ᠱᠠᠭ᠎ᠠ ᠨᠠᠭᠠᠳᠤᠮ ᠪᠣᠯ ᠭᠡᠷ ᠤᠨ ᠬᠥᠮᠦᠵᠢᠯ ᠤᠨ ᠴᠠᠴᠠᠨ ᠤᠬᠠᠭᠠᠨ ᠮᠥᠨ | | ᠴᠤᠭᠪᠤᠶᠠᠨ ᠵᠣᠬᠢᠶᠠᠭᠴᠢ ᠶᠢᠨ ᠲᠠᠨᠢᠯᠴᠠᠭᠤᠯᠭ᠎ᠠ᠄ ᠴᠤᠭᠪᠤᠶᠠᠨ ︵ᠠᠨᠢᠷᠴᠢ︶᠂ ᠥᠪᠥᠷ ᠮᠣᠩᠭᠤᠯ ᠤᠨ | ᠠᠯᠠᠱᠠ ᠪᠠᠷᠠᠭᠤᠨ ᠬᠤᠰᠢᠭᠤᠨ ᠤ ᠨᠠᠮ ᠤᠨ ᠰᠤᠷᠭᠠᠭᠤᠯᠢ ᠶᠢᠨ ᠳᠡᠳ᠋ ᠫᠷᠤᠹᠧᠰᠰᠤᠷ᠂ ᠣᠷᠣᠨ ᠤ ᠲᠡᠰ ᠤᠨ ᠪᠣᠳᠠᠰ ᠤᠨ | ᠪᠤᠰᠤ ᠰᠣᠶᠣᠯ ᠤᠨ ᠥᠪ - ᠱᠠᠭ᠎ᠠ ᠶᠢᠨ ᠰᠣᠶᠣᠯ ᠤᠨ ᠥᠪᠯᠡᠨ ᠤᠯᠠᠮᠵᠢᠯᠠᠭᠴᠢ᠂ ᠥᠪᠥᠷ ᠮᠣᠩᠭᠤᠯ ᠤᠨ ᠵᠠᠩ | ᠠᠭᠠᠯᠢ ᠶᠢᠨ ᠨᠡᠶᠢᠭᠡᠮᠯᠢᠭ ᠤᠨ ᠪᠠᠶᠢᠩᠭᠤ ᠶᠢᠨ ᠬᠡᠷᠡᠭ ᠮᠡᠳᠡᠭᠴᠢ᠂ ᠠᠯᠠᠱᠠ ᠠᠶᠢᠮᠠᠭ ᠤᠨ ᠤᠯᠤᠰ ᠲᠦᠷᠦ ᠶᠢᠨ | ᠵᠥᠪᠯᠡᠯᠭᠡᠨ ᠤ ᠣᠨᠴᠠ ᠤᠷᠢᠭᠰᠠᠨ ᠭᠡᠰᠢᠭᠦᠨ᠂ ᠠᠯᠠᠱᠠ ᠪᠠᠷᠠᠭᠤᠨ ᠬᠤᠰᠢᠭᠤᠨ ᠤ ᠱᠠᠭ᠎ᠠ ᠶᠢᠨ ᠰᠣᠶᠣᠯ ᠤᠨ | ᠨᠡᠶᠢᠭᠡᠮᠯᠢᠭ ᠤᠨ ᠳᠠᠷᠤᠭ᠎ᠠ ᠵᠡᠷᠭᠡ ᠡᠭᠦᠷᠭᠡ ᠬᠠᠷᠢᠭᠤᠴᠠᠯᠭ᠎ᠠ ᠲᠠᠢ᠃ 1962 ᠣᠨ ᠳᠤ ᠠᠯᠠᠱᠠ ᠪᠠᠷᠠᠭᠤᠨ | ᠬᠤᠰᠢᠭᠤᠨ ᠤ ᠤᠤᠯ ᠤᠨ ᠲᠠᠩᠰᠤᠭᠪᠤᠯᠠᠭ ᠮᠠᠯᠵᠢᠬᠤ ᠲᠠᠯᠠᠪᠠᠢ ᠶᠢᠨ ᠡᠯᠲᠡᠮᠵᠢ ᠶᠢᠨ ᠭᠤᠣᠯ ᠬᠡᠮᠡᠬᠦ ᠨᠤᠲᠤᠭ ᠲᠤ | ᠲᠦᠷᠦᠵᠡᠢ᠃ 1983 ᠣᠨ ᠳᠤ᠂ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠬᠠᠷᠢᠶᠠᠲᠤ ᠳᠤᠮᠳᠠᠳᠤ | ᠰᠤᠷᠭᠠᠭᠤᠯᠢ ᠠᠴᠠ ᠲᠡᠭᠦᠰᠴᠦ᠂ 1987 ᠣᠨ ᠳᠤ᠂ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ | ᠤᠯᠤᠰ ᠳᠦᠷᠦ ᠰᠤᠷᠭᠠᠨ ᠬᠥᠮᠦᠵᠢᠯ ᠤᠨ ᠰᠠᠯᠪᠤᠷᠢ ᠶᠢᠨ ᠪᠦᠷᠢᠨ ᠮᠡᠷᠭᠡᠵᠢᠯ ᠤᠨ ᠠᠩᠭᠢ ᠠᠴᠠ ᠭᠦᠨ ᠤᠬᠠᠭᠠᠨ ᠤ | ᠡᠷᠳᠡᠮ ᠤᠨ ᠴᠣᠯᠠ ᠬᠠᠮᠠᠭᠠᠯᠠᠨ ᠲᠡᠭᠦᠰᠴᠦ᠂ ᠠᠯᠠᠱᠠ ᠠᠶᠢᠮᠠᠭ ᠤᠨ ᠪᠠᠭᠰᠢ ᠶᠢᠨ ᠰᠤᠷᠭᠠᠭᠤᠯᠢ ᠳᠤ ᠠᠵᠢᠯ ᠤᠨ | ᠬᠤᠪᠢᠶᠠᠷᠢ ᠠᠪᠴᠤ ᠪᠠᠭᠰᠢᠯᠠᠵᠠᠢ᠃ 1989 ᠣᠨ ᠠᠴᠠ ᠡᠬᠢᠯᠡᠨ ᠠᠯᠠᠱᠠ ᠪᠠᠷᠠᠭᠤᠨ ᠬᠤᠰᠢᠭᠤᠨ ᠤ ᠨᠠᠮ ᠤᠨ | ᠬᠤᠷᠢᠶᠠᠨ ᠤ ᠤᠬᠠᠭᠤᠯᠬᠤ ᠬᠡᠯᠲᠡᠰ ᠤᠨ ᠳᠡᠳ᠋ ᠳᠠᠷᠤᠭ᠎ᠠ᠂ ᠨᠠᠮ ᠤᠨ ᠬᠤᠷᠢᠶᠠᠨ ᠤ ᠠᠯᠪᠠᠨ ᠭᠡᠷ ᠤᠨ ᠳᠡᠳ᠋ ᠡᠷᠭᠢᠯᠡᠭᠴᠢ᠂ | ᠰᠤᠷᠭᠠᠨ ᠬᠥᠮᠦᠵᠢᠯ ᠪᠡᠶ᠎ᠡ ᠲᠠᠮᠢᠷ ᠤᠨ ᠲᠣᠪᠴᠢᠶ᠎ᠠ ᠶᠢᠨ ᠳᠡᠳ᠋ ᠳᠠᠷᠤᠭ᠎ᠠ᠂ ᠮᠣᠩᠭᠤᠯ ᠲᠤᠮᠳᠠᠳᠤ ᠰᠤᠷᠭᠠᠭᠤᠯᠢ ᠶᠢᠨ | ᠵᠠᠬᠢᠷᠤᠯ᠂ ᠨᠠᠮ ᠤᠨ ᠰᠤᠷᠭᠠᠭᠤᠯᠢ ᠶᠢᠨ ᠱᠦᠵᠢ ᠵᠡᠷᠭᠡ ᠡᠭᠦᠷᠭᠡ ᠲᠤᠰᠢᠶᠠᠯ ᠢ ᠤᠷᠢᠳ ᠬᠤᠵᠢᠳ ᠬᠠᠷᠢᠭᠤᠴᠠᠵᠠᠢ᠃ | ᠮᠥᠨ ᠲᠥᠪ ᠤᠨ ᠨᠠᠮ ᠤᠨ ᠰᠤᠷᠭᠠᠭᠤᠯᠢ᠂ ᠴᠢᠩᠬᠤᠸᠠ ᠶᠡᠭᠡ ᠰᠤᠷᠭᠠᠭᠤᠯᠢ᠂ ᠥᠪᠥᠷ ᠮᠣᠩᠭᠤᠯ ᠤᠨ ᠨᠠᠮ ᠤᠨ | ᠰᠤᠷᠭᠠᠭᠤᠯᠢ᠂ ᠭᠠᠨᠰᠤ ᠮᠤᠵᠢ ᠶᠢᠨ ᠨᠠᠮ ᠤᠨ ᠰᠤᠷᠭᠠᠭᠤᠯᠢ ᠵᠡᠷᠭᠡ ᠳᠤ ᠰᠤᠷᠤᠯᠴᠠᠨ ᠮᠡᠷᠭᠡᠵᠢᠯ ᠳᠡᠭᠡᠭᠰᠢᠯᠡᠭᠦᠯᠵᠡᠢ᠃ | 40 ᠭᠠᠷᠤᠢ ᠡᠷᠳᠡᠮ ᠰᠢᠨᠵᠢᠯᠡᠭᠡᠨ ᠤ ᠥᠭᠦᠯᠡᠯ ᠢᠶᠠᠨ ᠤᠯᠤᠰ᠂ ᠣᠷᠣᠨ ᠪᠣᠯᠣᠨ ᠠᠶᠢᠮᠠᠭ ᠤᠨ ᠰᠣᠨᠢᠨ ᠰᠡᠳᠬᠦᠯ ᠵᠢᠴᠢ | ᠰᠤᠳᠤᠷ ᠪᠢᠴᠢᠭ ᠲᠤ ᠨᠡᠶᠢᠲᠡᠯᠡᠭᠦᠯᠵᠦ ᠵᠠᠷᠢᠮ ᠨᠢ ᠱᠠᠩᠨᠠᠯ ᠲᠤᠰᠴᠡᠢ᠃ ︽ᠨᠣᠮ ᠤᠨ ᠦᠭᠡ︾᠂ ︽ᠭᠤᠪᠢ ᠶᠢᠨ ᠲᠡᠭᠷᠢ | ᠮᠠᠭᠤᠬᠠᠶᠢᠷᠠᠯᠠ︾᠂ ︽ᠡᠵᠢ ᠶᠢᠨ ᠳᠤᠷᠠᠳᠬᠠᠯ︾᠂ ︽ᠮᠥᠷ ᠲᠠᠮᠠᠭ᠎ᠠ ᠲᠠᠢ ᠭᠤᠪᠢ︾ ᠵᠡᠷᠭᠡ ᠰᠢᠯᠦᠭ᠂ ᠥᠭᠦᠯᠡᠯᠭᠡ | ᠨᠠᠶᠢᠷᠠᠭᠤᠯᠤᠯ ᠤᠨ ᠪᠦᠲᠦᠭᠡᠯ ᠲᠠᠢ᠃ ︽ᠱᠠᠭ᠎ᠠ ᠶᠢᠨ ᠰᠣᠶᠣᠯ ᠤᠷᠠᠯᠢᠭ ᠤᠨ ᠨᠤᠲᠤᠭ - ᠠᠯᠠᠱᠠ ᠪᠠᠷᠠᠭᠤᠨ ᠬᠤᠰᠢᠭᠤ︾ | ︵ᠵᠢᠷᠤᠭᠲᠤ ᠲᠣᠪᠬᠢᠮᠠᠯ︶ ᠪᠣᠯᠣᠨ ︽ᠮᠣᠩᠭᠤᠯ ᠦᠨᠳᠦᠰᠦᠲᠡᠨ ᠤ ᠱᠠᠭ᠎ᠠ ᠶᠢᠨ ᠰᠣᠶᠣᠯ ᠤᠨ ᠰᠤᠳᠤᠯᠤᠯ︾ ᠵᠡᠷᠭᠡ ᠨᠣᠮ | ᠪᠢᠴᠢᠭ ᠢ ᠨᠠᠶᠢᠷᠠᠭᠤᠯᠤᠨ ᠬᠡᠪᠯᠡᠭᠦᠯᠪᠡ᠃ 2005 ᠣᠨ ᠠᠴᠠ ᠡᠬᠢᠯᠡᠨ ᠠᠯᠠᠱᠠ ᠶᠢᠨ ᠱᠠᠭ᠎ᠠ ᠶᠢᠨ ᠰᠣᠶᠣᠯ ᠢ ᠠᠪᠤᠷᠠᠨ | ᠰᠡᠷᠭᠦᠭᠡᠬᠦ ᠠᠵᠢᠯᠯᠠᠭ᠎ᠠ ᠶᠢ ᠥᠷᠨᠢᠭᠦᠯᠵᠦ᠂ ᠠᠯᠠᠱᠠ ᠪᠠᠷᠠᠭᠤᠨ ᠬᠤᠰᠢᠭᠤᠨ ᠤ ᠮᠣᠩᠭᠤᠯ ᠦᠨᠳᠦᠰᠦᠲᠡᠨ ᠤ | ᠱᠠᠭ᠎ᠠ ᠶᠢᠨ ᠰᠣᠶᠣᠯ ᠤᠨ ᠨᠡᠶᠢᠭᠡᠮᠯᠢᠭ ᠢ ᠡᠭᠦᠰᠬᠡᠨ ᠪᠠᠶᠢᠭᠤᠯᠵᠠᠢ᠃ 2006 ᠣᠨ ᠠᠴᠠ ᠡᠬᠢᠯᠡᠨ ᠠᠯᠠᠱᠠ ᠪᠠᠷᠠᠭᠤᠨ | ᠬᠤᠰᠢᠭᠤᠨ ᠤ ᠠᠩᠬᠠᠳᠤᠭᠠᠷ ᠤᠳᠠᠭᠠᠨ ᠤ ᠱᠠᠭ᠎ᠠ ᠨᠠᠭᠠᠳᠤᠮ᠂ ᠠᠯᠠᠱᠠ ᠠᠶᠢᠮᠠᠭ ᠤᠨ ᠠᠩᠬᠠᠳᠤᠭᠠᠷ ᠤᠳᠠᠭᠠᠨ ᠤ | ᠱᠠᠭ᠎ᠠ ᠨᠠᠭᠠᠳᠤᠮ᠂ ᠠᠯᠠᠱᠠ ᠠᠶᠢᠮᠠᠭ ᠤᠨ ᠠᠩᠬᠠᠳᠤᠭᠠᠷ ᠤᠳᠠᠭᠠᠨ ᠤ ᠮᠢᠩᠭᠠᠨ ᠬᠥᠮᠥᠨ ᠤ ᠱᠠᠭ᠎ᠠ ᠶᠢᠨ ᠰᠣᠶᠣᠯ | ᠤᠷᠠᠯᠢᠭ ᠤᠨ ᠨᠠᠶᠢᠷ᠂ ᠨᠠᠢᠮᠠᠨ ᠮᠤᠵᠢ ᠣᠷᠣᠨ ᠤ ᠠᠩᠬᠠᠳᠤᠭᠠᠷ ᠤᠳᠠᠭᠠᠨ ᠤ ︽ᠡᠷᠡᠬᠡᠢ ᠮᠡᠷᠭᠡᠨ︾ ᠱᠠᠭ᠎ᠠ ᠨᠠᠭᠠᠳᠤᠮ | ᠵᠢᠴᠢ ᠱᠠᠭ᠎ᠠ ᠶᠢᠨ ᠰᠣᠶᠣᠯ ᠤᠨ ᠡᠷᠳᠡᠮ ᠰᠢᠨᠵᠢᠯᠡᠭᠡᠨ ᠤ ᠰᠤᠳᠤᠯᠭᠠᠨ ᠤ ᠬᠤᠷᠠᠯ᠂ ᠱᠠᠭ᠎ᠠ ᠶᠢᠨ ᠰᠣᠶᠣᠯ ᠤᠨ ᠤᠯᠠᠨ | ᠤᠯᠤᠰ ᠤᠨ ᠡᠷᠳᠡᠮ ᠰᠢᠨᠵᠢᠯᠡᠭᠡᠨ ᠤ ᠰᠤᠳᠤᠯᠭᠠᠨ ᠤ ᠬᠤᠷᠠᠯ ᠵᠡᠷᠭᠡ ᠶᠢ ᠰᠠᠨᠠᠭᠠᠴᠢᠯᠠᠨ ᠡᠭᠦᠰᠬᠡᠨ ᠵᠣᠬᠢᠶᠠᠨ | ᠪᠠᠶᠢᠭᠤᠯᠪᠠ᠃ 2015 ᠣᠨ ᠳᠤ᠂ ᠱᠧᠨᠵᠢᠡ ᠶᠡᠭᠡ ᠰᠤᠷᠭᠠᠭᠤᠯᠢ ᠲᠠᠢ ᠬᠠᠮᠲᠤᠷᠠᠨ ᠱᠠᠭ᠎ᠠ ᠲᠣᠭᠯᠠᠭᠠᠮ ᠢ ︽ᠲᠤᠮᠳᠠᠳᠤ | ᠤᠯᠤᠰ ᠤᠨ ᠲᠠᠮᠢᠷ ᠤᠨ ᠪᠣᠳᠠᠰ ᠤᠨ ᠪᠤᠰᠤ ᠰᠣᠶᠣᠯ ᠤᠨ ᠬᠠᠮᠠᠭᠠᠯᠠᠯᠲᠠ ᠶᠢᠨ ᠥᠪ ᠤᠨ ᠡᠬᠢ ᠰᠤᠷᠪᠤᠯᠵᠢ ᠶᠢᠨ | ᠳ᠋ᠠᠶᠢᠲ᠋ᠠ ᠬᠥᠮᠥᠷᠭᠡ︾ ᠳᠤ ᠤᠷᠤᠭᠤᠯᠬᠤ ᠰᠤᠳᠤᠯᠭᠠᠨ ᠤ ᠰᠡᠳᠦᠪ ᠢ ᠪᠡᠶᠡᠯᠡᠭᠦᠯᠪᠡ᠃ ᠣᠶᠢᠷ᠎ᠠ ᠶᠢᠨ ᠵᠢᠯ ᠠᠴᠠ | ᠲᠣᠪᠰᠢᠭᠤᠷ᠂ ᠵᠠᠩᠭᠠᠷ᠂ ᠶᠠᠲᠤᠭ᠎ᠠ ᠵᠡᠷᠭᠡ ᠮᠣᠩᠭᠤᠯ ᠦᠨᠳᠦᠰᠦᠲᠡᠨ ᠤ ᠢᠵᠠᠭᠤᠷ ᠰᠣᠶᠣᠯ ᠤᠷᠠᠯᠢᠭ ᠢ ᠰᠡᠷᠭᠦᠭᠡᠨ | ᠤᠯᠠᠮᠵᠢᠯᠠᠬᠤ ᠠᠵᠢᠯ ᠢ ᠭᠠᠷᠳᠠᠨ ᠬᠢᠵᠡᠢ᠃ ᠶᠠᠮᠠᠷᠪᠠ ᠦᠨᠳᠦᠰᠦᠲᠡᠨ ᠶᠠᠰᠤᠳᠠᠨ ᠴᠥᠮ ᠦᠷ᠎ᠡ ᠬᠤᠶᠢᠴᠢᠰ ᠢᠶᠠᠨ | ᠥᠰᠬᠡᠨ ᠬᠥᠮᠥᠵᠢᠭᠦᠯᠵᠦ ᠤᠳᠤᠮ ᠤᠭᠰᠠᠭ᠎ᠠ ᠵᠠᠯᠭᠠᠮᠵᠢᠯᠠᠵᠤ ᠣᠷᠣᠰᠢᠨ ᠠᠮᠢᠳᠤᠷᠠᠳᠠᠭ ᠨᠢ ᠲᠦᠭᠡᠮᠡᠯ ᠵᠢᠮ᠎ᠡ ᠶᠣᠰᠣ | ᠶᠤᠮ᠃ ᠭᠡᠬᠦ ᠳᠡᠭᠡᠨ ᠦᠷ᠎ᠡ ᠬᠤᠶᠢᠴᠢᠰ ᠢᠶᠠᠨ ᠬᠥᠮᠥᠵᠢᠭᠦᠯᠵᠦ ᠰᠤᠷᠭᠠᠬᠤ ᠠᠷᠭ᠎ᠠ ᠪᠠᠷᠢᠯ᠂ ᠰᠦᠪᠡᠭᠴᠢ ᠰᠢᠵᠢᠮ ᠨᠢ | ᠢᠯᠭᠠᠪᠤᠷᠢ ᠲᠠᠢ ᠪᠠᠶᠢᠵᠤ᠂ ᠥᠪᠡᠷ ᠥᠪᠡᠷ ᠤᠨ ᠬᠢᠨᠢ ᠣᠨᠴᠠᠯᠢᠭ ᠰᠢᠨᠵᠢ ᠲᠠᠢ ᠪᠠᠶᠢᠳᠠᠭ ᠢᠶᠠᠷ ᠢᠶᠠᠨ | ᠦᠨᠳᠦᠰᠦᠲᠡᠨ ᠨᠦᠭᠦᠳ ᠤᠨ ᠢᠯᠭᠠᠭ᠎ᠠ ᠶᠢ ᠢᠯᠡᠷᠡᠭᠦᠯᠳᠡᠭ᠃ ᠭᠡᠷ ᠤᠨ ᠬᠥᠮᠦᠵᠢᠯ ᠤᠨ ᠠᠷᠭ᠎ᠠ ᠠᠪᠴᠠᠯ ᠨᠢ ᠨᠢᠭᠡ | ᠦᠨᠳᠦᠰᠦᠲᠡᠨ ᠤ ᠣᠨᠴᠠᠯᠢᠭ ᠰᠢᠨᠵᠢ᠂ ᠬᠡᠪ ᠴᠢᠨᠠᠷ᠂ ᠶᠣᠰᠣ ᠰᠤᠷᠲᠠᠬᠤᠨ ᠵᠡᠷᠭᠡ ᠶᠢ ᠬᠠᠷᠠᠭᠤᠯᠤᠨ ᠢᠯᠡᠳᠬᠡᠳᠡᠭ | ᠪᠠᠶᠢᠨ᠎ᠠ᠃ ᠭᠡᠷ ᠤᠨ ᠬᠥᠮᠦᠵᠢᠯ ᠨᠢ ᠦᠵᠡᠯ ᠤᠬᠠᠮᠰᠠᠷ ᠤᠨ ᠴᠠᠷ᠎ᠠ ᠬᠦᠷᠢᠶ᠎ᠡ ᠳᠤ ᠬᠠᠷᠢᠶᠠᠯᠠᠭᠳᠠᠨ ᠬᠠᠮᠤᠷᠠᠭᠳᠠᠵᠤ | ᠪᠤᠰᠤᠳᠴᠢ ᠣᠷᠣᠰᠢᠬᠤᠢ ᠳᠤ ᠲᠦᠰᠢᠭᠯᠡᠨ ᠤᠶᠠᠯᠳᠤᠬᠤ ᠪᠠᠷ ᠰᠠᠭᠤᠷᠢ ᠪᠤᠯᠭᠠᠵᠤ ᠪᠣᠳᠠᠲᠤ ᠦᠢᠯᠡᠳᠦᠯᠭᠡ ᠪᠠᠷ ᠳᠠᠮᠵᠢᠨ | ᠦᠷ᠎ᠡ ᠳ᠋ᠦᠩ ᠳᠡᠭᠡᠨ ᠭᠦᠷᠲᠡᠭ᠃ ᠮᠣᠩᠭᠤᠯᠴᠤᠳ ᠡᠷᠲᠡ ᠦᠶ᠎ᠡ ᠠᠴᠠ ᠪᠠᠨ ᠠᠩ ᠠᠩᠨᠠᠯ ᠬᠢᠭᠡᠳ ᠮᠠᠯ ᠮᠠᠯᠵᠢᠯ ᠢᠶᠠᠷ | ᠰᠠᠭᠤᠷᠢᠯᠠᠵᠤ ᠦᠷ᠎ᠡ ᠬᠤᠶᠢᠴᠢᠰ ᠢᠶᠠᠨ ᠥᠰᠬᠡᠨ ᠬᠥᠮᠥᠵᠢᠭᠦᠯᠵᠦ ᠦᠶ᠎ᠡ ᠳᠠᠮᠵᠢᠨ ᠣᠷᠣᠰᠢᠨ ᠲᠣᠭᠲᠠᠨᠢᠵᠤ᠂ ᠥᠪ | ᠰᠣᠶᠣᠯ ᠢᠶᠠᠨ ᠡᠭᠦᠳᠴᠦ ᠲᠡᠦᠬᠡ ᠪᠠᠨ ᠪᠢᠴᠢᠭᠯᠡᠭᠰᠡᠭᠡᠷ ᠢᠷᠡᠵᠡᠢ᠃ ᠮᠣᠩᠭᠤᠯᠴᠤᠳ ᠤᠨ ᠭᠡᠷ ᠤᠨ ᠬᠥᠮᠦᠵᠢᠯ ᠤᠨ | ᠠᠭᠤᠯᠭ᠎ᠠ ᠨᠢ ᠮᠠᠰᠢ ᠪᠠᠶᠠᠯᠢᠭ᠂ ᠠᠷᠭ᠎ᠠ ᠭᠡᠯᠪᠡᠷᠢ ᠨᠢ ᠠᠷᠪᠢᠨ ᠮᠥᠷᠲᠡᠭᠡᠨ ᠢᠯᠭᠠᠮᠠ ᠲᠣᠳᠣ ᠥᠪᠡᠷ ᠤᠨ ᠬᠡᠪ ᠨᠠᠮᠪᠠ | ᠪᠣᠯᠣᠨ ᠣᠨᠴᠠᠯᠢᠭ ᠰᠢᠨᠵᠢ ᠲᠠᠢ ᠪᠠᠶᠢᠳᠠᠭ᠃ ᠡᠭᠦᠨ ᠳᠤ ᠱᠠᠭ᠎ᠠ ᠨᠠᠭᠠᠳᠤᠮ ᠪᠣᠯ ᠡᠷᠲᠡ ᠤᠵᠤᠭᠤᠷ ᠠᠴᠠ | ᠤᠯᠠᠮᠵᠢᠯᠠᠭᠳᠠᠭᠰᠠᠨ ᠭᠡᠷ ᠤᠨ ᠬᠥᠮᠦᠵᠢᠯ ᠤᠨ ᠴᠢᠬᠤᠯᠠ ᠨᠢᠭᠡ ᠵᠦᠢᠯ ᠪᠤᠯᠬᠤ ᠨᠢ ᠮᠠᠷᠭᠤᠰᠢ ᠦᠭᠡᠢ ᠪᠢᠯᠡ᠃ | ᠨᠢᠭᠡ᠂ ᠱᠠᠭ᠎ᠠ ᠨᠠᠭᠠᠳᠤᠮ ᠪᠣᠯ ᠢᠵᠠᠭᠤᠷ ᠠᠴᠠᠤᠯᠠᠮᠵᠢᠯᠠᠭᠳᠠᠰᠠᠨ ᠭᠡᠷ ᠤᠨ ᠬᠥᠮᠦᠵᠢᠯ ᠤᠨ ᠤᠬᠠᠭᠠᠨ ᠴᠣᠬᠤᠮ | ᠬᠡᠵᠢᠶ᠎ᠡ ᠠᠴᠠ ᠡᠬᠢᠯᠡᠨ ᠱᠠᠭ᠎ᠠ ᠶᠢ ᠡᠷᠬᠢᠮᠯᠡᠨ ᠳᠡᠭᠡᠳᠦᠯᠡᠭᠰᠡᠨ ᠪᠠ ᠬᠡᠷᠡᠭᠯᠡᠭᠡᠨ ᠳᠡᠭᠡᠨ ᠣᠷᠣᠭᠤᠯᠤᠭᠰᠠᠨ ᠲᠤᠬᠠᠢ | ᠲᠣᠳᠣᠷᠬᠠᠢ ᠲᠡᠮᠳᠡᠭᠯᠡᠯ ᠦᠭᠡᠢ ᠪᠤᠯᠪᠠᠴᠤ᠂ ᠬᠠᠭᠤᠴᠢ ᠰᠤᠳᠤᠯᠤᠯ ᠤᠨ ᠲᠠᠯ᠎ᠠ ᠠᠴᠠ ᠰᠢᠨᠵᠢᠯᠡᠨ ᠭᠡᠷᠡᠴᠢᠯᠡᠭᠰᠡᠨ ᠢᠶᠠᠷ | ᠪᠣᠯ ᠡᠷᠲᠡᠨ ᠤ ᠾᠦᠩᠨᠦᠴᠦᠳ ᠱᠠᠭ᠎ᠠ ᠶᠢ ᠠᠮᠢᠳᠤᠷᠠᠯ ᠤᠨ ᠪᠣᠳᠠᠲᠤ ᠬᠡᠷᠡᠭᠯᠡᠭᠡᠨ ᠳᠡᠭᠡᠨ ᠣᠷᠣᠭᠤᠯᠵᠤ ᠪᠠᠶᠢᠭᠰᠠᠨ ᠢᠶᠠᠷ | ᠦᠯᠦ ᠪᠠᠷᠠᠮ᠂ ᠶᠣᠰᠣ ᠵᠠᠩᠰᠢᠯ ᠳᠠᠭᠠᠨ ᠣᠷᠣᠭᠤᠯᠤᠨ ᠬᠡᠷᠡᠭᠯᠡᠭᠰᠡᠨ ᠪᠠᠶᠢᠨ᠎ᠠ᠃ ᠠᠷᠭᠢᠤᠯᠤᠭᠢ ᠰᠤᠳᠤᠯᠤᠭᠠᠴᠢᠳ | ᠡᠷᠲᠡᠨ ᠤ ᠾᠦᠩᠨᠦᠴᠦᠳ ᠤᠨ ᠪᠤᠯᠠᠰᠢᠨ ᠠᠴᠠ ᠤᠯᠠᠨ ᠠᠷᠪᠢᠨ ᠪᠤᠭᠤ ᠶᠢᠨ ᠱᠠᠭ᠎ᠠ ᠣᠯᠣᠭᠰᠠᠨ ᠮᠡᠳᠡᠭᠡᠯᠡᠯ ᠪᠠᠶᠢᠳᠠᠭ᠃ | 2001 ᠣᠨ ᠳᠤ ᠮᠣᠩᠭᠤᠯ ᠠᠮᠧᠷᠢᠺᠠ ᠶᠢᠨ ᠰᠤᠳᠤᠯᠤᠭᠠᠴᠢᠳ ᠤᠨ ᠪᠦᠯᠬᠦᠮ ᠤᠨ ᠬᠢᠨ ᠮᠣᠩᠭᠤᠯ ᠤᠯᠤᠰ ᠤᠨ | ᠠᠷᠤ ᠬᠠᠩᠭᠠᠢ ᠠᠶᠢᠮᠠᠭ ᠤᠨ ᠥᠨᠳᠥᠷ ᠤᠯᠠᠭᠠᠨ ᠰᠤᠮᠤᠨ ᠤ ᠬᠠᠨᠤᠢ ᠪᠠᠭ ᠤᠨ ᠨᠤᠲᠤᠭ ᠪᠠᠯᠭᠠᠰᠤᠨ ᠲᠠᠯ᠎ᠠ ᠠᠴᠠ | ᠡᠷᠲᠡᠨ ᠤ ᠾᠦᠩᠨᠦ ᠶᠢᠨ ᠢᠵᠠᠭᠤᠷᠲᠠᠨ ᠤ ᠪᠦᠯᠦᠭ ᠪᠤᠯᠠᠰᠢ ᠶᠢ ᠢᠯᠡᠷᠡᠭᠦᠯᠦᠨ ᠨᠢᠭᠡᠨ ᠬᠡᠦᠬᠡᠳ ᠤᠨ | ᠣᠷᠣᠰᠢᠭᠤᠯᠭ᠎ᠠ ᠠᠴᠠ 250 ᠭᠠᠷᠤᠢ ᠪᠤᠭᠤ ᠶᠢᠨ ᠱᠠᠭ᠎ᠠ ᠶᠢ ᠢᠯᠡᠷᠡᠭᠦᠯᠵᠡᠢ᠃ ᠮᠣᠩᠭᠤᠯᠴᠤᠳ ᠠᠯᠢ | ᠡᠷᠲᠡᠨ ᠠᠴᠠ ᠪᠠᠨ ᠮᠠᠯᠵᠢᠯ ᠤᠭᠰᠠᠭᠠᠲᠠᠨ ᠪᠠᠶᠢᠵᠤ ᠨᠡᠭᠦᠳᠡᠯ ᠠᠮᠢᠳᠤᠷᠠᠯ ᠢᠶᠠᠷ ᠭᠤᠣᠯ ᠣᠷᠣᠰᠢᠨ ᠲᠣᠭᠲᠠᠨᠢᠯ ᠤᠨ | ᠭᠡᠯᠪᠡᠷᠢ ᠪᠠᠨ ᠪᠤᠯᠭᠠᠵᠤ ᠪᠠᠶᠢᠭᠰᠠᠨ ᠲᠡᠦᠬᠡ ᠲᠠᠢ᠃ ᠪᠠᠯᠠᠷᠯᠢᠭ ᠤᠨ ᠴᠠᠭ ᠲᠤ ᠬᠠᠮᠤᠭ ᠠᠩᠬᠠᠨ ᠳᠠᠭᠠᠨ ᠠᠩ | ᠠᠩᠨᠠᠯ ᠢᠶᠠᠷ ᠭᠤᠣᠯ ᠠᠮᠢᠳᠤᠷᠠᠯ ᠢᠶᠠᠨ ᠠᠷᠭᠠᠴᠠᠭᠠᠵᠤ ᠪᠠᠶᠢᠭᠰᠠᠨ ᠪᠣᠯ ᠰᠡᠭᠦᠯᠡᠷ ᠨᠢ ᠠᠩ ᠤᠨ ᠦᠯᠡᠳᠡᠪᠦᠷᠢ | ᠪᠣᠯᠤᠭᠰᠠᠨ ᠵᠡᠷᠯᠢᠭ ᠠᠮᠢᠲᠠᠳ ᠢ ᠭᠡᠷᠰᠢᠭᠦᠯᠦᠨ ᠲᠡᠵᠢᠭᠡᠵᠦ ᠨᠣᠮᠣᠬᠠᠳᠬᠠᠭᠰᠠᠨ ᠠᠴᠠ ᠠᠩᠬᠠᠨ ᠤ ᠮᠠᠯ ᠮᠠᠯᠵᠢᠯ | ᠡᠭᠦᠰᠦᠭᠰᠡᠨ ᠪᠠᠶᠢᠳᠠᠭ᠃ ᠮᠠᠯ ᠮᠠᠯᠵᠢᠯ ᠪᠤᠢ ᠪᠣᠯᠤᠭᠰᠠᠨ ᠠᠴᠠ ᠡᠷᠲᠡᠨ ᠤ ᠠᠵᠤ ᠠᠮᠢᠳᠤᠷᠠᠯ ᠨᠢ ᠪᠠᠲᠤᠯᠠᠭ᠎ᠠ ᠲᠠᠢ | ᠪᠣᠯᠵᠤ ᠣᠷᠣᠰᠢᠨ ᠲᠣᠭᠲᠠᠨᠢᠯ ᠨᠢ ᠲᠣᠭᠲᠠᠪᠤᠷᠢ ᠲᠠᠢ ᠪᠣᠯᠤᠭᠰᠠᠨ ᠲᠤᠯᠠ ᠦᠢᠯᠡᠳᠪᠦᠷᠢᠯᠡᠯ ᠤᠨ ᠬᠦᠴᠦᠨ ᠤ | ᠬᠥᠭᠵᠢᠯᠲᠡ ᠨᠢ ᠲᠦᠷᠭᠡᠨ ᠪᠣᠯᠵᠠᠢ᠃ ᠡᠭᠦᠨ ᠤ ᠤᠯᠠᠮ ᠠᠴᠠ ᠬᠥᠮᠥᠰ ᠤᠨ ᠲᠠᠷᠢᠬᠢᠨ ᠤ ᠬᠥᠭᠵᠢᠯᠲᠡ ᠨᠢ ᠲᠠᠰᠤᠷᠠᠯᠳᠠ | ᠦᠭᠡᠢ ᠨᠡᠮᠡᠭᠳᠡᠨ ᠰᠡᠳᠬᠢᠬᠦᠢ ᠨᠢ ᠴᠦ ᠲᠡᠯᠡᠨ ᠥᠷᠭᠡᠳᠴᠦ ᠤᠬᠠᠮᠰᠠᠷᠲᠤ ᠴᠢᠳᠠᠪᠤᠷᠢ ᠨᠢ ᠳᠡᠭᠡᠭᠰᠢᠯᠡᠨ ᠭᠡᠷ ᠤᠨ | ᠬᠥᠮᠦᠵᠢᠯ ᠠᠭᠠᠵᠢᠮ ᠢᠶᠠᠷ ᠪᠤᠢ ᠪᠣᠯᠵᠠᠢ᠃ ᠮᠠᠯᠴᠢᠨ ᠲᠦᠮᠡᠨ ᠲᠡᠷᠡ ᠦᠶ᠎ᠡ ᠶᠢᠨ ᠠᠮᠢᠳᠤᠷᠠᠯ ᠤᠨ ᠲᠦᠰᠢᠭ | ᠲᠤᠯᠭᠠᠭᠤᠷᠢ ᠪᠣᠯᠤᠭᠰᠠᠨ ᠮᠠᠯ ᠮᠠᠯᠵᠢᠯ ᠢᠶᠠᠷ ᠢᠶᠠᠨ ᠭᠤᠣᠯ ᠲᠥᠪ ᠪᠤᠯᠭᠠᠵᠤ ᠦᠷ᠎ᠡ ᠬᠤᠶᠢᠴᠢᠰ ᠢᠶᠠᠨ ᠠᠵᠢᠯ | ᠠᠬᠤᠢ ᠳᠤ ᠳᠠᠰᠬᠠᠬᠤ᠂ ᠥᠪᠡᠷ ᠪᠡᠶ᠎ᠡ ᠪᠠᠨ ᠡᠵᠡᠮᠳᠡᠬᠦ᠂ ᠥᠭᠡᠷ᠎ᠡ ᠪᠤᠰᠤᠳ ᠲᠤ ᠬᠠᠨᠳᠤᠬᠤ ᠵᠡᠷᠭᠡ ᠦᠢᠯᠡ ᠬᠥᠳᠡᠯᠦᠯ᠂ | ᠤᠬᠠᠮᠰᠠᠷ ᠰᠡᠳᠬᠢᠯᠭᠡ ᠶᠢᠨ ᠬᠥᠮᠦᠵᠢᠯ ᠢ ᠬᠦᠷᠲᠡᠭᠡᠨ ᠪᠡᠶ᠎ᠡ ᠰᠡᠳᠬᠢᠴᠡ ᠶᠢᠨ ᠬᠥᠭᠵᠢᠯᠲᠡ ᠶᠢ ᠨᠢ ᠵᠥᠪ ᠵᠦᠭ | ᠥᠭᠡᠳᠡ ᠴᠢᠭᠯᠡᠭᠦᠯᠬᠦ᠂ ᠦᠢᠯᠡᠳᠪᠦᠷᠢᠯᠡᠯ ᠤᠨ ᠠᠷᠭ᠎ᠠ ᠭᠡᠯᠪᠡᠷᠢ ᠶᠢ ᠮᠡᠳᠡᠭᠦᠯᠦᠨ ᠣᠶᠢᠯᠠᠭᠠᠭᠤᠯᠬᠤ᠂ ᠠᠮᠢᠳᠤᠷᠠᠯ ᠤᠨ | ᠨᠠᠷᠢᠨ ᠤᠬᠠᠭᠠᠨ ᠢ ᠵᠢᠭᠠᠬᠤ᠂ ᠦᠢᠯᠡ ᠮᠥᠷ ᠢ ᠨᠢ ᠰᠠᠶᠢᠨ ᠰᠠᠶᠢᠬᠠᠨ ᠬᠡᠪ ᠪᠣᠯᠪᠠᠰᠤᠨ ᠥᠭᠡᠳᠡ ᠬᠥᠳᠡᠯᠦᠨ | ᠣᠷᠣᠭᠤᠯᠳᠠᠭ᠃ ᠡᠶᠢᠮᠦᠷᠬᠦᠦ ᠭᠡᠷ ᠤᠨ ᠬᠥᠮᠦᠵᠢᠯ ᠤᠨ ᠶᠠᠪᠤᠴᠠ ᠳᠤ ᠱᠠᠭ᠎ᠠ ᠪᠠᠷ ᠵᠠᠭᠪᠤᠷ ᠪᠣᠯᠭᠠᠨ ᠦᠷ᠎ᠡ | ᠬᠡᠦᠬᠡᠳ ᠲᠡᠭᠡᠨ ᠬᠥᠮᠦᠵᠢᠯ ᠬᠦᠷᠲᠡᠭᠡᠬᠦ ᠪᠣᠯᠤᠭᠰᠠᠨ ᠪᠤᠯᠤᠯᠲᠠᠢ᠃ ᠱᠠᠭ᠎ᠠ ᠪᠠᠷ ᠵᠠᠭᠪᠤᠷᠢ ᠪᠣᠯᠭᠠᠨ ᠦᠷ᠎ᠡ | ᠬᠡᠦᠬᠡᠳ ᠢᠶᠠᠨ ᠬᠥᠮᠥᠵᠢᠭᠦᠯᠳᠡᠭ ᠭᠡᠷ ᠤᠨ ᠬᠥᠮᠦᠵᠢᠯ ᠨᠢ ᠳᠡᠯᠡᠬᠡᠢ ᠳᠤ ᠲᠤᠩ ᠬᠤᠪᠣᠷᠬᠠᠨ ᠦᠵᠡᠭᠳᠡᠯ ᠪᠠᠶᠢᠵᠤ | ᠦᠨᠡᠬᠡᠷ ᠰᠣᠨᠢᠷᠬᠠᠯ ᠲᠠᠢ ᠶᠤᠮ᠃ ᠬᠠᠯᠵᠠ ᠬᠠᠷᠪᠤᠬᠤ᠂ ᠪᠦᠭᠡ ᠪᠠᠷᠢᠯᠳᠤᠭᠤᠯᠬᠤ᠂ ᠮᠡᠷᠭᠡ ᠲᠥᠯᠭᠡ ᠲᠠᠯᠪᠢᠬᠤ᠂ ᠮᠣᠷᠢ | ᠤᠷᠤᠯᠳᠤᠬᠤ᠂ ᠲᠡᠮᠡᠭᠡ ᠤᠷᠤᠯᠳᠤᠬᠤ᠂ ᠲᠠᠪᠤᠨ ᠬᠤᠰᠢᠭᠤ ᠮᠠᠯ ᠥᠰᠬᠡᠬᠦ᠂ ᠠᠳᠤᠭᠤ ᠬᠠᠷᠢᠭᠤᠯᠬᠤ᠂ ᠢᠩᠭᠡ | ᠪᠣᠲᠣᠭᠤᠯᠠᠭᠤᠯᠬᠤ ᠵᠡᠷᠭᠡ ᠬᠡᠳᠦᠨ ᠵᠠᠭᠤᠨ ᠲᠦᠷᠦᠯ ᠤᠨ ᠱᠠᠭ᠎ᠠ ᠲᠣᠭᠯᠠᠭᠠᠮ ᠨᠢ ᠴᠥᠮ ᠠᠩ ᠠᠩᠨᠠᠯ᠂ ᠮᠠᠯᠵᠢᠯ | ᠠᠮᠢᠳᠤᠷᠠᠯ ᠤᠨ ᠦᠢᠯᠡ ᠬᠥᠳᠡᠯᠦᠯ ᠪᠣᠯᠣᠨ ᠮᠠᠯᠴᠢᠨ ᠬᠥᠮᠥᠨ ᠤ ᠤᠷ᠎ᠠ ᠤᠬᠠᠭᠠᠨ ᠵᠡᠷᠭᠡ ᠶᠢ ᠬᠠᠷᠠᠭᠤᠯᠤᠭᠰᠠᠨ ᠢᠶᠠᠷ | ᠵᠠᠭᠪᠤᠷᠢᠴᠢᠯᠠᠨ᠂ ᠪᠡᠯᠭᠡ ᠳᠡᠮᠪᠡᠷᠡᠯ᠂ ᠴᠡᠭᠡᠷ ᠬᠤᠷᠢᠭ᠎ᠠ ᠵᠡᠷᠭᠡ ᠤᠯᠠᠨ ᠲᠠᠯ᠎ᠠ ᠶᠢᠨ ᠶᠣᠰᠣ ᠵᠠᠩᠰᠢᠯ ᠪᠣᠯᠣᠨ ᠳᠦᠷᠢᠮ | ᠭᠤᠷᠢᠮ ᠢ ᠬᠠᠷᠠᠭᠤᠯᠤᠭᠰᠠᠨ ᠪᠠᠶᠢᠳᠠᠭ᠃ ᠱᠠᠭ᠎ᠠ ᠨᠠᠭᠠᠳᠤᠮ ᠢ ᠨᠠᠭᠠᠳᠬᠤ ᠳᠤ ᠪᠤᠰᠤᠳ ᠢ ᠬᠦᠨᠳᠦᠳᠬᠡᠬᠦ᠂ ᠨᠠᠰᠤᠲᠠᠨ | ᠪᠤᠭᠤᠷᠤᠯ ᠢᠶᠠᠨ ᠡᠷᠭᠦᠨ ᠬᠦᠨᠳᠦᠯᠡᠬᠦ᠂ ᠬᠡᠦᠬᠡᠳ ᠳᠡᠭᠦᠦ ᠨᠠᠷ ᠢᠶᠠᠨ ᠬᠠᠶᠢᠷᠠᠯᠠᠬᠤ᠂ ᠬᠠᠷᠢᠯᠴᠠᠨ ᠡᠶ᠎ᠡ ᠨᠠᠶᠢᠷ ᠲᠠᠢ | ᠪᠠᠶᠢᠬᠤ᠂ ᠡᠷᠬᠡ ᠲᠡᠭᠰᠢ᠂ ᠲᠥᠪ ᠭᠤᠤᠯᠴᠢ ᠪᠠᠶᠢᠬᠤ ᠶᠢ ᠬᠠᠮᠤᠭ ᠠᠴᠠ ᠡᠷᠬᠢᠮᠯᠡᠨ ᠵᠢᠷᠤᠮᠯᠠᠳᠠᠭ᠃ ᠱᠠᠭ᠎ᠠ ᠨᠠᠭᠠᠳᠬᠤ | ᠶᠠᠪᠤᠴᠠ ᠳᠤ ᠲᠣᠮᠣᠴᠤᠤᠯ ᠠᠴᠠ ᠬᠡᠦᠬᠡᠳ ᠪᠠᠭᠠᠴᠤᠳ ᠲᠤ ᠳᠡᠭᠡᠷᠡᠬᠢ ᠤᠯᠠᠨ ᠲᠠᠯ᠎ᠠ ᠶᠢᠨ ᠶᠣᠰᠣ ᠵᠠᠩᠰᠢᠯ ᠪᠣᠯᠣᠨ | ᠳᠦᠷᠢᠮ ᠭᠤᠷᠢᠮ ᠢ ᠤᠯᠠᠮᠵᠢᠯᠠᠳᠠᠭ ᠪᠣᠯᠬᠤᠷ ᠬᠡᠦᠬᠡᠳ ᠪᠠᠭᠠᠴᠤᠳ ᠨᠢ ᠨᠠᠭᠠᠳᠤᠮ ᠲᠣᠭᠯᠠᠭᠠᠮ ᠢᠶᠠᠷ ᠳᠠᠮᠵᠢᠨ | ᠬᠥᠮᠦᠵᠢᠯ ᠭᠦᠷᠲᠡᠨ ᠤᠬᠠᠭᠠᠷᠠᠵᠤ ᠰᠡᠬᠡᠷᠡᠳᠡᠭ ᠶᠤᠮ᠃ ᠡᠨᠡ ᠪᠣᠯ ᠳᠠᠷᠤᠢ ᠶᠣᠰᠣᠲᠠᠢ ᠮᠣᠩᠭᠤᠯ ᠤᠬᠠᠭᠠᠨ ᠤ ᠰᠣᠳᠣᠨ | ᠭᠠᠶᠢᠬᠠᠮᠰᠢᠭ ᠪᠢᠯᠡ᠃ ᠬᠤᠶᠠᠷ᠂ ᠱᠠᠭ᠎ᠠ ᠨᠠᠭᠠᠳᠤᠮ ᠪᠣᠯ ᠦᠷ᠎ᠡ ᠬᠡᠦᠬᠡᠳ ᠢᠶᠠᠨ ᠰᠤᠷᠭᠠᠨ ᠬᠥᠮᠥᠵᠢᠭᠦᠯᠬᠦ | ᠴᠠᠴᠠᠨ ᠤᠬᠠᠭᠠᠨ ᠱᠠᠭ᠎ᠠ ᠨᠠᠭᠠᠳᠤᠮ ᠪᠣᠯ ᠤᠯᠠᠮᠵᠢᠯᠠᠯᠲᠤ ᠢᠵᠠᠭᠤᠷ ᠰᠣᠶᠣᠯ ᠪᠠᠶᠢᠵᠤ᠂ ᠲᠡᠷᠡ ᠨᠢ ᠲᠡᠦᠬᠡ ᠶᠢᠨ | ᠤᠷᠳᠤ ᠤᠷᠤᠰᠬᠠᠯ ᠤᠨ ᠳᠤᠮᠳᠠ ᠦᠷ᠎ᠡ ᠬᠡᠦᠬᠡᠳ ᠢᠶᠠᠨ ᠰᠤᠷᠭᠠᠨ ᠬᠥᠮᠥᠵᠢᠭᠦᠯᠬᠦ ᠴᠠᠴᠠᠨ ᠤᠬᠠᠭᠠᠨ ᠮᠡᠷᠭᠡᠨ ᠠᠷᠭ᠎ᠠ | ᠪᠣᠯᠵᠤ ᠪᠦᠷᠢᠯᠳᠦᠭᠰᠡᠨ ᠪᠠᠶᠢᠳᠠᠭ᠃ ᠱᠠᠭ᠎ᠠ ᠨᠠᠭᠠᠳᠤᠮ ᠤᠨ ᠲᠦᠷᠦᠯ ᠵᠦᠢᠯ ᠮᠠᠰᠢ ᠤᠯᠠᠨ ᠪᠠᠶᠢᠵᠤ᠂ ᠨᠠᠭᠠᠳᠬᠤ ᠠᠷᠭ᠎ᠠ | ᠮᠡᠷᠭᠡᠵᠢᠯ ᠤᠨ ᠲᠠᠯ᠎ᠠ ᠠᠴᠠ ᠠᠪᠤᠭᠠᠳ ᠦᠵᠡᠭᠰᠡᠨ ᠴᠦ ᠨᠢᠭᠡ ᠲᠦᠷᠦᠯ ᠤᠨ ᠨᠠᠭᠠᠳᠤᠮ ᠢ ᠭᠡᠲᠦ ᠬᠡᠳᠦᠨ ᠵᠦᠢᠯ ᠤᠨ | ᠠᠷᠭ᠎ᠠ ᠭᠡᠯᠪᠡᠷᠢ ᠪᠠᠷ ᠨᠠᠭᠠᠳᠴᠤ ᠪᠤᠯᠳᠠᠭ ᠢᠶᠠᠷ ᠦᠯᠦ ᠪᠠᠷᠠᠮ᠂ ᠠᠳᠠᠯᠢ ᠪᠤᠰᠤ ᠭᠠᠵᠠᠷ ᠨᠤᠲᠤᠭ ᠲᠤ ᠠᠳᠠᠯᠢ | ᠪᠤᠰᠤ ᠶᠢᠨ ᠠᠷᠭ᠎ᠠ ᠭᠡᠯᠪᠡᠷᠢ ᠪᠠᠷ ᠨᠠᠭᠠᠳᠳᠠᠭ ᠪᠣᠯᠬᠤᠷ ᠨᠤᠲᠤᠭ ᠤᠰᠤᠨ ᠤ ᠣᠨᠴᠠᠯᠢᠭ ᠰᠢᠨᠵᠢ ᠲᠠᠢ ᠪᠠᠶᠢᠳᠠᠭ᠃ | ᠱᠠᠭ᠎ᠠ ᠨᠠᠭᠠᠳᠤᠮ ᠤᠨ ᠤᠯᠠᠨ ᠲᠦᠷᠦᠯ ᠵᠢᠴᠢ ᠲᠡᠭᠦᠨ ᠤ ᠣᠨᠴᠠᠯᠢᠭ ᠰᠢᠨᠵᠢ ᠠᠴᠠ ᠪᠣᠯᠵᠤ ᠭᠡᠷ ᠤᠨ ᠰᠤᠷᠭᠠᠯ ᠤᠨ | ᠮᠡᠷᠭᠡᠨ ᠠᠷᠭ᠎ᠠ ᠬᠡᠷᠡᠭᠯᠡᠭᠦᠷ ᠪᠣᠯᠤᠭᠰᠠᠨ ᠪᠠᠶᠢᠳᠠᠭ᠃ ᠱᠠᠭ᠎ᠠ ᠨᠠᠭᠠᠳᠤᠮ ᠤᠨ ᠨᠠᠭᠠᠳᠬᠤ ᠠᠷᠭ᠎ᠠ ᠪᠠᠷᠢᠯ ᠨᠢ ᠨᠡᠶᠢᠲᠡᠴᠢ | ᠣᠨᠴᠠᠯᠢᠭ ᠲᠠᠢ ᠮᠥᠷᠲᠡᠭᠡᠨ ᠥᠪᠡᠷᠮᠢᠴᠡ ᠣᠨᠴᠠᠯᠢᠭ ᠲᠠᠢ ᠶᠤᠮ᠃ ᠲᠡᠷᠡ ᠨᠢ ᠠᠳᠠᠯᠢ ᠪᠤᠰᠤ ᠨᠠᠰᠤᠨ ᠤ ᠬᠥᠮᠥᠰ ᠤᠨ | ᠴᠢᠳᠠᠪᠤᠷᠢ ᠳᠤ ᠲᠣᠬᠢᠷᠠᠬᠤ ᠲᠦᠷᠦᠯ ᠵᠦᠢᠯ ᠪᠦᠷᠢᠨ ᠪᠠᠶᠢᠳᠠᠭ ᠪᠣᠯᠬᠤᠷ ᠬᠡᠨ ᠬᠥᠮᠥᠨ ᠭᠡᠳ ᠪᠦᠷ ᠨᠠᠭᠠᠳᠴᠤ | ᠪᠤᠯᠳᠠᠭ᠃ ᠬᠡᠦᠬᠡᠳ ᠪᠠᠭᠠᠴᠤᠳ ᠤᠨ ᠨᠠᠰᠤᠨ ᠤ ᠬᠡᠮᠵᠢᠶ᠎ᠡ ᠪᠣᠯᠣᠨ ᠰᠡᠳᠬᠢᠴᠡ ᠶᠢᠨ ᠣᠨᠴᠠᠯᠢᠭ ᠲᠤ ᠶᠠᠪ ᠴᠠᠪ | ᠲᠣᠬᠢᠷᠠᠭᠰᠠᠨ ᠱᠠᠭ᠎ᠠ ᠨᠠᠭᠠᠳᠤᠮ ᠤᠨ ᠲᠦᠷᠦᠯ ᠵᠦᠢᠯ ᠪᠠᠶᠢᠬᠤ ᠪᠣᠯᠬᠤᠷ ᠬᠡᠦᠬᠡᠳ ᠪᠠᠭᠠᠴᠤᠳ ᠢ ᠬᠥᠮᠥᠵᠢᠭᠦᠯᠦᠨ | ᠶᠣᠰᠣ ᠵᠠᠩ ᠤᠯᠠᠮᠵᠢᠯᠠᠬᠤ ᠠᠮᠢᠳᠤᠯᠢᠭ ᠠᠷᠭ᠎ᠠ ᠬᠡᠷᠡᠭᠯᠡᠭᠦᠷ ᠪᠣᠯᠵᠤ ᠴᠢᠳᠠᠳᠠᠭ᠃ ᠨᠡᠭᠦᠳᠡᠯᠴᠢᠨ ᠮᠠᠯᠴᠢᠨ | ᠲᠦᠮᠡᠨ ᠮᠠᠨᠢ ᠨᠡᠭᠦᠳᠡᠯ ᠮᠠᠯᠵᠢᠯ ᠤᠨ ᠲᠡᠦᠬᠡᠨ ᠶᠠᠪᠤᠴᠠ ᠳᠤ᠂ ᠦᠷ᠎ᠡ ᠬᠡᠦᠬᠡᠳ ᠢᠶᠠᠨ ᠳᠠᠭᠠᠭᠤᠯᠤᠨ ᠡᠳᠦᠷ | ᠲᠤᠳᠤᠮ ᠤᠨ ᠠᠵᠢᠯ ᠠᠮᠢᠳᠤᠷᠠᠯ ᠳᠤ ᠤᠷᠤᠯᠴᠠᠭᠤᠯᠬᠤ ᠶᠢᠨ ᠳᠠᠭᠠᠤ ᠳᠤ ᠰᠤᠯᠠ ᠰᠡᠯᠡᠭᠦᠦ ᠴᠠᠭ ᠢᠶᠠᠷ | ᠬᠡᠦᠬᠡᠳ ᠲᠠᠢ ᠪᠠᠨ ᠬᠠᠮᠲᠤ ᠱᠠᠭ᠎ᠠ ᠨᠠᠭᠠᠳᠳᠠᠭ ᠪᠣᠯᠬᠤᠷ ᠨᠠᠭᠠᠳᠬᠤ ᠶᠠᠪᠤᠴᠠ ᠳᠠᠭᠠᠨ ᠬᠡᠦᠬᠡᠳ ᠲᠡᠭᠡᠨ ᠶᠣᠰᠣ | ᠵᠠᠩᠰᠢᠯ᠂ ᠬᠡᠪ ᠰᠤᠷᠲᠠᠯ᠂ ᠮᠡᠳᠡᠯᠭᠡ ᠤᠬᠠᠭᠠᠨ ᠵᠡᠷᠭᠡ ᠶᠢ ᠤᠯᠠᠮᠵᠢᠯᠠᠨ ᠬᠦᠷᠲᠡᠭᠡᠳᠡᠭ᠃ ︵ᠨᠢᠭᠡ︶ ᠱᠠᠭ᠎ᠠ ᠨᠠᠭᠠᠳᠤᠮ | ᠨᠢ ᠬᠡᠦᠬᠡᠳ ᠪᠠᠭᠠᠴᠤᠳ ᠲᠤ ᠶᠣᠰᠣ ᠰᠤᠷᠲᠠᠯ ᠤᠨ ᠬᠥᠮᠦᠵᠢᠯ ᠬᠦᠷᠲᠡᠭᠡᠳᠡᠭ ᠮᠠᠨᠠᠶᠢᠬᠢᠨ ᠲᠡᠦᠬᠡᠨ ᠠᠴᠠ ᠪᠠᠨ ᠶᠣᠰᠣ | ᠰᠤᠷᠲᠠᠯ ᠢ ᠲᠡᠷᠢᠭᠦᠨ ᠪᠠᠶᠢᠷᠢᠨ ᠳᠤ ᠲᠠᠯᠪᠢᠵᠤ ᠬᠡᠦᠬᠡᠳ ᠢᠶᠠᠨ ᠪᠠᠭ᠎ᠠ ᠠᠴᠠ ᠨᠢ ᠶᠣᠰᠣ ᠨᠣᠮ ᠲᠠᠢ ᠪᠣᠯᠭᠠᠨ | ᠬᠥᠮᠥᠵᠢᠭᠦᠯᠬᠦ ᠶᠢ ᠮᠠᠰᠢ ᠠᠩᠬᠠᠷᠳᠠᠭ᠃ ᠱᠠᠭ᠎ᠠ ᠨᠠᠭᠠᠳᠤᠮ ᠨᠢ ᠬᠡᠦᠬᠡᠳ ᠪᠠᠭᠠᠴᠤᠳ ᠲᠤ ᠶᠣᠰᠣ ᠰᠤᠷᠲᠠᠯ ᠤᠨ | ᠬᠥᠮᠦᠵᠢᠯ ᠬᠦᠷᠲᠡᠭᠡᠬᠦ ᠳᠤ ᠠᠮᠢᠳᠤᠯᠢᠭ ᠵᠠᠭᠪᠤᠷ ᠶᠢᠨ ᠠᠷᠭ᠎ᠠ ᠬᠡᠷᠡᠭᠯᠡᠭᠦᠷ ᠪᠣᠯᠤᠭᠰᠠᠨ ᠪᠠᠶᠢᠳᠠᠭ᠃ ᠠᠶᠢᠯ ᠭᠡᠷ ᠤᠨ | ᠬᠢᠨᠢ ᠠᠵᠢᠯ ᠠᠬᠤᠢ ᠶᠢᠨ ᠴᠢᠯᠦᠭᠡ ᠵᠠᠪᠰᠠᠷ ᠲᠤ ᠬᠡᠦᠬᠡᠳ ᠰᠢᠤᠬᠠᠳ ᠲᠠᠢ ᠪᠠᠨ ᠱᠠᠭ᠎ᠠ ᠨᠠᠭᠠᠳᠴᠤ ᠭᠦᠷ ᠬᠥᠭᠵᠢᠭᠡᠨ | ᠡᠭᠦᠰᠬᠡᠨ ᠪᠡᠶ᠎ᠡ ᠰᠡᠳᠬᠢᠯ ᠤᠨ ᠴᠢᠯᠡᠭᠡ ᠪᠠᠨ ᠲᠠᠶᠢᠯᠬᠤ ᠶᠢᠨ ᠳᠠᠭᠠᠤ ᠳᠤ ᠦᠷ᠎ᠡ ᠬᠡᠦᠬᠡᠳ ᠲᠠᠢ ᠪᠠᠨ ᠵᠣᠭᠤᠭ | ᠳᠡᠯᠭᠡᠳᠡᠭ᠃ ᠡᠨᠡᠬᠦ ᠡᠩ ᠤᠨ ᠦᠢᠯᠡ ᠶᠠᠪᠤᠳᠠᠯ ᠤᠨ ᠳᠤᠮᠳᠠ ᠠᠴᠠ ᠬᠡᠦᠬᠡᠳ ᠪᠠᠭᠠᠴᠤᠳ ᠨᠢ ᠤᠯᠠᠨ ᠲᠠᠯ᠎ᠠ ᠶᠢᠨ | ᠶᠣᠰᠣ ᠰᠤᠷᠲᠠᠯ ᠤᠨ ᠬᠥᠮᠦᠵᠢᠯ ᠢ ᠬᠦᠷᠲᠡᠵᠦ ᠤᠬᠠᠭᠠᠷᠠᠵᠤ ᠰᠡᠬᠡᠷᠡᠨ ᠤᠯᠠᠮ ᠢᠶᠠᠷ ᠲᠤᠮᠤᠭᠤᠵᠢᠳᠠᠭ ᠶᠤᠮ᠃ ᠱᠠᠭ᠎ᠠ | ᠨᠠᠭᠠᠳᠤᠮ ᠨᠢ ᠲᠣᠭᠲᠠᠭᠰᠠᠨ ᠶᠣᠰᠣ ᠳᠦᠷᠢᠮ ᠪᠣᠯᠣᠨ ᠴᠢᠩᠭ᠎ᠠ ᠵᠢᠷᠤᠮ ᠭᠤᠷᠢᠮ ᠲᠠᠢ᠂ ᠡᠮᠬᠢ ᠲᠢᠭᠯᠡᠮ ᠪᠣᠯᠣᠨ | ᠡᠭᠢᠯᠡᠯᠲᠡ ᠲᠡᠭᠦᠰᠬᠡᠯᠲᠡ ᠲᠠᠢ ᠪᠠᠶᠢᠵᠤ᠂ ᠨᠠᠭᠠᠳᠤᠮ ᠤᠨ ᠶᠡᠷᠦᠩᠬᠡᠢ ᠶᠣᠰᠣ ᠳᠦᠷᠢᠮ ᠲᠠᠢ ᠪᠠᠶᠢᠳᠠᠭ ᠢᠶᠠᠷ ᠦᠯᠦ ᠪᠠᠷᠠᠮ᠂ | ᠪᠠᠰᠠ ᠨᠠᠭᠠᠳᠤᠮ ᠤᠨ ᠲᠦᠷᠦᠯ ᠨᠢᠭᠡᠪᠦᠷᠢ ᠳᠤ ᠴᠦ ᠲᠣᠭᠲᠠᠭᠰᠠᠨ ᠨᠠᠷᠢᠨ ᠳᠦᠷᠢᠮ ᠭᠤᠷᠢᠮ ᠲᠠᠢ ᠪᠠᠶᠢᠳᠠᠭ᠃ ᠡᠶᠢᠮᠦ | ᠪᠣᠯᠬᠤᠷ ᠱᠠᠭ᠎ᠠ ᠨᠠᠭᠠᠳᠤᠮ ᠤᠨ ᠶᠠᠪᠤᠴᠠ ᠳᠤ ᠨᠠᠰᠤᠲᠠᠨ ᠪᠤᠭᠤᠷᠤᠯ᠂ ᠢᠳᠡᠷ ᠵᠠᠯᠠᠭᠤ ᠪᠣᠯᠣᠨ ᠬᠡᠦᠬᠡᠳ ᠪᠠᠭᠠᠴᠤᠳ | ᠪᠦᠭᠦᠨ ᠢᠶᠠᠷ ᠢᠶᠠᠨ ᠴᠥᠮ ᠶᠣᠰᠣ ᠳᠦᠷᠢᠮ ᠪᠣᠯᠣᠨ ᠲᠣᠭᠲᠠᠭᠠᠯ ᠵᠢᠷᠤᠮ ᠢ ᠴᠢᠩᠭ᠎ᠠ ᠵᠢᠷᠤᠮᠯᠠᠵᠤ ᠬᠡᠨ ᠴᠦ ᠭᠡᠳ | ᠵᠥᠷᠢᠴᠡᠵᠦ ᠪᠤᠯᠳᠠᠭ ᠦᠭᠡᠢ᠃ ᠨᠠᠭᠠᠳᠤᠮ ᠤᠨ ᠪᠦᠭᠦ᠋ᠢᠯᠡ ᠶᠠᠪᠤᠴᠠ ᠳᠤ ᠬᠥᠮᠥᠨ ᠪᠦᠭᠦᠨ ᠡᠷᠬᠡ ᠲᠡᠭᠰᠢ ᠪᠠᠶᠢᠵᠤ | ᠬᠠᠷᠢᠯᠴᠠᠨ ᠬᠢᠨᠠᠯᠲᠠ ᠲᠠᠯᠪᠢᠵᠤ ᠲᠥᠪ ᠭᠤᠤᠯᠴᠢ ᠶᠢ ᠡᠷᠭᠢᠮᠯᠡᠲᠡᠭ᠃ ᠡᠷᠬᠡ ᠲᠡᠭᠰᠢ ᠪᠣᠯᠣᠨ ᠲᠥᠪ ᠭᠤᠤᠯᠴᠢ ᠶᠢ | ᠡᠷᠭᠢᠮᠯᠡᠭᠦ ᠪᠣᠯ ᠱᠠᠭ᠎ᠠ ᠨᠠᠭᠠᠳᠤᠮ ᠤᠨ ᠬᠠᠮᠤᠭ ᠦᠨᠳᠦᠰᠦᠨ ᠵᠠᠷᠴᠢᠮ ᠮᠥᠨ᠃ ᠱᠠᠭ᠎ᠠ ᠨᠠᠭᠠᠳᠤᠮ ᠳᠤ ᠤᠷᠤᠯᠴᠠᠭᠰᠠᠨ | ᠪᠦᠭᠦᠨ ᠡᠷᠬᠡᠪᠰᠢ ᠡᠨᠡᠬᠦ ᠵᠠᠷᠴᠢᠮ ᠢ ᠴᠢᠩᠭ᠎ᠠ ᠪᠠᠷᠢᠮᠲᠠᠯᠠᠨ ᠶᠣᠰᠣ ᠭᠤᠷᠢᠮ ᠢ ᠵᠢᠷᠤᠮᠯᠠᠨ ᠰᠠᠬᠢᠬᠤ ᠬᠡᠷᠡᠭᠲᠡᠢ᠃ ᠱᠠᠭ᠎ᠠ | ᠨᠠᠭᠠᠳᠤᠮ ᠨᠢ ᠡᠪ ᠨᠠᠶᠢᠷ ᠲᠠᠢ᠂ ᠭᠦᠷ ᠬᠥᠭᠵᠢᠶᠡᠨ ᠲᠠᠢ᠂ ᠶᠣᠰᠣᠷᠬᠠᠭ ᠪᠣᠯᠪᠠᠰᠤᠨ ᠤ ᠳᠤᠮᠳᠠ ᠶᠠᠪᠤᠭᠳᠠᠳᠠᠭ ᠲᠤᠯᠠ | ᠶᠣᠰᠣ ᠪᠤᠰᠤ ᠪᠠᠷ ᠠᠭᠠᠰᠢᠯᠠᠬᠤ᠂ ᠬᠡᠷᠡᠭᠦᠯ ᠮᠠᠷᠭᠤᠭᠠᠨ ᠡᠭᠦᠰᠬᠡᠬᠦ᠂ ᠠᠭᠤᠷᠯᠠᠵᠤ ᠤᠴᠠᠭᠠᠷᠯᠠᠬᠤ᠂ ᠬᠠᠭᠤᠷᠴᠤ ᠮᠡᠬᠡᠯᠡᠬᠦ | ᠵᠡᠷᠭᠡ ᠡᠯᠳᠡᠪ ᠡᠰᠡ ᠶᠢᠨ ᠵᠠᠩ ᠭᠠᠷᠭᠠᠬᠤ ᠶᠢ ᠤᠭᠳᠤ ᠵᠥᠪᠰᠢᠶᠡᠷᠡᠳᠡᠭ ᠦᠭᠡᠢ᠃ ᠶᠡᠷᠦᠳᠡᠭᠡᠨ ᠱᠠᠭ᠎ᠠ | ᠨᠠᠭᠠᠳᠬᠤ ᠳᠤ᠂ ᠬᠠᠮᠤᠭ ᠲᠡᠷᠢᠭᠦᠨ ᠳᠤ᠂ ᠨᠠᠰᠤ ᠵᠢᠯ ᠢᠶᠠᠷ ᠥᠨᠳᠥᠷ ᠠᠬᠠᠮᠠᠳ ᠲᠤᠮᠤᠭᠤᠳᠠᠨ ᠠᠴᠠ ᠨᠠᠭᠠᠳᠤᠮ ᠤᠨ | ᠶᠣᠰᠣ ᠳᠦᠷᠢᠮ ᠢ ᠶᠠᠷᠢᠵᠤ ᠲᠣᠳᠣᠷᠬᠠᠶᠢᠯᠠᠵᠤ ᠡᠭᠢᠯᠡᠯᠲᠡ ᠳᠠᠷᠠᠭᠠᠮᠵᠢ ᠶᠢ ᠲᠣᠭᠲᠠᠭᠠᠨ᠂ ᠳᠠᠷᠠᠭ᠎ᠠ ᠪᠠᠷ ᠨᠢ ᠰᠠᠶ᠋ᠢ | ᠨᠠᠭᠠᠳᠤᠮ ᠡᠬᠢᠯᠡᠳᠡᠭ᠃ ᠡᠶᠢᠮᠦ ᠠᠴᠠ᠂ ᠱᠠᠭ᠎ᠠ ᠨᠠᠭᠠᠳᠤᠮ ᠳᠤ ᠬᠡᠨ ᠶᠠᠮᠠᠷ ᠬᠥᠮᠥᠨ ᠤᠷᠤᠯᠴᠠᠭᠰᠠᠨ ᠴᠦ ᠬᠠᠮᠢᠶ᠎ᠠ | ᠦᠭᠡᠢ ᠪᠦᠭᠦᠳᠡᠭᠡᠷ ᠢᠶᠠᠨ ᠡᠷᠬᠡ ᠲᠡᠭᠰᠢ ᠲᠥᠪ ᠭᠤᠤᠯᠴᠢ ᠵᠠᠷᠴᠢᠮ ᠤᠨ ᠬᠦᠷᠢᠶ᠎ᠡ ᠬᠢᠵᠠᠭᠠᠷ ᠳᠣᠲᠣᠷ᠎ᠠ ᠥᠪᠡᠷ | ᠥᠪᠡᠷ ᠤᠨ ᠤᠬᠠᠭᠠᠨ ᠰᠠᠨᠠᠭᠠᠨ ᠳᠠᠭᠠᠨ ᠲᠦᠰᠢᠭᠯᠡᠨ ᠤᠷ᠎ᠠ ᠮᠡᠷᠭᠡᠵᠢᠯ ᠢᠶᠠᠨ ᠭᠠᠷᠭᠠᠨ ᠬᠢᠷᠢ ᠪᠦᠲᠦᠮᠵᠢ ᠪᠠᠨ ᠣᠯᠳᠠᠭ᠃ | ᠡᠨᠡ ᠳᠤᠮᠳᠠ ᠠᠬᠤᠢ ᠠᠮᠢᠳᠤᠷᠠᠯ ᠳᠠᠬᠢ ᠠᠶᠢᠯ ᠡᠷᠦᠭᠡ ᠶᠢᠨ ᠪᠠᠶᠢᠷᠢ ᠰᠠᠭᠤᠷᠢ᠂ ᠡᠷᠬᠡ ᠲᠤᠰᠢᠶᠠᠯ᠂ ᠪᠠᠶᠠᠨ ᠶᠠᠳᠠᠭᠤ | ᠪᠣᠯᠣᠨ ᠬᠤᠪᠢ ᠬᠥᠮᠥᠨ ᠤ ᠵᠠᠩ ᠳᠠᠳᠬᠠᠯ ᠲᠡᠷᠡ ᠪᠦᠭᠦᠨ ᠢᠶᠠᠷ ᠢᠶᠠᠨ ᠬᠦᠴᠦᠨ ᠦᠭᠡᠢ ᠪᠤᠯᠳᠠᠭ᠃ ᠱᠠᠭ᠎ᠠ | ᠨᠠᠭᠠᠳᠤᠮ ᠤᠨ ᠬᠠᠲᠠᠭᠤ ᠴᠢᠩᠭ᠎ᠠ ᠵᠠᠷᠴᠢᠮ ᠬᠢᠭᠡᠳ ᠶᠣᠰᠣ ᠳᠦᠷᠢᠮ ᠨᠢ ᠬᠡᠦᠬᠡᠳ ᠪᠠᠭᠠᠴᠤᠳ ᠲᠤ ᠨᠡᠶᠢᠭᠡᠮ ᠢ | ᠣᠶᠢᠯᠠᠭᠠᠭᠤᠯᠬᠤ᠂ ᠬᠥᠮᠥᠨ ᠬᠥᠮᠥᠨ ᠤ ᠬᠤᠭᠤᠷᠤᠨᠳᠤᠭᠢ ᠬᠠᠷᠢᠴᠠᠭ᠎ᠠ ᠶᠢ ᠮᠡᠳᠡᠭᠦᠯᠬᠦ᠂ ᠨᠡᠶᠢᠲᠡ ᠶᠢᠨ ᠳᠦᠷᠢᠮ | ᠤᠯᠠᠨ ᠤ ᠲᠣᠭᠲᠠᠭᠠᠯ ᠢ ᠵᠢᠷᠤᠮᠯᠠᠬᠤ᠂ ᠪᠤᠰᠤᠳ ᠢ ᠬᠦᠨᠳᠦᠳᠬᠡᠬᠦ᠂ ᠪᠡᠶ᠎ᠡ ᠪᠠᠨ ᠳᠠᠭᠠᠭᠠᠬᠤ ᠴᠢᠳᠠᠪᠤᠷᠢ ᠶᠢ ᠪᠤᠢ ᠪᠤᠯᠭᠠᠬᠤ᠂ | ᠨᠥᠬᠦᠷᠯᠡᠯ ᠪᠣᠯᠣᠨ ᠥᠷᠢᠰᠦᠯᠳᠦᠬᠦ ᠵᠣᠷᠢᠭ ᠰᠠᠨᠠᠭ᠎ᠠ ᠶᠢ ᠪᠠᠳᠠᠷᠠᠭᠤᠯᠬᠤ ᠵᠡᠷᠭᠡ ᠮᠠᠰᠢ ᠤᠯᠠᠨ ᠲᠠᠯ᠎ᠠ ᠪᠠᠷ ᠶᠣᠰᠣ | ᠰᠤᠷᠲᠠᠯ ᠤᠨ ᠬᠥᠮᠦᠵᠢᠯ ᠬᠦᠷᠲᠡᠭᠡᠳᠡᠭ᠃ ᠱᠠᠭ᠎ᠠ ᠨᠠᠭᠠᠳᠤᠮ ᠤᠨ ᠠᠯᠢ ᠨᠢᠭᠡᠨ ᠲᠦᠷᠦᠯ ᠨᠢ ᠴᠦ ᠭᠡᠳ ᠴᠥᠮ ᠨᠠᠷᠠ | ᠵᠥᠪ ᠡᠷᠭᠢᠬᠦ ᠲᠦᠭᠡᠮᠡᠯ ᠵᠠᠷᠴᠢᠮ ᠶᠣᠰᠣ ᠲᠠᠢ ᠪᠠᠶᠢᠳᠠᠭ᠃ ᠭᠡᠬᠦ ᠳᠤ ︽ᠨᠠᠷᠠ ᠵᠥᠪ᠂ ᠨᠠᠭᠠᠳᠤᠮ ᠪᠤᠷᠤᠭᠤ︾ ᠭᠡᠲᠡᠭ ᠢᠶᠠᠷ | ᠱᠠᠭ᠎ᠠ ᠨᠠᠭᠠᠳᠬᠤ ᠳᠤ ᠭᠦᠷᠪᠠᠯ ᠬᠠᠷᠢᠨ ᠵᠠᠷᠴᠢᠮ ᠤᠨ ᠴᠢᠨᠠᠷ ᠲᠠᠢ ᠠᠯᠳᠠᠭ᠎ᠠ ᠪᠤᠷᠤᠭᠤ ᠭᠠᠷᠭᠠᠬᠤ ᠳᠤ ᠭᠦᠷᠦᠨ᠎ᠡ᠃ | ᠱᠠᠭ᠎ᠠ ᠨᠠᠭᠠᠳᠤᠮ ᠤᠨ ᠨᠠᠷᠠ ᠵᠥᠪ ᠡᠷᠭᠢᠯᠲᠡ ᠶᠢᠨ ᠵᠠᠷᠴᠢᠮ ᠠᠴᠠ ᠦᠵᠡᠬᠦ ᠳᠤ᠂ ᠲᠡᠷᠡ ᠨᠢ ᠵᠦᠪᠭᠡᠨ ᠨᠠᠭᠠᠳᠤᠮ ᠪᠢᠰᠢ | ᠬᠠᠷᠢᠨ ᠵᠥᠪ ᠡᠨᠧᠷᠭᠢ ᠬᠠᠩᠭᠠᠳᠠᠭ ᠬᠥᠮᠦᠵᠢᠯ ᠰᠤᠷᠭᠠᠯ ᠪᠤᠯᠬᠤ ᠨᠢ ᠮᠠᠰᠢ ᠲᠣᠳᠣᠷᠬᠠᠢ ᠪᠠᠶᠢᠭ᠎ᠠ᠃ ᠱᠠᠭ᠎ᠠ | ᠨᠠᠭᠠᠳᠬᠤ ᠳᠤ ᠣᠯᠠᠩᠬᠢ ᠳᠠᠭᠠᠨ ᠨᠠᠰᠤ ᠪᠠᠭ᠎ᠠ ᠬᠥᠮᠥᠨ ᠠᠴᠠ ᠡᠬᠢᠯᠡᠬᠦ᠂ ᠣᠨ ᠵᠢᠯ ᠲᠠᠢ ᠢᠪᠡᠭᠡᠯ ᠬᠥᠮᠥᠨ ᠠᠴᠠ | ᠡᠬᠢᠯᠡᠬᠦ ᠵᠤᠷᠰᠢᠯ ᠲᠠᠢ᠃ ᠨᠠᠰᠤ ᠪᠠᠭ᠎ᠠ ᠬᠥᠮᠥᠨ ᠠᠴᠠ ᠡᠬᠢᠯᠡᠳᠡᠭ ᠨᠢ ᠬᠡᠦᠬᠡᠳ ᠪᠠᠭᠠᠴᠤᠳ ᠢᠶᠠᠨ ᠬᠠᠶᠢᠷᠠᠯᠠᠬᠤ᠂ | ᠤᠷᠮᠠᠰᠢᠭᠤᠯᠤᠨ ᠵᠣᠷᠢᠭᠵᠢᠭᠤᠯᠬᠤ ᠤᠳᠬ᠎ᠠ ᠰᠠᠨᠠᠭ᠎ᠠ ᠲᠠᠢ ᠪᠠᠶᠢᠵᠤ᠂ ᠣᠨ ᠵᠢᠯ ᠲᠠᠢ ᠢᠪᠡᠭᠡᠯ ᠬᠥᠮᠥᠨ ᠠᠴᠠ | ᠡᠬᠢᠯᠡᠳᠡᠭ ᠨᠢ ᠵᠥᠩᠨᠡᠯ ᠪᠡᠯᠭᠡᠳᠡᠯ ᠤᠨ ᠤᠳᠬ᠎ᠠ ᠰᠠᠨᠠᠭ᠎ᠠ ᠶᠢ ᠬᠠᠷᠠᠭᠤᠯᠵᠤ ᠪᠠᠶᠢᠳᠠᠭ᠃ ᠵᠠᠷᠢᠮ ᠦᠶ᠎ᠡ ᠳᠤ ᠥᠨᠳᠥᠷ | ᠨᠠᠰᠤᠲᠠᠢ ︵70 ᠨᠠᠰᠤᠨ ᠠᠴᠠ ᠳᠡᠭᠡᠭᠰᠢ︶ ᠪᠤᠭᠤᠷᠤᠯᠴᠤᠳ ᠪᠤᠶᠤ ᠬᠦᠨᠳᠦᠲᠦ ᠵᠣᠴᠢᠨ ᠢᠶᠠᠷ ᠢᠶᠠᠨ ᠡᠬᠢᠯᠡᠭᠦᠯᠳᠡᠭ | ᠵᠠᠩᠰᠢᠯ ᠪᠠᠶᠢᠳᠠᠭ᠃ ᠡᠨᠡ ᠨᠢ ᠥᠭᠡᠷ᠎ᠡ ᠪᠤᠰᠤᠳ ᠢ ᠭᠦᠨᠳᠤᠳᠭᠡᠵᠦ ᠪᠠᠶᠢᠭ᠎ᠠ ᠪᠣᠯᠬᠤᠷ ᠬᠠᠷᠢᠯᠴᠠᠨ ᠨᠢᠭᠡ ᠨᠢᠭᠡ ᠪᠠᠨ | ᠤᠷᠢᠵᠤ ᠶᠠᠩᠨᠠᠷᠠᠯᠴᠠᠵᠤ ᠶᠡᠭᠡ ᠯᠡ ᠰᠦᠢᠳ ᠪᠤᠯᠳᠠᠭ ᠪᠢᠯᠡ᠃ ︵ᠬᠤᠶᠠᠷ︶ ᠱᠠᠭ᠎ᠠ ᠨᠠᠭᠠᠳᠤᠮ ᠨᠢ ᠬᠡᠦᠬᠡᠳ | ᠪᠠᠭᠠᠴᠤᠳ ᠲᠤ ᠤᠶᠤᠨ ᠮᠡᠳᠡᠯᠭᠡ ᠶᠢᠨ ᠬᠥᠮᠦᠵᠢᠯ ᠬᠦᠷᠲᠡᠭᠡᠳᠡᠭ ᠱᠠᠭ᠎ᠠ ᠨᠠᠭᠠᠳᠤᠮ ᠨᠢ ᠬᠡᠦᠬᠡᠳ | ᠪᠠᠭᠠᠴᠤᠳ ᠤᠨ ᠤᠢ ᠪᠢᠯᠢᠭ ᠢ ᠨᠡᠭᠡᠭᠡᠭᠳᠡᠭᠦᠯᠬᠦ᠂ ᠰᠡᠷᠡᠯ ᠤᠬᠠᠭᠠᠨ ᠢ ᠬᠥᠭᠵᠢᠭᠦᠯᠬᠦ᠂ ᠰᠡᠳᠬᠢᠬᠦ ᠴᠢᠳᠠᠪᠤᠷᠢ ᠶᠢ | ᠲᠡᠭᠡᠭᠰᠢᠯᠡᠭᠦᠯᠭᠦ᠂ ᠤᠶᠤᠨ ᠮᠡᠳᠡᠯᠭᠡ ᠶᠢ ᠨᠡᠮᠡᠭᠳᠡᠭᠦᠯᠬᠦ ᠵᠡᠷᠭᠡ ᠲᠠᠯ᠎ᠠ ᠪᠠᠷ ᠤᠷᠠᠨ ᠠᠷᠭ᠎ᠠ ᠠᠪᠴᠠᠯ ᠢᠶᠠᠷ ᠬᠥᠲᠥᠯᠵᠦ | ᠪᠠᠶᠢᠳᠠᠭ᠃ ᠲᠦᠷᠪᠡᠨ ᠪᠡᠷᠬᠡ ᠤᠷᠭᠢᠬᠤ᠂ ᠮᠣᠷᠢ ᠤᠷᠤᠯᠳᠤᠬᠤ᠂ ᠲᠡᠮᠡᠭᠡ ᠤᠷᠤᠯᠳᠤᠬᠤ᠂ ᠲᠠᠪᠤᠨ ᠬᠤᠰᠢᠭᠤ ᠮᠠᠯ ᠦᠷᠦᠭᠦ᠂ | ᠠᠯᠳᠠᠨ ᠮᠡᠯᠡᠬᠡᠢ ᠦᠷᠦᠭᠦ ᠵᠡᠷᠭᠡ ᠠᠯᠢ ᠤᠯᠠᠨ ᠱᠠᠭ᠎ᠠ ᠨᠠᠭᠠᠳᠤᠮ ᠤᠨ ᠲᠦᠷᠦᠯ ᠨᠢ ᠴᠥᠮ ᠬᠡᠦᠬᠡᠳ ᠪᠠᠭᠠᠴᠤᠳ ᠤᠨ | ᠤᠶᠤᠨ ᠲᠠᠷᠢᠬᠢ ᠶᠢ ᠨᠡᠭᠡᠭᠡᠨ ᠬᠥᠭᠵᠢᠭᠦᠯᠵᠦ᠂ ᠰᠡᠩᠭᠡᠭᠦᠷᠡᠯ ᠤᠨ ᠬᠦᠴᠦᠨ ᠣᠯᠭᠤᠵᠤ᠂ ᠪᠢᠯᠢᠭ ᠤᠬᠠᠭᠠᠨ ᠢ | ᠬᠤᠷᠴᠠᠳᠬᠠᠵᠤ᠂ ᠤᠷ᠎ᠠ ᠴᠢᠳᠠᠪᠤᠷᠢ ᠶᠢ ᠨᠢ ᠰᠣᠷᠢᠳᠠᠭ ᠪᠣᠯᠬᠤᠷ ᠠᠯᠢ ᠡᠷᠲᠡ ᠠᠴᠠ ᠪᠠᠨ ᠮᠣᠩᠭᠤᠯᠴᠤᠳ ᠤᠨ | ᠤᠯᠠᠮᠵᠢᠯᠠᠯᠲᠤ ᠭᠡᠷ ᠤᠨ ᠬᠥᠮᠦᠵᠢᠯ ᠳᠠᠬᠢ ᠦᠷ᠎ᠡ ᠬᠡᠦᠬᠡᠳ ᠲᠤ ᠤᠶᠤᠨ ᠮᠡᠳᠡᠯᠭᠡ ᠤᠯᠠᠮᠵᠢᠯᠠᠬᠤ ᠴᠢᠬᠤᠯᠠ ᠠᠷᠭ᠎ᠠ | ᠳᠠᠮ ᠪᠣᠯᠤᠭᠰᠠᠨ ᠪᠠᠶᠢᠳᠠᠭ᠃ ᠱᠠᠭ᠎ᠠ ᠨᠠᠭᠠᠳᠤᠮ ᠡᠬᠢᠯᠡᠬᠦ ᠳᠤ ᠠᠬᠠᠮᠠᠳ ᠲᠤᠮᠤᠭᠤᠳᠠᠨ ᠠᠴᠠ᠄ ᠵᠧ︕ ᠤᠸ᠋ᠮ | ᠰᠠᠶᠢᠨ ᠠᠮᠤᠭᠤᠯᠠᠩ ᠪᠣᠯᠲᠤᠭᠠᠢ ᠡᠩᠬᠡ ᠰᠠᠶᠢᠬᠠᠨ ᠵᠢᠷᠭᠠᠯᠠᠩ ᠪᠣᠯᠲᠤᠭᠠᠢ ᠮᠠᠨᠤ ᠱᠢᠷᠦ ᠬᠤᠪᠣᠷ ᠡᠷᠳᠡᠨᠢ ᠮᠠᠯ | ᠰᠦᠷᠦᠭ ᠮᠢᠬᠠᠨ ᠡᠷᠳᠡᠨᠢ ᠮᠢᠬᠠᠨ ᠤ ᠳᠣᠲᠣᠷ᠎ᠠ ᠶᠠᠰᠤᠨ ᠡᠷᠳᠡᠨᠢ ᠶᠠᠰᠤᠨ ᠳᠣᠲᠣᠷ᠎ᠠ ᠱᠠᠭ᠎ᠠ ᠡᠷᠳᠡᠨᠢ ᠁ | ᠬᠡᠮᠡᠨ ᠢᠷᠦᠭᠡᠯ ᠬᠠᠶᠢᠷᠠᠯᠠᠳᠠᠭ ᠳᠠᠳᠬᠠᠯ ᠲᠠᠢ᠃ ᠱᠠᠭ᠎ᠠ ᠶᠢᠨ ᠢᠷᠦᠭᠡᠯ ᠮᠠᠭᠲᠠᠭᠠᠯ ᠨᠢ ᠮᠠᠯᠴᠢᠨ ᠤᠭᠰᠠᠭᠠᠲᠠᠨ ᠤ | ᠰᠠᠶᠢᠨ ᠰᠠᠶᠢᠬᠠᠨ ᠤ ᠬᠦᠰᠡᠯ ᠵᠥᠩᠨᠡᠯ᠂ ᠠᠵᠠ ᠵᠢᠷᠭᠠᠯ ᠤᠨ ᠪᠡᠯᠭᠡᠳᠡᠯ᠂ ᠠᠵᠢᠯ ᠦᠢᠯᠡᠰ ᠤᠨ ᠪᠦᠲᠦᠮᠵᠢ᠂ ᠦᠨᠡᠨᠴᠢ | ᠴᠠᠭᠠᠪᠤᠷᠢ ᠰᠡᠳᠬᠢᠯᠭᠡ ᠵᠡᠷᠭᠡ ᠶᠢ ᠢᠯᠡᠳᠬᠡᠨ ᠬᠠᠷᠠᠭᠤᠯᠵᠤ ᠪᠠᠶᠢᠳᠠᠭ᠃ ᠡᠨᠡ ᠨᠢ ᠱᠠᠭ᠎ᠠ ᠨᠠᠭᠠᠳᠤᠮᠴᠢᠳ ᠲᠤ ᠪᠠᠶᠠᠷ | ᠪᠠᠭ᠋ᠠᠳᠤᠯ᠂ ᠭᠦᠷ ᠨᠠᠷᠭᠢᠶᠠᠨ᠂ ᠢᠲᠡᠭᠡᠯ ᠪᠢᠰᠢᠷᠡᠯ ᠤᠨ ᠠᠤᠭ᠎ᠠ ᠬᠦᠴᠦᠨ ᠢ ᠠᠪᠴᠢᠷᠠᠳᠠᠭ ᠪᠠᠶᠢᠨ᠎ᠠ᠃ ᠵᠡᠭᠦᠨᠭᠠᠷ | ᠪᠤᠶᠠᠨᠪᠠᠲᠤ ᠶᠢᠨ ᠵᠣᠬᠢᠶᠠᠭᠰᠠᠨ ︽ᠠᠯᠠᠭ ᠱᠠᠭᠠᠢ ᠶᠢᠨ ᠮᠠᠭᠲᠠᠭᠠᠯ︾ ᠳᠤ᠄ ︽ᠲᠦᠷᠪᠡᠡ ᠮᠡᠷᠭᠡᠨ ᠱᠠᠭᠠᠢ ᠳᠠᠭᠠᠨ | ᠳᠡᠯᠡᠬᠡᠢ ᠶᠢᠨ ᠵᠠᠶᠠᠭ᠎ᠠ ᠶᠢ ᠰᠢᠪᠰᠢᠭᠰᠡᠨ ᠳᠡᠩᠳᠡᠭᠦᠦ ᠬᠥᠭᠡᠷᠦᠬᠦᠨ ᠨᠠᠭᠠᠲᠤᠭᠠᠢ ᠳᠠᠭᠠᠨ ᠳᠡᠭᠡᠳᠦᠰ ᠤᠨ ᠰᠤᠷᠭᠠᠯ ᠢ | ᠪᠠᠭᠲᠠᠭᠠᠭᠰᠠᠨ ᠁ ᠱᠠᠭᠠᠢ ᠪᠤᠲᠡᠷᠠᠭᠠᠵᠤ ᠪᠤᠯᠬᠤ ᠦᠭᠡᠢ ᠰᠢᠦ ᠮᠠᠯ ᠤᠨ ᠵᠠᠶᠠᠭ᠎ᠠ ᠵᠠᠶᠢᠯᠠᠳᠠᠭ ᠶᠤᠮ ᠱᠠᠭᠠᠢ | ᠭᠡᠭᠡᠵᠦ ᠪᠤᠯᠬᠤ ᠦᠭᠡᠢ ᠰᠢᠦ ᠡᠵᠡᠨ ᠢᠶᠠᠨ ᠦᠭᠡᠶᠢᠯᠡᠵᠦ ᠭᠤᠮᠣᠳᠠᠳᠠᠭ ᠶᠤᠮ ᠁ ᠬᠦᠨᠳᠦᠲᠦ ᠮᠣᠩᠭᠤᠯ ᠤᠨ | ᠲᠣᠭᠯᠠᠭᠠᠮ ᠢᠶᠠᠨ ᠬᠥᠮᠥᠨ ᠪᠦᠬᠦᠨ ᠳᠡᠭᠡᠳᠦᠯᠡᠶ᠎ᠡ ᠬᠦᠴᠦᠷᠬᠡᠭ ᠳᠡᠭᠡᠳᠦᠰ ᠤᠨ ᠰᠣᠶᠣᠯ ᠢᠶᠠᠨ ᠬᠥᠭᠵᠢᠯ ᠤᠨ | ᠮᠠᠩᠯᠠᠢ ᠳᠤ ᠠᠯᠳᠠᠷᠰᠢᠭᠤᠯᠤᠶ᠎ᠠ ᠁︾ - ᠬᠡᠮᠡᠨ ᠱᠠᠭ᠎ᠠ ᠨᠠᠭᠠᠳᠤᠮ ᠤᠨ ᠪᠡᠯᠭᠡ ᠳᠡᠮᠪᠡᠷᠢᠯ ᠪᠣᠯᠣᠨ ᠴᠡᠭᠡᠷ ᠬᠤᠷᠢᠭ᠎ᠠ | ᠵᠡᠷᠭᠡ ᠲᠠᠯ᠎ᠠ ᠶᠢᠨ ᠶᠣᠰᠣ ᠵᠠᠩᠰᠢᠯ ᠢ ᠤᠷᠠᠨ ᠢᠶᠠᠷ ᠢᠯᠡᠳᠬᠡᠭᠰᠡᠨ ᠪᠠᠶᠢᠳᠠᠭ᠃ ᠮᠣᠷᠢ ᠤᠷᠤᠯᠳᠤᠬᠤ ᠱᠠᠭ᠎ᠠ ᠨᠠᠭᠠᠳᠤᠮ | ᠨᠢ ᠮᠠᠯᠵᠢᠯ ᠠᠮᠢᠳᠤᠷᠠᠯ ᠤᠨ ᠬᠠᠮᠤᠭ ᠤᠨ ᠲᠦᠭᠡᠮᠡᠯ ᠦᠵᠡᠭᠳᠡᠯ ᠢ ᠲᠤᠰᠬᠠᠳᠠᠭ ᠮᠥᠷᠲᠡᠭᠡᠨ ᠣᠶᠢᠯᠠᠭᠠᠬᠤ ᠳᠤ ᠲᠦᠭᠦᠮ | ᠠᠪᠰᠠᠷᠬᠠᠨ ᠪᠠᠶᠢᠳᠠᠭ ᠲᠤᠯᠠ ᠨᠠᠰᠤᠲᠠᠨ ᠪᠤᠭᠤᠷᠤᠯ ᠪᠣᠯᠣᠨ ᠨᠠᠰᠤ ᠪᠠᠭ᠎ᠠ ᠬᠡᠦᠬᠡᠳ ᠤᠨ ᠠᠯᠢ ᠨᠢ ᠴᠦ ᠨᠠᠭᠠᠳᠴᠤ | ᠴᠢᠳᠠᠳᠠᠭ᠃ ᠲᠤᠰ ᠨᠠᠭᠠᠳᠤᠮ ᠢ ᠨᠠᠭᠠᠳᠬᠤ ᠪᠠᠷ ᠳᠠᠮᠵᠢᠨ ᠬᠡᠦᠬᠡᠳ ᠪᠠᠭᠠᠴᠤᠳ ᠲᠤᠩ ᠤᠯᠠᠨ ᠮᠡᠳᠡᠯᠭᠡ ᠡᠵᠡᠮᠰᠢᠳᠡᠭ᠃ | ᠳᠠᠷᠤᠢ 7 ᠪᠤᠶᠤ 7 ᠶᠢᠨ ᠳᠠᠭᠢᠨ ᠲᠤᠭ᠎ᠠ ᠪᠠᠷ ᠱᠠᠭ᠎ᠠ ᠶᠢ ᠮᠣᠷᠢᠨ ᠲᠠᠯ᠎ᠠ ᠪᠠᠷ ᠨᠢ ᠨᠢᠭᠡ ᠱᠤᠭᠤᠮ ᠳᠡᠭᠡᠷ᠎ᠡ | ᠴᠤᠪᠤᠷᠢᠭᠤᠯᠤᠨ ᠤᠷᠤᠯᠳᠤᠭᠠᠨ ᠤ ᠵᠠᠮ ᠱᠤᠭᠤᠮ ᠪᠤᠯᠭᠠᠬᠤ᠂ ᠭᠡᠬᠦ ᠳᠡᠭᠡᠨ ᠬᠠᠮᠤᠭ ᠠᠷᠪᠢᠨ ᠳᠠᠭᠠᠨ 21 ᠱᠠᠭ᠎ᠠ ᠠᠴᠠ | ᠳᠠᠪᠠᠭᠤᠯᠳᠠᠭ ᠶᠣᠰᠣ ᠦᠭᠡᠢ᠃ ᠤᠷᠤᠯᠳᠤᠭᠠᠨ ᠤ ᠵᠠᠮ ᠱᠤᠭᠤᠮ ᠠᠴᠠ ᠰᠥᠭᠦᠮ ᠵᠠᠢ ᠳᠤ ᠡᠭᠢᠯᠡᠯᠲᠡ ᠶᠢᠨ ᠴᠡᠭ ᠢ | ᠲᠣᠭᠲᠠᠭᠠᠨ ᠤᠷᠤᠯᠳᠤᠭᠠᠨ ᠤ ᠮᠣᠷᠢᠳ ︵ᠬᠥᠮᠥᠨ ᠪᠦᠷᠢ ᠶᠢᠨ ᠨᠢᠭᠡ ᠱᠠᠭ᠎ᠠ︶ ᠢ ᠨᠢᠭᠡ ᠱᠤᠭᠤᠮ ᠳᠡᠭᠡᠷ᠎ᠡ | ᠬᠥᠨᠳᠡᠯᠡᠨ ᠪᠠᠷ ᠠᠷᠤᠭᠰᠢ ᠨᠢ ᠬᠠᠨᠳᠤᠭᠤᠯᠤᠨ ᠵᠢᠭᠰᠠᠭᠠᠵᠤ᠂ ᠮᠥᠨ ᠤᠷᠤᠯᠳᠤᠭᠠᠨ ᠤ ᠵᠠᠮ ᠱᠤᠭᠤᠮ ᠠᠴᠠ ᠰᠥᠭᠦᠮ | ᠵᠠᠢ ᠳᠤ ᠨᠢᠭᠡ ᠣᠪᠣᠭ᠎ᠠ ᠪᠣᠰᠬᠠᠨ ᠪᠠᠷᠢᠭᠠᠨ ᠤ ᠭᠠᠵᠠᠷ ︵ᠲᠡᠭᠦᠰᠬᠡᠯ ᠤᠨ ᠴᠡᠭ︶ ᠪᠤᠯᠭᠠᠬᠤ᠂ ᠣᠷᠭᠢᠯᠲᠠ ᠶᠢᠨ 4 | ᠱᠠᠭ᠎ᠠ ᠶᠢ ᠤᠷᠭᠢᠭᠠᠳ ᠠᠩᠬᠠᠨ ᠤ ᠮᠣᠷᠢ ᠪᠠᠭᠤᠬᠤ ᠳᠤ ᠤᠷᠤᠯᠳᠤᠭᠠᠨ ᠤ ᠮᠣᠷᠢ ᠡᠷᠭᠢᠬᠦ᠂ ᠳᠠᠷᠠᠭᠠᠴᠢ ᠶᠢᠨ | ᠣᠷᠭᠢᠯᠲᠠ ᠳᠤ ᠪᠠᠭᠤᠭᠰᠠᠨ ᠮᠣᠷᠢᠨ ᠤ ᠲᠤᠭ᠎ᠠ ᠪᠠᠷ ᠤᠷᠤᠯᠳᠤᠭᠠᠨ ᠤ ᠮᠣᠷᠢ ᠪᠠᠨ ᠤᠷᠤᠭᠰᠢ ᠭᠦᠶᠦᠯᠭᠡᠬᠦ | ︵ᠠᠬᠢᠭᠤᠯᠬᠤ︶᠂ ᠲᠡᠭᠦᠰᠬᠡᠯ ᠤᠨ ᠴᠡᠭ ᠬᠦᠷᠬᠦ ᠳᠤ ᠣᠪᠣᠭ᠎ᠠ ᠪᠠᠨ ᠨᠠᠷᠠ ᠵᠥᠪ ᠢᠶᠠᠷ 3 ᠡᠷᠭᠢᠵᠦ ᠦᠵᠦᠭᠦᠷ ᠮᠠᠩᠨᠠᠢ | ᠲᠣᠳᠣᠷᠠᠳᠠᠭ᠃ ᠮᠠᠩᠨᠠᠢ ᠠᠪᠤᠭᠰᠠᠨ ᠮᠣᠷᠢ ᠳᠤ ᠠᠬᠠᠮᠠᠳ ᠲᠣᠮᠣᠭᠠᠲᠠᠨ ᠠᠴᠠ ︽ᠮᠣᠷᠢᠨ ᠤ ᠢᠷᠦᠭᠡᠯ︾ ᠲᠠᠯᠪᠢᠳᠠᠭ | ᠵᠤᠷᠰᠢᠯ ᠲᠠᠢ᠃ ᠡᠭᠦᠨ ᠠᠴᠠ ᠦᠵᠡᠪᠡᠯ᠂ ᠵᠦᠪᠭᠡᠨ ᠮᠣᠷᠢ ᠤᠷᠤᠯᠳᠤᠬᠤ ᠱᠠᠭ᠎ᠠ ᠨᠠᠭᠠᠳᠤᠮ ᠤᠨ ᠶᠠᠪᠤᠴᠠ ᠳᠤᠮᠳᠠ ᠠᠴᠠ | ᠬᠡᠦᠬᠡᠳ ᠪᠠᠭᠠᠴᠤᠳ ᠲᠤᠭ᠎ᠠ ᠬᠡᠮᠵᠢᠭᠳᠡᠯ ᠠᠴᠠ ᠠᠪᠤᠭᠠᠳ ᠢᠷᠦᠭᠡᠯ ᠮᠠᠭᠲᠠᠭᠠᠯ ᠤᠨ ᠪᠠᠶᠠᠯᠢᠭ ᠰᠠᠶᠢᠬᠠᠨ ᠤᠷᠠᠨ ᠭᠡᠯᠡ | ᠬᠡᠯᠡᠯᠭᠡ ᠳᠤ ᠭᠦᠷᠲᠡᠯ᠎ᠡ᠂ ᠨᠠᠭᠠᠳᠤᠮ ᠤᠨ ᠳᠦᠷᠢᠮ ᠭᠤᠷᠢᠮ ᠠᠴᠠ ᠠᠪᠤᠭᠠᠳ ᠦᠨᠳᠦᠰᠦᠲᠡᠨ ᠤ ᠪᠠᠨ ᠤᠯᠠᠨ ᠠᠷᠪᠢᠨ | ᠶᠣᠰᠣ ᠵᠠᠩᠰᠢᠯ ᠢ ᠣᠶᠢᠯᠠᠭᠠᠨ ᠮᠡᠲᠡᠵᠦ ᠡᠵᠡᠮᠰᠢᠳᠡᠭ ᠶᠤᠮ ᠪᠠᠶᠢᠨ᠎ᠠ᠃ ᠡᠭᠦᠨ ᠠᠴᠠ ᠭᠠᠳᠠᠨ᠎ᠠ᠂ ᠱᠠᠭ᠎ᠠ ᠨᠠᠭᠠᠳᠤᠮ ᠤᠨ | ᠶᠠᠪᠤᠴᠠ ᠳᠤᠮᠳᠠ ᠨᠠᠭᠠᠳᠤᠮᠴᠢᠳ ᠬᠤᠭᠤᠷᠣᠨᠳᠤ ᠪᠠᠨ ᠣᠨᠢᠰᠤᠭ᠎ᠠ ᠲᠠᠭᠠᠯᠴᠠᠬᠤ᠂ ᠦᠯᠢᠭᠡᠷ ᠲᠤᠮᠤᠭ ᠶᠠᠷᠢᠬᠤ᠂ ᠵᠦᠢᠷ | ᠰᠡᠴᠡᠨ ᠦᠭᠡ ᠪᠤᠶᠤ ᠭᠡᠯᠡ ᠵᠦᠭᠰᠢᠷᠡᠭᠦᠯᠬᠦ ᠦᠭᠡ ᠬᠡᠯᠡᠬᠦ᠂ ᠳᠠᠭᠤᠤ ᠳᠠᠭᠤᠯᠠᠬᠤ᠂ ᠱᠤᠭ ᠭᠠᠷᠭᠠᠬᠤ ᠵᠡᠷᠭᠡ ᠤᠯᠠᠨ | ᠵᠦᠢᠯ ᠤᠨ ᠤᠷ᠎ᠠ ᠠᠪᠢᠶᠠᠰ ᠢᠶᠠᠨ ᠢᠯᠡᠷᠡᠭᠦᠯᠦᠨ ᠭᠦᠷ ᠬᠥᠭᠵᠢᠶᠡᠨ ᠨᠡᠮᠡᠷᠢᠯᠡᠳᠡᠭ ᠶᠤᠮ᠃ ᠶᠡᠷᠦᠨᠢ ᠲᠡᠭᠡᠭᠡᠳ ᠱᠠᠭ᠎ᠠ | ᠨᠠᠭᠠᠳᠤᠮ ᠤᠨ ᠪᠤᠢ ᠪᠦᠬᠦᠢ ᠲᠦᠷᠦᠯ ᠵᠦᠢᠯ ᠨᠢ ᠴᠥᠮ ᠳᠠᠯᠠᠢ ᠶᠡᠭᠡ ᠮᠡᠳᠡᠯᠭᠡ ᠶᠢᠨ ᠰᠠᠩ ᠪᠣᠯᠵᠤ ᠪᠠᠶᠢᠳᠠᠭ ᠪᠣᠯᠬᠤᠷ | ᠠᠯᠢ ᠨᠢᠭᠡᠨ ᠲᠦᠷᠦᠯ ᠤᠨ ᠨᠠᠭᠠᠳᠤᠮ ᠢ ᠨᠢ ᠨᠠᠭᠠᠳᠤᠭᠰᠠᠨ ᠴᠦ ᠪᠦᠷ ᠬᠡᠦᠬᠡᠳ ᠪᠠᠭᠠᠴᠤᠳ ᠲᠤ ᠤᠶᠤᠨ ᠤ | ᠮᠡᠳᠡᠯᠭᠡ ᠶᠢᠨ ᠰᠢᠮ᠎ᠡ ᠬᠠᠩᠭᠠᠵᠤ᠂ ᠪᠢᠯᠢᠭ ᠤᠨ ᠭᠡᠭᠡᠷᠡᠯ ᠢ ᠣᠯᠭᠤᠳᠠᠭ᠃ ᠡᠶᠢᠮᠦ ᠢᠶᠠᠷ ᠢᠶᠠᠨ ᠱᠠᠭ᠎ᠠ ᠨᠠᠭᠠᠳᠤᠮ ᠪᠣᠯ | ᠢᠰᠡᠭᠡᠢ ᠲᠤᠭᠤᠷᠭᠠᠲᠠᠨ ᠤ ᠤᠶᠤᠨ ᠮᠡᠳᠡᠯᠭᠡ ᠶᠢᠨ ᠳᠠᠯᠠᠢ ᠶᠡᠭᠡ ᠬᠥᠮᠥᠷᠭᠡ ᠮᠥᠨ᠃ ︵ᠭᠤᠷᠪᠠ︶ ᠱᠠᠭ᠎ᠠ | ᠨᠠᠭᠠᠳᠤᠮ ᠨᠢ ᠬᠡᠦᠬᠡᠳ ᠪᠠᠭᠠᠴᠤᠳ ᠲᠤ ᠪᠡᠶ᠎ᠡ ᠰᠡᠳᠬᠢᠯ ᠤᠨ ᠲᠠᠩᠭᠡᠭᠦᠷᠡᠯ ᠤᠨ ᠬᠥᠮᠦᠵᠢᠯ ᠬᠦᠷᠲᠡᠭᠡᠳᠡᠭ ᠪᠠᠭ᠎ᠠ | ᠬᠡᠦᠬᠡᠳ ᠱᠠᠭ᠎ᠠ ᠶᠢ ᠭᠠᠷ ᠲᠠᠭᠠᠨ ᠪᠠᠷᠢᠵᠤ ᠡᠷᠭᠢᠭᠦᠯᠵᠦ ᠤᠷᠪᠠᠭᠤᠯᠵᠤ ᠰᠣᠨᠢᠷᠬᠠᠬᠤ ᠶᠠᠪᠤᠴᠠ ᠳᠤ ᠨᠢᠳᠦᠨ | ᠬᠠᠷᠠᠭᠠᠨ ᠤ ᠰᠡᠷᠡᠯ ᠪᠣᠯᠣᠨ ᠭᠠᠷ ᠬᠤᠷᠤᠭᠤᠨ ᠤ ᠮᠡᠳᠡᠷᠡᠮᠵᠢ ᠶᠢ ᠨᠥᠯᠥᠭᠡᠯᠡᠬᠦ ᠪᠠᠷ ᠳᠠᠮᠵᠢᠨ ᠱᠠᠭ᠎ᠠ ᠲᠠᠢ ᠲᠠᠨᠢᠯᠴᠠᠳᠠᠭ᠃ | ᠪᠠᠭ᠎ᠠ ᠬᠡᠦᠬᠡᠳ ᠱᠠᠭ᠎ᠠ ᠶᠢ ᠭᠠᠷ ᠲᠤ ᠪᠠᠨ ᠠᠳᠬᠤᠨ ᠡᠷᠭᠢᠭᠦᠯᠵᠦ ᠤᠷᠪᠠᠭᠤᠯᠬᠤ ᠨᠢ ᠬᠠᠷᠠᠭᠠᠨ ᠰᠡᠷᠡᠯ ᠢ | ᠲᠥᠪᠯᠡᠷᠡᠭᠦᠯᠦᠨ ᠬᠥᠭᠵᠢᠭᠦᠯᠬᠦ᠂ ᠭᠠᠷ ᠤᠨ ᠠᠯᠠᠭᠠᠨ ᠳᠤ ᠨᠢ ᠢᠯᠪᠢᠯᠲᠡ ᠡᠭᠦᠰᠬᠡᠨ ᠳᠣᠲᠣᠷ ᠡᠷᠬᠡᠲᠡᠨ ᠢ | ᠰᠠᠶᠢᠵᠢᠷᠠᠭᠤᠯᠬᠤ᠂ ᠭᠠᠷ ᠬᠤᠷᠤᠭᠤᠨ ᠤ ᠬᠦᠴᠦ ᠴᠢᠳᠠᠯ ᠢ ᠨᠡᠮᠡᠭᠳᠡᠭᠦᠯᠬᠦ᠂ ᠭᠠᠷ ᠤᠨ ᠪᠤᠯᠴᠢᠩ ᠤᠨ ᠬᠥᠭᠵᠢᠯᠲᠡ ᠶᠢ | ᠨᠥᠯᠥᠭᠡᠯᠡᠨ ᠪᠡᠶ᠎ᠡ ᠶᠢᠨ ᠬᠦᠴᠦᠨ ᠴᠢᠳᠠᠯ ᠢ ᠨᠡᠮᠡᠭᠳᠡᠭᠦᠯᠳᠡᠭ᠃ ᠬᠡᠦᠬᠡᠳ ᠭᠡᠯᠡ ᠳᠤ ᠣᠷᠣᠬᠤ ᠲᠠᠢ ᠵᠡᠷᠭᠡ ᠨᠢᠭᠡᠨᠲᠡ | ᠳᠠᠰᠤᠯ ᠪᠣᠯᠤᠭᠰᠠᠨ ᠱᠠᠭ᠎ᠠ ᠪᠠᠷ ᠢᠶᠠᠨ ᠲᠠᠪᠤᠨ ᠬᠤᠰᠢᠭᠤ ᠮᠠᠯ ᠤᠨ ᠢᠶᠠᠨ ᠨᠡᠷ᠎ᠡ ᠶᠢ ᠬᠡᠯᠡᠵᠦ ᠴᠢᠳᠠᠬᠤ᠂ ᠨᠢᠭᠡ ᠬᠤᠶᠠᠷ | ᠬᠡᠮᠡᠨ ᠲᠤᠭ᠎ᠠ ᠲᠣᠭᠠᠯᠠᠵᠤ ᠡᠬᠢᠯᠡᠳᠡᠭ᠃ ᠱᠠᠭ᠎ᠠ ᠨᠠᠭᠠᠳᠤᠮ ᠨᠢ ᠬᠡᠦᠬᠡᠳ ᠪᠠᠭᠠᠴᠤᠳ ᠤᠨ ᠨᠢᠳᠦᠨ ᠬᠠᠷᠠᠭ᠎ᠠ ᠶᠢ | ᠵᠦᠭᠰᠢᠷᠡᠭᠦᠯᠬᠦ᠂ ᠭᠠᠷ ᠬᠤᠷᠤᠭᠤᠨ ᠤ ᠦᠶ᠎ᠡ ᠭᠡᠰᠢᠭᠦᠦ ᠶᠢ ᠤᠶᠠᠨ ᠤᠷᠠᠨ ᠮᠥᠷᠲᠡᠭᠡᠨ ᠬᠤᠷᠳᠤᠨ ᠱᠠᠯᠠᠮᠠᠭᠠᠢ | ᠪᠤᠯᠭᠠᠬᠤ ᠳᠤ ᠮᠠᠰᠢ ᠴᠢᠬᠤᠯᠠ ᠦᠢᠯᠡᠳᠦᠯ ᠦᠵᠡᠭᠦᠯᠳᠡᠭ᠃ ᠱᠠᠭ᠎ᠠ ᠰᠠᠶᠢᠨ ᠨᠠᠭᠠᠳᠪᠠᠯ ᠤᠬᠠᠭ᠎ᠠ ᠰᠡᠷᠭᠦᠯᠡᠩ ᠲᠠᠷᠢᠬᠢ | ᠬᠤᠷᠴᠠ᠂ ᠭᠡᠯᠡ ᠬᠡᠯᠡᠯᠭᠡ ᠪᠠᠶᠠᠨ ᠠᠪᠢᠶᠠᠰᠯᠢᠭ ᠪᠣᠯᠵᠤ ᠬᠤᠯᠪᠣᠨ ᠰᠡᠳᠬᠢᠬᠦ ᠪᠠᠷ ᠴᠢᠳᠠᠮᠠᠭ᠂ ᠴᠡᠭᠡᠵᠢᠯᠡᠬᠦ | ᠴᠢᠳᠠᠪᠤᠷᠢ ᠪᠠᠷ ᠰᠠᠶᠢᠨ ᠪᠤᠯᠳᠠᠭ ᠭᠡᠲᠡᠭ ᠦᠭᠡ ᠲᠠᠢ ᠪᠣᠯᠬᠤᠷ ᠬᠡᠦᠬᠡᠳ ᠪᠠᠭᠠᠴᠤᠳ ᠤᠨ ᠪᠡᠶ᠎ᠡ ᠰᠡᠳᠬᠢᠴᠡ ᠶᠢᠨ | ᠬᠥᠭᠵᠢᠯᠲᠡ ᠳᠤ ᠲᠡᠩᠭᠡᠭᠦᠷᠡᠯ ᠪᠤᠯᠳᠠᠭ᠃ ︵ᠳᠥᠷᠪᠡ︶ ᠱᠠᠭ᠎ᠠ ᠨᠠᠭᠠᠳᠤᠮ ᠨᠢ ᠬᠡᠦᠬᠡᠳ ᠪᠠᠭᠠᠴᠤᠳ ᠲᠤ ᠭᠤᠸ᠎ᠠ | ᠵᠦᠢ ᠶᠢᠨ ᠬᠥᠮᠦᠵᠢᠯ ᠬᠦᠷᠲᠡᠭᠡᠳᠡᠭ ᠮᠠᠯᠴᠢᠨ ᠲᠦᠮᠡᠨ ︽ᠱᠠᠭ᠎ᠠ ᠰᠠᠶᠢᠬᠠᠨ ᠮᠥᠯᠵᠢᠪᠡᠯ ᠰᠠᠶᠢᠨ ᠠᠭᠲᠠ | ᠤᠨᠤᠨ᠎ᠠ᠂ ᠪᠣᠷᠪᠢ ᠰᠠᠶᠢᠬᠠᠨ ᠮᠥᠯᠵᠢᠪᠡᠯ ᠰᠠᠶᠢᠨ ᠠᠳᠠ ᠤᠨᠤᠨ᠎ᠠ︾ ᠬᠡᠮᠡᠨ ᠱᠠᠭ᠎ᠠ ᠶᠢ ᠴᠡᠪᠡᠷ ᠰᠠᠶᠢᠬᠠᠨ ᠮᠥᠯᠵᠢᠨ | ᠴᠠᠶᠢᠯᠭᠠᠳᠠᠭ ᠵᠤᠷᠰᠢᠯ ᠲᠠᠢ᠃ ︽ᠱᠠᠭ᠎ᠠ ᠠᠷᠪᠢᠨ ᠬᠤᠷᠢᠶᠠᠪᠠᠯ ᠮᠠᠯ ᠥᠨᠢᠷ ᠦᠰᠲᠡᠭ︾ ᠬᠡᠮᠡᠨ ᠱᠠᠭ᠎ᠠ ᠶᠢ ᠭᠡᠭᠡᠵᠦ | ᠬᠠᠶᠠᠯ ᠦᠭᠡᠢ ᠪᠠᠷ ᠲᠤᠰᠬᠠᠢ ᠭᠤᠶᠤ ᠰᠠᠶᠢᠬᠠᠨ ᠰᠢᠷᠢᠮᠡᠯ ᠤᠭᠤᠲᠠ ᠪᠤᠶᠤ ᠤᠭᠠᠯᠵᠠᠨ ᠬᠡ ᠲᠠᠢ ᠠᠪᠳᠠᠷ᠎ᠠ ᠳᠤ | ᠬᠤᠷᠢᠶᠠᠨ ᠬᠠᠳᠠᠭᠠᠯᠠᠬᠤ᠂ ᠬᠠᠳᠠᠨ ᠤ ᠬᠠᠭ ᠪᠤᠶᠤ ᠪᠤᠰᠤᠳ ᠵᠦᠢᠯ ᠤᠨ ᠪᠤᠳᠤᠭ ᠢᠶᠠᠷ ᠱᠠᠭ᠎ᠠ ᠪᠠᠨ ᠪᠤᠳᠤᠵᠤ ᠤᠯᠠᠨ | ᠥᠩᠭᠡ ᠶᠢᠨ ᠭᠤᠶᠤ ᠱᠠᠭ᠎ᠠ ᠪᠣᠯᠭᠠᠨ ᠨᠠᠭᠠᠳᠳᠠᠭ᠃ ᠥᠩᠭᠡ ᠪᠤᠳᠤᠭ ᠲᠠᠢ ᠱᠠᠭ᠎ᠠ ᠪᠠᠷ ᠤᠯᠠᠨ ᠬᠥᠮᠥᠨ ᠮᠣᠷᠢ | ᠤᠷᠤᠯᠳᠤᠬᠤ ᠳᠤ ᠬᠡᠨ ᠤ ᠵᠢᠷᠤᠭ᠎ᠠ ᠬᠠᠷ᠎ᠠ᠂ ᠬᠡᠨ ᠤ ᠬᠤᠷᠳᠤᠨ ᠵᠡᠭᠡᠷᠳᠡ᠂ ᠬᠡᠨ ᠤ ᠣᠷᠤᠭ᠎ᠠ ᠰᠢᠷᠭ᠎ᠠ ᠬᠡᠮᠡᠨ ᠨᠡᠷᠡᠯᠡᠵᠦ᠂ | ᠲᠡᠮᠡᠭᠡ ᠤᠷᠤᠯᠳᠤᠬᠤ ᠳᠤ ᠬᠡᠨ ᠤ ᠲᠤᠭᠰᠢᠨ ᠬᠥᠬᠡ ᠲᠡᠷᠢᠭᠦᠯᠡᠵᠦ᠂ ᠬᠡᠨ ᠤ ᠰᠤᠯᠢᠪᠤ ᠰᠢᠷ᠎ᠠ ᠠᠮᠠᠨ ᠬᠦᠵᠦᠭᠦᠨ ᠳᠤ | ᠢᠷᠡᠯ᠎ᠡ᠂ ᠬᠡᠨ ᠤ ᠵᠣᠵᠢᠭ ᠬᠠᠷ᠎ᠠ ᠪᠠᠶᠠᠨ ᠬᠤᠳᠤᠭᠠᠳᠤ ᠪᠣᠯᠣᠯ᠎ᠠ ᠭᠡᠬᠦᠴᠢᠯᠡᠨ ᠭᠦᠷ ᠨᠠᠷᠭᠢᠶᠠᠨ ᠪᠤᠯᠳᠠᠭ᠃ ᠬᠡᠦᠬᠡᠳ ᠢᠶᠠᠷ | ᠱᠠᠭ᠎ᠠ ᠪᠠᠷ ᠠᠯᠳᠠᠨ ᠮᠡᠯᠡᠬᠡᠢ ᠦᠷᠦᠭᠦᠯᠵᠦ ᠬᠡᠨ ᠬᠡᠨ ᠨᠢ ᠭᠤᠶᠤ ᠰᠠᠶᠢᠬᠠᠨ ᠦᠷᠦᠭᠰᠡᠨ ᠢ ᠨᠢ ᠠᠳᠠᠯᠢᠳᠬᠠᠳᠠᠭ᠃ | ᠡᠲᠡᠭᠡᠷ ᠱᠠᠭ᠎ᠠ ᠨᠠᠭᠠᠳᠤᠮ ᠤᠨ ᠶᠠᠪᠤᠴᠠ ᠳᠤ ᠬᠡᠦᠬᠡᠳ ᠪᠠᠭᠠᠴᠤᠳ ᠭᠤᠸ᠎ᠠ ᠵᠦᠢ ᠶᠢᠨ ᠬᠥᠮᠦᠵᠢᠯ ᠭᠦᠷᠲᠡᠨ ᠭᠤᠸ᠎ᠠ | ᠰᠠᠶᠢᠬᠠᠨ ᠤ ᠲᠤᠬᠠᠢ ᠦᠯᠡᠮᠵᠢ ᠣᠶᠢᠯᠠᠭᠠᠮᠵᠢ ᠲᠠᠢ ᠪᠣᠯᠵᠤ ᠦᠢᠯᠡ ᠶᠠᠪᠤᠳᠠᠯ᠂ ᠬᠥᠳᠡᠯᠦᠯ ᠪᠠᠷᠢᠯᠠᠯ ᠤᠨ ᠳᠤᠮᠳᠠ ᠪᠠᠨ | ᠶᠠᠭᠤᠮ᠎ᠠ ᠬᠡᠦᠮ᠎ᠡ ᠪᠠᠨ ᠡᠪᠲᠡᠢ ᠲᠢᠭ ᠲᠠᠢ ᠬᠤᠷᠢᠶᠠᠵᠤ ᠲᠠᠯᠪᠢᠬᠤ᠂ ᠴᠡᠪᠡᠷ ᠠᠷᠢᠭᠤᠨ ᠢ ᠡᠷᠭᠢᠮᠯᠡᠭᠦ ᠵᠠᠩ | ᠠᠷᠠᠨᠰᠢᠨ ᠲᠠᠢ ᠪᠣᠯᠵᠤ ᠬᠥᠮᠥᠵᠢᠳᠡᠭ᠃ ᠢᠯᠠᠩᠭᠤᠶ᠎ᠠ ᠣᠷᠴᠢᠮ ᠤᠨ ᠵᠢᠯ ᠤᠳ ᠲᠤ᠂ ᠱᠠᠭ᠎ᠠ ᠤᠷᠠᠯᠠᠯ ᠤᠨ ᠦᠢᠯᠡᠰ | ᠬᠥᠭᠵᠢᠭᠰᠡᠨ ᠠᠴᠠ ᠬᠡᠦᠬᠡᠳ ᠪᠠᠭᠠᠴᠤᠳ ᠱᠠᠭ᠎ᠠ ᠨᠠᠭᠠᠳᠤᠮ ᠳᠤ ᠨᠡᠩ ᠳᠤᠷ᠎ᠠ ᠪᠠᠬ᠎ᠠ ᠲᠠᠢ ᠪᠣᠯᠵᠤ᠂ ᠱᠠᠭ᠎ᠠ ᠶᠢᠨ | ᠲᠤᠬᠠᠢ ᠣᠶᠢᠯᠠᠭᠠᠯᠲᠠ ᠲᠠᠨᠢᠯᠲᠠ ᠪᠠᠷ ᠭᠦᠨᠵᠡᠭᠡᠢ ᠪᠣᠯᠵᠤ ᠱᠠᠭ᠎ᠠ ᠴᠤᠭᠯᠠᠭᠤᠯᠤᠨ ᠬᠤᠷᠢᠶᠠᠵᠤ ᠬᠠᠳᠠᠭᠠᠯᠠᠬᠤ᠂ ᠱᠠᠭ᠎ᠠ | ᠨᠠᠭᠠᠳᠬᠤ᠂ ᠱᠠᠭ᠎ᠠ ᠪᠠᠷ ᠭᠤᠶᠤ ᠰᠠᠶᠢᠬᠠᠨ ᠤᠷᠠᠯᠠᠯ ᠪᠦᠲᠦᠭᠡᠯ ᠤᠷᠠᠯᠠᠬᠤ ᠪᠣᠯᠵᠠᠢ᠃ ᠱᠠᠭ᠎ᠠ ᠤᠷᠠᠯᠠᠯ ᠨᠢ ᠬᠡᠦᠬᠡᠳ | ᠪᠠᠭᠠᠴᠤᠳ ᠲᠤ ᠨᠡᠩ ᠥᠷᠭᠡᠨ ᠬᠡᠪᠴᠢᠶᠡᠨ ᠤ ᠭᠤᠸ᠎ᠠ ᠰᠠᠶᠢᠬᠠᠨ ᠤ ᠲᠠᠭᠠᠰᠢᠶᠠᠯ ᠢ ᠠᠪᠴᠢᠷᠠᠭᠰᠠᠨ ᠠᠴᠠ ᠱᠠᠭ᠎ᠠ ᠪᠠᠨ | ᠬᠢᠮᠠᠭᠠᠳᠠᠨ ᠬᠠᠶᠢᠷᠠᠯᠠᠬᠤ᠂ ᠳᠤᠷ᠎ᠠ ᠰᠣᠨᠢᠷᠬᠠᠯ ᠲᠠᠢ ᠵᠦᠢᠯᠡᠰ ᠢᠶᠠᠨ ᠱᠠᠭ᠎ᠠ ᠪᠠᠷ ᠤᠷᠠᠯᠠᠨ ᠪᠤᠳᠤᠭᠰᠠᠨ ᠰᠠᠨᠠᠭᠰᠠᠨ᠂ | ᠬᠦᠰᠡᠨ ᠵᠥᠩᠨᠡᠭᠰᠡᠨ ᠢᠶᠠᠨ ᠢᠯᠡᠳᠬᠡᠳᠡᠭ᠃ ᠠᠪᠤ ᠡᠵᠢ ᠨᠢ ᠬᠡᠦᠬᠡᠳ ᠤᠨ ᠢᠶᠠᠨ ᠱᠠᠭ᠎ᠠ ᠤᠷᠠᠯᠠᠯ ᠢ ᠤᠷᠠᠯᠠᠬᠤ | ᠶᠠᠪᠤᠴᠠ ᠳᠤ ᠶᠣᠰᠣ ᠵᠠᠩᠰᠢᠯ ᠤᠨ ᠵᠦᠢᠯᠡᠰ ᠤᠨ ᠭᠤᠸ᠎ᠠ ᠵᠦᠢ ᠶᠢ ᠬᠡᠦᠬᠡᠳ ᠲᠡᠭᠡᠨ ᠤᠯᠠᠮᠵᠢᠯᠠᠨ ᠲᠠᠨᠢᠭᠤᠯᠳᠠᠭ᠃ | ᠵᠢᠱᠢᠶᠡᠯᠡᠪᠡᠯ᠂ ᠱᠠᠭ᠎ᠠ ᠪᠠᠷ ᠪᠦᠲᠦᠨ ᠭᠡᠷ ᠤᠷᠠᠯᠠᠬᠤ ᠳᠤ ᠴᠠᠭᠠᠨ ᠥᠩᠭᠡ ᠪᠠᠷ ᠤᠷᠠᠯᠠᠬᠤ ᠠᠴᠠ ᠪᠢᠰᠢ᠂ ᠬᠠᠷᠢᠨ ᠬᠠᠷ᠎ᠠ | ᠥᠩᠭᠡ ᠪᠠᠷ ᠤᠷᠠᠯᠠᠬᠤ ᠦᠭᠡᠢ ᠭᠡᠬᠦ ᠮᠡᠲᠦ ᠪᠠᠷ ᠠᠪᠤ ᠡᠵᠢ ᠨᠢ ᠬᠡᠦᠬᠡᠳ ᠲᠡᠭᠡᠨ ᠶᠣᠰᠣ ᠵᠠᠩᠰᠢᠯ ᠵᠠᠩ ᠳᠠᠳᠬᠠᠯ ᠤᠨ | ᠲᠠᠯ᠎ᠠ ᠪᠠᠷ ᠭᠤᠸ᠎ᠠ ᠵᠦᠢ ᠶᠢᠨ ᠬᠥᠮᠦᠵᠢᠯ ᠬᠦᠷᠲᠡᠭᠡᠳᠡᠭ ᠪᠠᠶᠢᠨ᠎ᠠ᠃ ︵ᠲᠠᠪᠤ︶ ᠱᠠᠭ᠎ᠠ ᠨᠠᠭᠠᠳᠤᠮ ᠨᠢ ᠬᠡᠦᠬᠡᠳ | ᠪᠠᠭᠠᠴᠤᠳ ᠲᠤ ᠠᠵᠢᠯᠴᠢ ᠠᠷᠪᠢᠴᠢ ᠶᠢᠨ ᠬᠥᠮᠦᠵᠢᠯ ᠬᠦᠷᠲᠡᠭᠡᠳᠡᠭ ᠱᠠᠭ᠎ᠠ ᠨᠠᠭᠠᠳᠤᠮ ᠨᠢ ᠮᠠᠯᠵᠢᠯ ᠠᠮᠢᠳᠤᠷᠠᠯ | ᠦᠢᠯᠡᠳᠪᠦᠷᠢᠯᠡᠯ ᠢᠶᠠᠷ ᠪᠦᠭᠦ᠋ᠢᠯᠡ ᠠᠭᠤᠯᠭ᠎ᠠ ᠪᠠᠨ ᠪᠤᠯᠭᠠᠭᠰᠠᠨ ᠪᠠᠶᠢᠳᠠᠭ᠃ ᠮᠣᠷᠢ ᠤᠷᠤᠯᠳᠤᠬᠤ᠂ ᠲᠡᠮᠡᠭᠡ | ᠤᠷᠤᠯᠳᠤᠬᠤ ᠠᠴᠠ ᠡᠬᠢᠯᠡᠨ ᠲᠠᠪᠤᠨ ᠬᠤᠰᠢᠭᠤ ᠮᠠᠯ ᠥᠰᠬᠡᠬᠦ᠂ ᠠᠳᠤᠭᠤ ᠬᠠᠷᠢᠭᠤᠯᠬᠤ᠂ ᠬᠤᠨᠢ ᠬᠤᠯᠪᠣᠬᠤ᠂ ᠭᠡᠭᠦᠦ | ᠰᠠᠭᠠᠬᠤ᠂ ᠠᠶᠠᠨ ᠬᠢᠬᠦ ᠵᠡᠷᠭᠡ ᠳᠤ ᠭᠦᠷᠲᠡᠯ᠎ᠡ ᠮᠠᠯ ᠮᠠᠯᠵᠢᠯ ᠤᠨ ᠪᠦᠭᠦ ᠠᠭᠤᠯᠭ᠎ᠠ ᠶᠢ ᠪᠠᠭᠲᠠᠭᠠᠭᠰᠠᠨ ᠪᠠᠶᠢᠳᠠᠭ | ᠪᠣᠯᠬᠤᠷ ᠨᠠᠭᠠᠳᠤᠮ ᠤᠨ ᠶᠠᠪᠤᠴᠠ ᠳᠤ ᠬᠡᠦᠬᠡᠳ ᠪᠠᠭᠠᠴᠤᠳ ᠶᠡᠬᠡᠴᠦᠦᠯ ᠠᠴᠠ ᠮᠠᠯ ᠮᠠᠯᠵᠢᠯ ᠤᠨ ᠠᠵᠢᠯ ᠭᠦᠲᠡᠯᠮᠤᠷᠢ | ᠵᠢᠴᠢ ᠲᠡᠭᠦᠨ ᠤ ᠤᠷ᠎ᠠ ᠤᠬᠠᠭᠠᠨ ᠢ ᠰᠤᠷᠴᠤ ᠮᠡᠳᠡᠳᠡᠭ᠃ ᠡᠭᠦᠨ ᠤ ᠤᠯᠠᠮ ᠠᠴᠠ ᠪᠣᠯᠵᠤ ᠬᠡᠦᠬᠡᠳ ᠪᠠᠭᠠᠴᠤᠳ ᠮᠠᠯ | ᠮᠠᠯᠵᠢᠯ ᠤᠨ ᠠᠵᠢᠯ ᠭᠦᠲᠡᠯᠮᠤᠷᠢ ᠳᠤ ᠳᠤᠷ᠎ᠠ ᠪᠠᠬ᠎ᠠ ᠲᠠᠢ ᠪᠣᠯᠵᠤ ᠭᠦᠲᠡᠯᠮᠤᠷᠢ ᠶᠢ ᠡᠷᠭᠢᠮᠯᠡᠭᠦ ᠲᠠᠨᠢᠯᠲᠠ ᠲᠠᠢ ᠪᠤᠯᠳᠠᠭ᠃ | ᠮᠥᠨ ᠡᠭᠦᠨ ᠳᠡᠭᠡᠨ ᠰᠠᠭᠤᠷᠢᠯᠠᠨ ᠶᠠᠭᠤᠮ᠎ᠠ ᠪᠠᠨ ᠭᠠᠮᠨᠠᠨ ᠠᠷᠪᠢᠯᠠᠬᠤ᠂ ᠭᠦᠲᠡᠯᠮᠤᠷᠢ ᠶᠢᠨ ᠦᠷ᠎ᠡ ᠪᠦᠲᠦᠭᠡᠯ ᠢᠶᠠᠨ | ᠬᠠᠶᠢᠷᠠᠯᠠᠨ ᠭᠠᠮᠨᠠᠬᠤ ᠵᠡᠷᠭᠡ ᠬᠡᠪ ᠰᠤᠷᠲᠠᠯ ᠲᠠᠢ ᠪᠤᠯᠳᠠᠭ ᠶᠤᠮ᠃ ᠪᠠᠭᠴᠠᠯᠠᠪᠠᠯ᠂ ᠮᠠᠯᠴᠢᠨ ᠲᠦᠮᠡᠨ ᠤ ᠱᠠᠭ᠎ᠠ ᠪᠠᠷ | ᠵᠠᠭᠪᠤᠷᠢᠴᠢᠯᠠᠭᠰᠠᠨ ᠭᠡᠷ ᠤᠨ ᠬᠥᠮᠦᠵᠢᠯ ᠨᠢ ᠨᠢᠭᠡ ᠬᠡᠰᠡᠭ ᠭᠠᠵᠠᠷ ᠨᠤᠲᠤᠭ ᠪᠤᠶᠤ ᠬᠡᠳᠦᠬᠡᠨ ᠣᠪᠣᠭ ᠠᠶᠢᠮᠠᠭ ᠤᠨ | ᠬᠡᠪᠴᠢᠶᠡᠨ ᠳᠤ ᠬᠢᠵᠠᠭᠠᠷᠯᠠᠭᠳᠠᠭᠰᠠᠨ ᠪᠢᠰᠢ ᠪᠠᠶᠢᠵᠤ᠂ ᠬᠠᠷᠢᠨ ᠪᠦᠭᠦ᠋ᠢᠯᠡ ᠮᠣᠩᠭᠤᠯ ᠲᠤᠭᠤᠷᠭᠠᠲᠠᠨ ᠤ | ᠬᠡᠪᠴᠢᠶᠡᠨ ᠳᠤ ᠲᠦᠭᠡᠮᠡᠯᠵᠢᠨ ᠳᠡᠯᠭᠡᠷᠡᠵᠦ ᠨᠡᠶᠢᠲᠡ ᠮᠣᠩᠭᠤᠯᠴᠤᠳ ᠤᠨ ᠭᠡᠷ ᠤᠨ ᠬᠥᠮᠦᠵᠢᠯ ᠤᠨ ᠠᠮᠢᠳᠤᠯᠢᠭ ᠠᠷᠭ᠎ᠠ | ᠬᠡᠷᠡᠭᠯᠡᠭᠦᠷ ᠪᠣᠯᠵᠠᠢ᠃ ᠱᠠᠭ᠎ᠠ ᠪᠠᠷ ᠵᠠᠭᠪᠤᠷᠢᠴᠢᠯᠠᠭᠰᠠᠨ ᠭᠡᠷ ᠤᠨ ᠬᠥᠮᠦᠵᠢᠯ ᠨᠢ ᠮᠢᠩᠭ᠎ᠠ ᠲᠦᠮᠡᠨ ᠣᠨ ᠵᠢᠯ ᠢ ᠡᠯᠡᠭᠡᠨ | ᠵᠠᠭᠤᠨ ᠵᠠᠭᠤᠨ ᠦᠶ᠎ᠡ ᠤᠳᠤᠮ ᠢ ᠳᠠᠮᠵᠢᠨ ᠥᠨᠥᠳᠥᠷ ᠲᠤ ᠬᠦᠷᠴᠦ ᠢᠷᠡᠭᠰᠡᠨ ᠨᠢ ᠭᠠᠶᠢᠬᠠᠮᠰᠢᠭ ᠲᠠᠢ ᠮᠥᠷᠲᠡᠭᠡᠨ | ᠪᠢᠰᠢᠷᠡᠭᠦᠰᠢᠲᠡᠢ ᠰᠠᠨ᠃ ᠰᠢᠨᠵᠢᠯᠡᠭᠡ ᠮᠡᠷᠭᠡᠵᠢᠯ ᠲᠦᠷᠭᠡᠨ ᠬᠥᠭᠵᠢᠵᠦ ᠣᠳᠣᠬᠢᠴᠢᠯᠠᠭᠰᠠᠨ ᠰᠤᠷᠭᠠᠨ ᠬᠥᠮᠦᠵᠢᠯ ᠢ | ᠬᠡᠷᠡᠭᠯᠡᠭᠰᠡᠨ ᠥᠨᠥᠳᠥᠷ ᠴᠦ ᠭᠡᠳ ᠱᠠᠭ᠎ᠠ ᠪᠠᠷ ᠵᠠᠭᠪᠤᠷᠢᠴᠢᠯᠠᠭᠰᠠᠨ ᠤᠯᠠᠮᠵᠢᠯᠠᠯᠲᠤ ᠭᠡᠷ ᠤᠨ ᠬᠥᠮᠦᠵᠢᠯ ᠢ ᠮᠥᠨ | ᠶᠡᠬᠡᠪᠡᠷ ᠱᠠᠭᠠᠷᠳᠠᠭᠳᠠᠵᠤ ᠪᠠᠶᠢᠳᠠᠭ ᠠᠴᠠ ᠦᠵᠡᠬᠦ ᠳᠤ᠂ ᠲᠡᠷᠡ ᠨᠢ ᠮᠠᠰᠢ ᠶᠡᠭᠡ ᠠᠮᠢᠳᠤᠷᠠᠬᠤ ᠬᠦᠴᠦᠨ ᠲᠠᠢ | ᠪᠠᠶᠢᠳᠠᠭ ᠲᠤ ᠪᠤᠢ᠃ ᠡᠶᠢᠮᠦ ᠠᠴᠠ᠂ ᠱᠠᠭ᠎ᠠ ᠪᠣᠯ ᠤᠯᠠᠮᠵᠢᠯᠠᠯᠲᠤ ᠭᠡᠷ ᠤᠨ ᠬᠥᠮᠦᠵᠢᠯ ᠤᠨ ᠠᠮᠢᠳᠤᠯᠢᠭ ᠵᠠᠭᠪᠤᠷᠢ | ᠮᠥᠷᠲᠡᠭᠡᠨ ᠴᠠᠴᠠᠨ ᠤᠬᠠᠭᠠᠨ ᠮᠥᠨ᠂ ᠶᠣᠰᠣᠲᠠᠢ ᠮᠣᠩᠭᠤᠯ ᠤᠬᠠᠭᠠᠨ ᠤ ᠠᠪᠤᠷᠭᠤ ᠬᠦᠴᠦᠨ ᠴᠢᠳᠠᠯ ᠢ | ᠬᠠᠷᠠᠭᠤᠯᠤᠭᠰᠠᠨ ᠪᠣᠳᠠᠲᠤ ᠢᠯᠡᠷᠡᠭᠦᠨ ᠪᠤᠯᠬᠤ ᠶᠤᠮ᠃ ᠱᠠᠭ᠎ᠠ ᠨᠠᠭᠠᠳᠤᠮ ᠪᠣᠯ ᠱᠠᠭ᠎ᠠ ᠪᠠᠷ ᠵᠠᠭᠪᠤᠷᠢᠴᠢᠯᠠᠭᠰᠠᠨ | ᠤᠯᠠᠮᠵᠢᠯᠠᠯᠲᠤ ᠭᠡᠷ ᠤᠨ ᠬᠥᠮᠦᠵᠢᠯ ᠤᠨ ᠰᠤᠷᠭᠠᠨ ᠬᠥᠮᠥᠵᠢᠭᠦᠯᠬᠦ ᠤᠬᠠᠭᠠᠨ ᠪᠠᠶᠢᠵᠤ᠂ ᠬᠡᠦᠬᠡᠳ ᠪᠠᠭᠠᠴᠤᠳ ᠲᠤ | ᠬᠥᠮᠦᠵᠢᠯ ᠬᠦᠷᠲᠡᠭᠡᠬᠦ ᠤᠷᠠᠨ ᠠᠷᠭ᠎ᠠ ᠰᠠᠮᠪᠠᠭ᠎ᠠ ᠪᠤᠯᠬᠤ ᠶᠤᠮ᠃ ᠱᠠᠭ᠎ᠠ ᠨᠠᠭᠠᠳᠤᠮ ᠨᠢ ᠡᠷᠲᠡᠨ ᠠᠴᠠ ᠠᠪᠤᠭᠠᠳ | ᠭᠡᠷ ᠤᠨ ᠬᠥᠮᠦᠵᠢᠯ ᠤᠨ ᠬᠢᠴᠢᠶᠡᠯᠯᠡᠭᠡ ᠪᠤᠯᠬᠤ ᠪᠠᠷ ᠦᠯᠦ ᠪᠠᠷᠠᠮ᠂ ᠤᠳᠤ ᠴᠦ ᠭᠡᠰᠡᠨ ᠭᠡᠷ ᠤᠨ ᠬᠥᠮᠦᠵᠢᠯ ᠤᠨ | ᠴᠢᠬᠤᠯᠠ ᠨᠡᠭᠡᠭᠡᠯᠲᠡ ᠶᠢᠨ ᠬᠡᠪ ᠮᠠᠶ᠋ᠢᠭᠲᠤ ᠲᠠᠪᠴᠠᠩ ᠪᠤᠯᠬᠤ ᠶᠣᠰᠣᠲᠠᠢ᠃ ᠵᠡᠭᠦᠯᠲᠡ᠄ ① | ᠴᠤᠭᠪᠤᠶᠠᠨ ᠤ ᠡᠷᠭᠢᠯᠡᠨ ᠨᠠᠶᠢᠷᠠᠭᠤᠯᠤᠭᠰᠠᠨ ︽ᠮᠣᠩᠭᠤᠯ ᠦᠨᠳᠦᠰᠦᠲᠡᠨ ᠤ ᠱᠠᠭ᠎ᠠ ᠶᠢᠨ ᠰᠣᠶᠣᠯ ᠤᠨ ᠰᠤᠳᠤᠯᠤᠯ︾᠂ | ᠦᠨᠳᠦᠰᠦᠲᠡᠨ ᠤ ᠬᠡᠪᠯᠡᠯ ᠤᠨ ᠬᠤᠷᠢᠶ᠎ᠠ᠂ 2017 ᠣᠨ᠂ 38 ᠳ᠋ᠤᠭᠠᠷ ᠨᠢᠭᠤᠷ᠃ ② ᠴᠤᠭᠪᠤᠶᠠᠨ ᠤ ᠡᠷᠭᠢᠯᠡᠨ | ᠨᠠᠶᠢᠷᠠᠭᠤᠯᠤᠭᠰᠠᠨ ︽ᠮᠣᠩᠭᠤᠯ ᠦᠨᠳᠦᠰᠦᠲᠡᠨ ᠤ ᠱᠠᠭ᠎ᠠ ᠶᠢᠨ ᠰᠣᠶᠣᠯ ᠤᠨ ᠰᠤᠳᠤᠯᠤᠯ︾᠂ ᠦᠨᠳᠦᠰᠦᠲᠡᠨ ᠤ | ᠬᠡᠪᠯᠡᠯ ᠤᠨ ᠬᠤᠷᠢᠶ᠎ᠠ᠂ 2017 ᠣᠨ᠂ 315 - 318 ᠳ᠋ᠤᠭᠠᠷ ᠨᠢᠭᠤᠷ᠃ ③ ᠪᠠᠶᠠᠨ ᠬᠤᠳᠤᠭᠠᠳᠤ ᠭᠡᠲᠡᠭ | ᠪᠣᠯ ᠮᠣᠷᠢᠨ ᠤᠷᠤᠯᠳᠤᠭᠠᠨ ᠪᠤᠶᠤ ᠲᠡᠮᠡᠭᠡᠨ ᠤᠷᠤᠯᠳᠤᠭᠠᠨ ᠤ ᠠᠳᠠᠭ ᠣᠷᠣᠭᠰᠠᠨ ᠢ ᠪᠠᠶᠠᠨ ᠬᠤᠳᠤᠭᠠᠳᠤ ᠬᠡᠮᠡᠨ | ᠰᠢᠬᠢᠷ ᠴᠢᠪᠠᠭ᠎ᠠ ᠪᠠᠷ ᠱᠠᠩᠨᠠᠨ ᠵᠣᠷᠢᠭᠵᠢᠭᠤᠯᠳᠠᠭ᠃ ④ ᠪᠦᠲᠦᠨ ᠭᠡᠷ ᠭᠡᠲᠡᠭ ᠪᠣᠯ ᠶᠡᠷᠦᠳᠡᠭᠡᠨ ᠲᠠᠷᠢᠮ | ︵ᠬᠠᠨ᠎ᠠ︶ ᠲᠠᠢ ᠮᠣᠩᠭᠤᠯ ᠭᠡᠷ ᠢ ᠵᠢᠭᠠᠳᠠᠭ᠃ ᠠᠰᠢᠭᠯᠠᠭᠰᠠᠨ ᠨᠣᠮ ᠵᠦᠢ᠄ 1. ᠳ᠋᠊ · ᠴᠠᠭᠠᠨ ᠤ | ︽ᠮᠣᠩᠭᠤᠯ ᠬᠥᠮᠥᠨ ᠤ ᠢᠵᠠᠭᠤᠷ ᠲᠣᠭᠯᠠᠭᠠᠮ - ᠱᠠᠭ᠎ᠠ︾᠂ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ | 2001 ᠣᠨ᠃ 2. ᠳ᠋᠊ · ᠴᠠᠭᠠᠨ ᠤ ︽ᠱᠠᠭ᠎ᠠ ᠲᠣᠭᠯᠠᠭᠠᠮ︾ ᠥᠪᠥᠷ ᠮᠣᠩᠭᠤᠯ ᠤᠨ ᠠᠷᠠᠳ ᠤᠨ ᠬᠡᠪᠯᠡᠯ ᠤᠨ | ᠬᠤᠷᠢᠶ᠎ᠠ᠂ 2013 ᠣᠨ᠃ 3. ᠪᠣᠷᠵᠢᠭᠢᠨ ᠠ᠊ · ᡀᠠᠮᠦᠵᠠᠪ ᠤᠨ ︽ᠮᠣᠩᠭᠤᠯ ᠵᠠᠩ ᠠᠭᠠᠯᠢ - ᠭᠡᠷ ᠤᠨ | ᠰᠤᠷᠭᠠᠯ ᠶᠣᠰᠣᠨ︾᠂ ᠥᠪᠥᠷ ᠮᠣᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠠ᠂ 2008 ᠣᠨ᠃ 4. ᠽ᠊ · | ᠤᠳᠪᠠᠭᠮᠠᠳ ᠤᠨ ︽ᠮᠣᠩᠭᠤᠯ ᠠᠷᠠᠳ ᠤᠨ ᠬᠦᠨᠳᠦᠯᠡᠬᠦ᠂ ᠮᠡᠨᠳᠦᠯᠡᠬᠦ᠂ ᠲᠠᠯᠠᠷᠬᠠᠬᠤ ᠶᠣᠰᠣ︾᠂ ᠥᠪᠥᠷ ᠮᠣᠩᠭᠤᠯ ᠤᠨ | ᠰᠤᠷᠭᠠᠨ ᠬᠥᠮᠦᠵᠢᠯ ᠤᠨ ᠬᠡᠪᠯᠡᠯ ᠤᠨ ᠬᠤᠷᠢᠶ᠎ᠠ᠂ 1986 ᠣᠨ᠃ 5. ᠬ᠊ · ᠰᠠᠮᠫᠢᠯᠳᠠᠨᠳᠠᠪ ᠤᠨ ︽ᠡᠷᠦᠭᠡ | ᠭᠡᠷ ᠤᠨ ᠮᠣᠩᠭᠤᠯ ᠶᠣᠰᠣᠨ︾᠂ ᠦᠨᠳᠦᠰᠦᠲᠡᠨ ᠤ ᠬᠡᠪᠯᠡᠯ ᠤᠨ ᠬᠤᠷᠢᠶ᠎ᠠ᠂ 2002 ᠣᠨ᠃ 6. ᠬᠡᠷᠡᠶᠢᠳ | ᠪᠠᠭᠢᠪᠠᠳᠤ ᠶᠢᠨ ︽ᠮᠣᠩᠭᠤᠯ ᠨᠠᠭᠠᠳᠤᠮ ᠤᠨ ᠤᠴᠢᠷ︾᠂ ᠥᠪᠥᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ | 2009 ᠣᠨ᠃ 7. ᠨ᠊ · ᠰᠧᠷᠡᠩ ᠤᠨ ︽ᠮᠣᠩᠭᠤᠯ ᠤᠨ ᠤᠯᠠᠮᠵᠢᠯᠠᠯᠲᠤ ᠤᠷᠤᠭ ᠭᠡᠷ ᠪᠦᠯᠢ ᠶᠢᠨ ᠶᠣᠰᠣ | ᠰᠤᠷᠲᠠᠬᠤᠨ ᠤ ᠰᠤᠳᠤᠯᠤᠯ︾᠂ ᠦᠨᠳᠦᠰᠦᠲᠡᠨ ᠤ ᠬᠡᠪᠯᠡᠯ ᠤᠨ ᠬᠤᠷᠢᠶ᠎ᠠ᠂ 2009 ᠣᠨ᠃ 8. ᠳ᠋ᠧ ᠴᠢᠤᠸᠠᠨ ᠤ | ᠭᠤᠣᠯᠯᠠᠨ ᠨᠠᠶᠢᠷᠠᠭᠤᠯᠤᠭᠰᠠᠨ ︽ᠮᠣᠩᠭᠤᠯ ᠦᠨᠳᠦᠰᠦᠲᠡᠨ ᠤ ᠤᠯᠠᠮᠵᠢᠯᠠᠯᠲᠤ ᠰᠣᠶᠣᠯ ᠤᠨ ᠲᠣᠶᠢᠮᠣ︾᠂ ᠥᠪᠥᠷ | ᠮᠣᠩᠭᠤᠯ ᠤᠨ ᠰᠤᠷᠭᠠᠨ ᠬᠥᠮᠦᠵᠢᠯ ᠤᠨ ᠬᠡᠪᠯᠡᠯ ᠤᠨ ᠬᠤᠷᠢᠶ᠎ᠠ᠂ 1999 ᠣᠨ᠃ 9. ᠴᠤᠭᠪᠤᠶᠠᠨ ᠤ ᠡᠷᠭᠢᠯᠡᠨ | ᠨᠠᠶᠢᠷᠠᠭᠤᠯᠤᠭᠰᠠᠨ ︽ᠮᠣᠩᠭᠤᠯ ᠦᠨᠳᠦᠰᠦᠲᠡᠨ ᠤ ᠱᠠᠭ᠎ᠠ ᠶᠢᠨ ᠰᠣᠶᠣᠯ ᠤᠨ ᠰᠤᠳᠤᠯᠤᠯ︾᠂ ᠦᠨᠳᠦᠰᠦᠲᠡᠨ ᠤ | ᠬᠡᠪᠯᠡᠯ ᠤᠨ ᠬᠤᠷᠢᠶ᠎ᠠ᠂ 2017 ᠣᠨ᠃ | |