᠦᠬᠡᠨ ᠲᠣᠯᠢᠲᠤ ᠶᠢ ᠠᠨᠢᠷᠲᠤᠨ ᠤᠶᠠᠷᠠᠭᠠᠭᠰᠠᠨ ᠦᠵᠦᠮᠦᠴᠢᠨ ᠵᠤᠯᠭᠠᠷᠠᠬᠤ ᠨᠠᠪᠴᠢᠰ ᠤᠨ ᠬᠠᠮᠲᠤ ᠨᠢᠯᠪᠤᠰᠤ ᠪᠠᠨ ᠨᠢᠭᠤᠭᠰᠠᠨ ᠦᠵᠦᠮᠦᠴᠢᠨ‌ᠵᠠᠭᠤᠨ ᠵᠠᠭᠤᠨ ᠵᠢᠯ ᠢᠶᠠᠷ ᠬᠠᠶᠢᠷᠠᠯᠠᠨ ᠰᠠᠨᠠᠬᠤ ᠦᠵᠦᠮᠦᠴᠢᠨ ᠬᠥᠬᠡ ᠲᠡᠭᠷᠢ ᠳᠡᠭᠡᠨ ᠮᠥᠷᠭᠦᠨ ᠳᠠᠭᠠᠳᠬᠠᠬᠤ ᠰᠢᠲᠦᠭᠡᠨ ᠲᠠᠢ ᠬᠦᠰᠡᠬᠦ ᠰᠡᠳᠬᠢᠯ ᠳᠤ ᠮᠦᠷᠦᠭᠡᠰᠦᠯ ᠤᠷᠭᠤᠭᠤᠯᠬᠤ ᠲᠠᠪᠢᠯᠠᠩ ᠲᠠᠢ ᠬᠥᠮᠥᠨ ᠮᠥᠰᠥᠨ ᠤ ᠳᠣᠲᠣᠭᠠᠳᠤ ᠵᠢᠳᠢᠨᠴᠦ ᠶᠢᠨ ᠴᠠᠶᠢᠯᠭᠠᠨ ᠨᠠᠨᠳᠢᠨ ᠭᠡᠭᠡ ᠲᠠᠢ ᠬᠥᠯᠭᠡᠨ ᠲᠡᠦᠬᠡ ᠶᠢᠨ ᠷᠢᠳᠢ ᠣᠷᠣᠰᠢᠭᠰᠠᠨ ᠨᠣᠮ ᠤᠨ ᠴᠠᠭᠠᠨ ᠪᠤᠶᠠᠨ ᠲᠠᠢ ᠠᠯᠳᠠᠨ ᠨᠠᠷᠠᠨ ᠤᠷᠭᠤᠨ ᠮᠠᠨᠳᠤᠬᠤ ᠶᠢᠨ ᠪᠡᠯᠭᠡᠳᠡᠯ ᠦᠵᠦᠮᠦᠴᠢᠨ ᠠᠷᠢᠭᠤᠨ ᠷᠠᠰᠢᠶᠠᠨ ᠤ ᠮᠥᠩᠭᠦᠨ ᠣᠨᠳᠣᠷᠣᠯᠲᠤ ᠦᠵᠦᠮᠦᠴᠢᠨ ᠠᠷᠭ᠎ᠠ ᠪᠢᠯᠢᠭ ᠤᠨ ᠡᠬᠢᠯᠡᠯ ᠪᠤᠶᠤ ᠦᠷᠭᠦᠯᠵᠢᠯᠡᠯ ᠦᠵᠦᠮᠦᠴᠢᠨ ᠠᠯᠳᠠᠩᠬᠠᠨ ᠵᠠᠶᠠᠭᠠᠨ ᠤ ᠮᠥᠩᠬᠡ ᠶᠢᠨ ᠤᠳᠭ᠎ᠠ ᠦᠵᠦᠮᠦᠴᠢᠨ᠃
 
ᠢᠷᠡᠯᠲᠡ᠄ ᠰᠢᠯᠢ ᠶᠢᠨ ᠭᠣᠣᠯ ᠠᠢᠮᠠᠭ ᠤᠨ ᠵᠠᠬᠢᠷᠭ᠎ᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号