ᠣᠪᠣᠭ᠎ᠠ ᠪᠠᠨ ᠤᠴᠢᠷ ᠶᠣᠰᠣ ᠲᠠᠢ ᠰᠠᠶᠢᠬᠠᠨ ᠲᠠᠬᠢᠵᠠᠭᠠᠶᠠ | | ᠮᠣᠩᠭᠤᠯᠴᠤᠳ ᠤᠨ ᠣᠪᠣᠭ᠎ᠠ ᠪᠣᠰᠬᠠᠵᠤ ᠲᠠᠬᠢᠯ ᠡᠷᠭᠦᠳᠡᠭ ᠵᠠᠩ ᠤᠶᠢᠯᠠ ᠬᠡᠳᠦᠨ ᠮᠢᠩᠭᠠᠨ ᠵᠢᠯ ᠤᠨ ᠲᠡᠦᠬᠡ | ᠲᠠᠢ᠃ ᠲᠡᠷᠡ ᠨᠢ ᠮᠣᠩᠭᠤᠯᠴᠤᠳ ᠮᠣᠳᠣ᠂ ᠴᠢᠯᠠᠭᠤ᠂ ᠪᠤᠷᠭᠠᠰᠤ᠂ ᠵᠦᠯᠭᠡ᠂ ᠰᠢᠷᠣᠢ ᠪᠠᠷ ᠣᠪᠣᠭ᠎ᠠ ᠪᠣᠰᠬᠠᠵᠤ᠂ ᠲᠡᠭᠷᠢ᠂ | ᠭᠠᠵᠠᠷ᠂ ᠯᠤᠤᠰ᠂ ᠠᠭᠤᠯᠠ ᠤᠰᠤᠨ ᠤ ᠨᠠᠪᠳᠠᠭ ᠰᠠᠪᠳᠠᠭ ᠢ ᠰᠢᠳᠤᠨ ᠳᠠᠬᠢᠵᠤ᠂ ᠠᠭᠤᠯᠠ ᠬᠠᠶᠢᠷᠬᠠᠨ᠂ ᠤᠰᠤ ᠪᠤᠯᠠᠭ᠂ | ᠡᠪᠡᠰᠦ ᠮᠣᠳᠣ᠂ ᠠᠮᠢᠲᠠᠨ ᠭᠤᠣᠯᠲᠠᠨ ᠢᠶᠠᠨ ᠬᠠᠶᠢᠷᠠᠯᠠᠨ ᠬᠠᠮᠠᠭᠠᠯᠠᠬᠤ ᠴᠢᠬᠤᠯᠠ ᠵᠠᠩ ᠦᠢᠯᠡ᠃ ᠮᠣᠩᠭᠤᠯᠴᠤᠳ ᠡᠨᠡ | ᠵᠠᠩ ᠦᠢᠯᠡ ᠪᠠᠨ ᠥᠪᠯᠡᠵᠦ ᠤᠯᠠᠮᠵᠢᠯᠠᠭᠠᠳ ᠶᠠᠪᠤᠵᠤ ᠪᠠᠶᠢᠭ᠎ᠠ ᠪᠣᠯᠪᠠᠴᠤ ᠰᠡᠭᠦᠯ ᠤᠨ ᠦᠶ᠎ᠡ ᠳᠤ ᠳᠠᠬᠢᠯᠭ᠎ᠠ ᠶᠢᠨ | ᠶᠣᠰᠣ ᠵᠠᠩᠰᠢᠯ ᠠᠯᠳᠠᠭᠳᠠᠵᠤ ᠪᠠᠶᠢᠭ᠎ᠠ ᠦᠵᠡᠭᠳᠡᠯ ᠭᠠᠷᠬᠤ ᠪᠣᠯᠵᠤ ᠪᠠᠶᠢᠨ᠎ᠠ᠃ ᠡᠷᠭᠦᠴᠡ ᠳᠡᠭᠡᠵᠢ ᠪᠠᠨ ᠡᠷᠭᠦᠬᠦ | ᠪᠢᠰᠢ ᠰᠠᠴᠤᠵᠤ᠂ ᠪᠠᠷᠢᠯᠭ᠎ᠠ ᠪᠠᠷᠢᠴᠠ ᠪᠠᠨ ᠲᠠᠯᠪᠢᠬᠤ ᠪᠢᠰᠢ ᠬᠠᠶᠠᠯᠠᠵᠤ᠂ ᠰᠦ᠂ ᠠᠷᠢᠬᠢ ᠪᠠᠨ ᠱᠠᠯᠪᠠᠭ ᠲᠣᠭᠲᠠᠲᠠᠯ᠎ᠠ | ᠴᠢᠳᠬᠤᠵᠤ᠂ ᠯᠣᠩᠬᠤ ᠰᠠᠪᠠ ᠤᠭᠤᠲᠠ ᠵᠡᠷᠭᠡ ᠬᠤᠭ ᠨᠣᠪᠰᠢ ᠪᠠᠨ ᠳᠤᠷ᠎ᠠ ᠪᠠᠷ ᠢᠶᠠᠨ ᠬᠠᠶᠠᠵᠤ᠂ ᠬᠠᠮᠤᠭ ᠤᠨ ᠡᠷᠬᠢᠮ | ᠳᠡᠭᠡᠳᠦ ᠠᠷᠢᠭᠤᠨ ᠣᠷᠣᠨ ᠢᠶᠠᠨ ᠬᠤᠭ ᠤᠨ ︽ᠣᠪᠣᠭ᠎ᠠ︾ ᠪᠣᠯᠭᠠᠵᠤ᠂ ᠲᠠᠬᠢᠭᠰᠠᠨ ᠦᠭᠡᠢ ᠲᠠᠯᠬᠢᠳᠠᠭᠰᠠᠨ ᠰᠢᠭ᠋᠂ ᠠᠷᠠᠢ | ᠴᠦ ᠶᠤᠮ ᠳ᠋ᠠ ᠭᠡᠮᠡᠷ ᠰᠡᠳᠬᠢᠯ ᠲᠥᠷᠥᠭᠦᠯᠬᠦ ᠦᠢᠯᠡ ᠦᠵᠡᠭᠳᠡᠯ ᠤᠳ ᠭᠠᠷᠴᠤ ᠪᠠᠶᠢᠨ᠎ᠠ᠃ ᠪᠢᠳᠠ ᠡᠶᠢᠮᠦ ᠪᠠᠶᠢᠳᠠᠯ | ᠭᠠᠷᠭᠠᠬᠤ ᠠᠴᠠ ᠲᠠᠰᠤ ᠲᠡᠪᠴᠢᠵᠦ᠂ ᠬᠥᠬᠡ ᠮᠥᠩᠭᠦᠨ ᠲᠡᠭᠷᠢ ᠬᠥᠷᠥᠰᠥᠲᠦ ᠠᠯᠲᠠᠨ ᠳᠡᠯᠡᠬᠡᠢ ᠲᠠᠢ ᠪᠠᠨ ᠬᠠᠷᠢᠴᠠᠳᠠᠭ | ᠠᠷᠢᠭᠤᠨ ᠲᠠᠭᠰᠢᠨ ᠣᠷᠣᠨ ᠳᠠᠭᠠᠨ ᠵᠢᠩᠬᠢᠨᠢ ᠶᠣᠰᠣ ᠨᠣᠮ ᠵᠠᠩ ᠵᠠᠩᠰᠢᠯ ᠤᠨ ᠶᠣᠰᠣᠭᠠᠷ ᠲᠠᠬᠢᠯᠭ᠎ᠠ ᠦᠢᠯᠡᠳᠴᠦ | ᠪᠠᠶᠢᠬᠤ ᠶᠢ ᠰᠠᠨᠠᠭᠤᠯᠵᠤ ᠪᠠᠶᠢᠨ᠎ᠠ᠃ ᠰᠠᠷᠠᠨᠭᠡᠷᠡᠯ ᠪᠠᠭᠰᠢ ︽ᠡᠵᠡᠳ ᠪᠣᠯ ᠬᠡᠢ ᠪᠡᠶᠡᠲᠦ᠂ ᠢᠳᠡᠭᠡᠨ ᠤᠮᠳᠠᠭᠠᠨ ᠤ | ᠦᠨᠦᠷ ᠢᠶᠠᠷ ᠴᠠᠳᠳᠠᠭ᠂ ᠰᠡᠳᠬᠢᠯ ᠢᠶᠠᠨ ᠭᠦᠢᠴᠡᠭᠡᠵᠦ ᠰᠡᠷᠵᠢᠮ ᠳᠡᠭᠡᠵᠢ ᠪᠠᠨ ᠡᠷᠭᠦᠪᠡᠯ ᠪᠣᠯᠴᠢᠬᠠᠨ᠎ᠠ᠂ ᠴᠠᠳᠬᠠᠬᠤ | ᠪᠤᠶᠤ ᠶᠠᠮᠠᠷ ᠨᠢᠭᠡᠨ ᠶᠠᠭᠤᠮ᠎ᠠ ᠳᠤᠲᠠᠭᠠᠳ ᠲᠡᠭᠦᠨ ᠢ ᠨᠢ ᠳᠦᠭᠦᠷᠲᠡᠯ᠎ᠡ ᠥᠭᠬᠦ ᠭᠡᠬᠦ ᠰᠢᠭ ᠶᠠᠪᠤᠳᠠᠯ ᠪᠢᠰᠢ︾ ᠭᠡᠵᠦ | ᠲᠠᠶᠢᠯᠪᠤᠷᠢᠯᠠᠵᠤ ᠪᠠᠶᠢᠨ᠎ᠠ᠃ ᠣᠪᠣᠭᠠᠨ ᠳᠠᠭᠠᠨ ᠰᠡᠷᠵᠢᠮ᠂ ᠳᠡᠭᠡᠵᠢ ᠪᠠᠨ ᠡᠷᠭᠦᠨ᠎ᠡ ᠭᠡᠳᠡᠭ ᠴᠢᠨᠢ ᠰᠠᠪᠠ ᠪᠠᠷ ᠨᠢ | ᠴᠢᠳᠬᠤᠵᠤ᠂ ᠰᠠᠭᠰᠤ ᠪᠠᠷ ᠨᠢ ᠴᠢᠯᠠᠭᠤᠳᠠᠬᠤ ᠶᠠᠪᠤᠳᠠᠯ ᠪᠢᠰᠢ ᠶᠤᠮ᠃ ᠭᠡᠲᠡᠯ᠎ᠡ ᠮᠠᠨ ᠤ ᠵᠠᠷᠢᠮ ᠬᠥᠮᠥᠰ ᠣᠪᠣᠭᠠᠨ ᠤ | ᠡᠵᠡᠳ᠂ ᠨᠤᠲᠤᠭ ᠤᠰᠤᠨ ᠤ ᠨᠠᠪᠳᠠᠭ ᠰᠠᠪᠳᠠᠭ ᠢ ᠴᠠᠳᠬᠠᠨ᠎ᠠ ᠭᠡᠵᠦ ᠪᠣᠳᠣᠳᠠᠭ ᠴᠦ ᠶᠤᠮ ᠪᠣᠯᠪᠠ ᠦᠦ︖ | ᠥᠪᠡᠷ ᠤᠨ ᠪᠠᠶᠠᠨ ᠲᠠᠩᠰᠤᠭ ᠢᠶᠠᠨ ᠭᠠᠶᠢᠬᠠᠭᠤᠯᠤᠨ᠎ᠠ ᠭᠡᠳᠡᠭ ᠴᠦ ᠶᠤᠮ ᠪᠣᠯᠪᠠ ᠦᠦ︖ ᠣᠪᠣᠭᠠᠨ ᠳᠡᠭᠡᠷ᠎ᠡ ᠪᠠᠨ | ᠣᠪᠣᠭ᠎ᠠ ᠪᠣᠰᠬᠠᠲᠠᠯᠠ ᠡᠳ᠋ ᠠᠭᠤᠷᠠᠰᠤᠨ ᠣᠪᠣᠭᠠᠯᠠᠵᠤ᠂ ᠲᠡᠭᠡᠭᠡᠳ ᠲᠡᠭᠦᠨ ᠤ ᠰᠠᠪᠠ ᠰᠠᠭᠤᠯᠭ᠎ᠠ ᠶᠢ ᠨᠢ ᠴᠦ | ᠬᠠᠶᠠᠭᠠᠳ ᠶᠠᠪᠤᠳᠠᠭ ᠪᠠᠶᠢᠨ᠎ᠠ᠃ ᠣᠷᠴᠢᠯᠠᠩ ᠳᠡᠯᠡᠬᠡᠢ ᠶᠢ ᠪᠢᠳᠠ ᠣᠷᠣᠨ ᠭᠡᠷ ᠢᠶᠠᠨ ᠭᠡᠵᠦ ᠪᠣᠳᠣᠪᠠᠯ ᠣᠪᠣᠭ᠎ᠠ | ᠮᠠᠨᠢ ᠪᠠᠷᠠᠭᠤᠨ ᠬᠤᠶᠢᠨ᠎ᠠ ᠳᠡᠭᠡᠷ᠎ᠡ ᠵᠠᠯᠠᠷᠠᠳᠠᠭ ᠪᠤᠷᠬᠠᠨ ᠲᠠᠷᠬᠠᠨ ᠰᠢᠲᠦᠭᠡᠨ ᠤ ᠭᠠᠵᠠᠷ ᠶᠤᠮ᠃ ᠪᠢᠳᠠ ᠭᠡᠷ ᠤᠨ ᠢᠶᠠᠨ | ᠪᠤᠷᠬᠠᠨ ᠳᠠᠷᠬᠠᠨ ᠲᠠᠬᠢᠳᠠᠭ ᠭᠠᠵᠠᠷ ᠢᠶᠠᠨ ᠪᠤᠵᠠᠷ ᠪᠣᠯᠭᠠᠵᠤ᠂ ᠬᠤᠭ ᠤᠨ ᠭᠠᠵᠠᠷ ᠪᠣᠯᠭᠠᠵᠤ ᠪᠣᠯᠬᠤ ᠦᠭᠡᠢ ᠪᠢᠵᠡ ᠳ᠋ᠧ᠂ | ᠲᠡᠶᠢᠮᠦ ᠶᠢᠨ ᠤᠴᠢᠷ ᠪᠢᠳᠠ ᠣᠪᠣᠭᠠᠨ ᠳᠡᠭᠡᠷ᠎ᠡ ᠪᠠᠨ ᠬᠤᠭ ᠨᠣᠪᠰᠢ ᠪᠠᠨ ᠬᠠᠮᠢᠶ᠎ᠠ ᠦᠭᠡᠢ ᠣᠷᠬᠢᠳᠠᠭ ᠲᠠᠭᠠᠨ | ᠵᠣᠪᠠᠳᠠᠭ ᠪᠣᠯᠵᠤ᠂ ᠣᠪᠣᠭ᠎ᠠ ᠪᠠᠨ ᠴᠡᠪᠡᠷ ᠴᠡᠮᠴᠡᠭᠡᠷ ᠠᠷᠢᠭᠤᠨ ᠪᠠᠶᠢᠯᠭᠠᠵᠤ᠂ ᠮᠥᠨ ᠡᠭᠦᠨ ᠤ ᠳᠠᠭᠠᠤ ᠪᠠᠨ ᠥᠪᠡᠷ ᠤᠨ | ᠣᠶᠣᠨ ᠤᠬᠠᠭᠠᠨ ᠤ ᠪᠠᠨ ᠳᠣᠲᠣᠷ᠎ᠠ ᠪᠠᠶᠢᠭ᠎ᠠ ᠶᠣᠰᠣ ᠵᠠᠩᠰᠢᠯ ᠤᠨ ᠪᠤᠰᠤ ︽ᠬᠤᠭ ᠨᠣᠪᠰᠢ︾ ᠪᠠᠨ ᠰᠠᠶᠢᠲᠤᠷ | ᠴᠡᠪᠡᠷᠯᠡᠵᠦ ᠪᠠᠶᠢᠬᠤ ᠶᠢ ᠰᠠᠨᠠᠭᠤᠯᠵᠤ ᠪᠠᠶᠢᠨ᠎ᠠ᠃ ᠰᠠᠷᠠᠨᠭᠡᠷᠡᠯ ᠪᠠᠭᠰᠢ ᠶᠢᠨ ᠲᠠᠨᠢᠯᠴᠠᠭᠤᠯᠭ᠎ᠠ | ᠲᠥᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠮᠣᠩᠭᠤᠯ ᠬᠡᠯᠡ ᠤᠳᠬ᠎ᠠ ᠵᠣᠬᠢᠶᠠᠯ ᠤᠨ ᠰᠠᠯᠪᠤᠷᠢ ᠶᠢᠨ | ᠳ᠋ᠣᠺᠲ᠋ᠣᠷ ᠫᠷᠣᠹᠧᠰᠰᠣᠷ ᠰᠠᠷᠠᠨᠭᠡᠷᠡᠯ 1958 ᠣᠨ ᠤ 12 ᠳ᠋ᠤᠭᠠᠷ ᠰᠠᠷ᠎ᠠ ᠳᠤ ᠬᠥᠬᠡᠨᠠᠭᠤᠷ ᠮᠤᠵᠢ ᠶᠢᠨ | ᠬᠠᠶᠢᠰᠢ ᠶᠢᠨ ᠮᠣᠩᠭᠤᠯ ᠲᠥᠪᠡᠳ ᠥᠪᠡᠷᠲᠡᠭᠡᠨ ᠵᠠᠰᠠᠬᠤ ᠵᠧᠦ ᠶᠢᠨ ᠲᠥᠪ ᠳᠡᠯᠡᠬᠡᠢ ᠬᠤᠲᠠ ᠶᠢᠨ ᠣᠶᠢᠷᠠᠯᠴᠠᠭ᠎ᠠ | ᠭᠤᠪᠢ ᠨᠤᠲᠤᠭ ᠲᠤ ᠲᠥᠷᠥᠵᠡᠢ᠂ 1982 ᠣᠨ ᠳᠤ ᠪᠠᠷᠠᠭᠤᠨ ᠬᠤᠶᠢᠲᠤ ᠶᠢᠨ ᠦᠨᠳᠦᠰᠦᠲᠡᠨ ᠤ ᠳᠡᠭᠡᠳᠦ | ᠰᠤᠷᠭᠠᠭᠤᠯᠢ ᠶᠢᠨ ᠮᠣᠩᠭᠤᠯ ᠬᠡᠯᠡᠨ ᠤ ᠰᠠᠯᠪᠤᠷᠢ ᠳᠤ ᠣᠶᠤᠲᠠᠨ ᠲᠡᠭᠦᠰᠬᠡᠵᠦ᠂ 1993 ᠣᠨ ᠳᠤ ᠮᠣᠩᠭᠤᠯ | ᠤᠯᠤᠰ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ ᠬᠡᠯᠡ ᠵᠣᠬᠢᠶᠠᠯ ᠤᠨ ᠬᠦᠷᠢᠶᠡᠯᠡᠩ ᠳᠤ ᠳᠡᠳ᠋ ᠳ᠋ᠣᠺᠲ᠋ᠣᠷ ᠴᠣᠯᠠ | ᠬᠠᠮᠠᠭᠠᠯᠠᠵᠤ᠂ 1998 ᠣᠨ ᠳᠤ ᠳᠤᠮᠳᠠᠳᠤ ᠤᠯᠤᠰ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠠᠺᠠᠳᠧᠮᠢ ᠶᠢᠨ | ᠦᠨᠳᠦᠰᠦᠲᠡᠨ ᠤ ᠤᠳᠬ᠎ᠠ ᠵᠣᠬᠢᠶᠠᠯ ᠰᠤᠳᠤᠯᠬᠤ ᠬᠦᠷᠢᠶᠡᠯᠡᠩ ᠳᠤ ᠳ᠋ᠣᠺᠲ᠋ᠣᠷ ᠴᠣᠯᠠ ᠬᠠᠮᠠᠭᠠᠯᠠᠭᠰᠠᠨ ᠡᠷᠳᠡᠮᠲᠡᠨ᠃ | ︽ᠲᠤᠤᠯᠢ ︵ᠵᠠᠩᠭᠠᠷ︶ ᠪᠠ ᠮᠣᠩᠭᠤᠯ ᠰᠣᠶᠣᠯ︾᠂ ︽ᠮᠣᠩᠭᠤᠯ ᠪᠠᠭᠠᠲᠤᠷᠯᠢᠭ ᠲᠤᠤᠯᠢ ᠶᠢᠨ ᠡᠭᠦᠰᠦᠯ ᠤᠨ ᠣᠨᠣᠯ︾᠂ | ︽ᠳᠡᠭᠡᠳᠦ ᠮᠣᠩᠭᠤᠯᠴᠤᠳ ᠤᠨ ᠵᠠᠩ ᠰᠣᠶᠣᠯ ᠤᠨ ᠮᠠᠲ᠋ᠧᠷᠢᠶᠠᠯ ᠪᠠ ᠲᠡᠭᠦᠨ ᠤ ᠲᠠᠶᠢᠯᠤᠮᠵᠢ︾᠂ ︽ᠮᠣᠩᠭᠤᠯ | ᠤᠭᠰᠠᠭᠠᠲᠠᠨ ᠤ ᠵᠠᠩᠰᠢᠯ ᠰᠣᠶᠣᠯ ᠤᠨ ᠦᠨᠳᠦᠰᠦ︾᠂ ︽ᠡᠵᠡᠨ᠎ᠡ ᠶᠢᠨ ᠡᠵᠢ ᠨᠠᠷ ᠤᠨ ᠠᠮᠠᠨ ᠲᠡᠦᠬᠡ︾ ︵ | ᠬᠠᠮᠲᠤᠷᠠᠭᠰᠠᠨ︶ ᠵᠡᠷᠭᠡ ᠣᠯᠠᠨ ᠪᠦᠲᠦᠭᠡᠯ ᠲᠠᠢ᠃ |