ᠣᠶᠠᠭᠠᠴᠢ ᠬᠠᠰᠡᠷᠳᠡᠨᠢ ᠣᠯᠠᠭᠠᠨ ᠮᠣᠷᠢ ᠲᠠᠢ ᠪᠠᠨ ᠰᠢᠢᠳᠪᠦᠷᠢᠲᠦ ᠣᠷᠣᠯᠳᠣᠭᠠᠨ ᠳᠤ ᠣᠷᠣᠯᠴᠠᠬᠤ ᠪᠠᠷ ᠪᠡᠯᠡᠬᠡᠨ ᠪᠣᠯᠤᠯ᠎ᠠ
ᠨᠡᠶᠢᠲᠡᠯᠡᠭᠰᠡᠨ ᠴᠠᠭ᠄
2023/12/25
         ᠣᠶᠠᠭᠠᠴᠢ ᠬᠠᠰᠡᠷᠳᠡᠨᠢ ᠣᠯᠠᠭᠠᠨ ᠮᠣᠷᠢ ᠲᠠᠢ ᠪᠠᠨ ᠰᠢᠢᠳᠪᠦᠷᠢᠲᠦ ᠣᠷᠣᠯᠳᠣᠭᠠᠨ ᠳᠤ ᠣᠷᠣᠯᠴᠠᠬᠤ ᠪᠠᠷ ᠪᠡᠯᠡᠬᠡᠨ ᠪᠣᠯᠤᠯ᠎ᠠ                                                            ᠴᠠᠩ ᠬᠥᠤᠷᠭᠡ ᠰᠠᠪᠰᠠᠭᠤᠯᠤᠭᠰᠠᠨ ᠮᠥᠩᠭᠦᠨ ᠡᠪᠦᠯ ᠤᠨ ᠦᠵᠦᠮᠦᠴᠢᠨ ᠨᠤᠲᠤᠭ ᠤᠨ ᠣᠢ ᠲᠠᠶᠢᠭ᠎ᠠ᠂ ᠭᠤᠪᠢ ᠬᠥᠨᠳᠡᠢ᠂ ᠡᠯᠡᠰᠦ ᠮᠠᠩᠬ᠎ᠠ ᠥᠪᠴᠢ ᠪᠠᠷ ᠢᠶᠠᠨ ᠴᠠᠰᠤ ᠮᠦᠰᠦᠨ ᠳᠤ ᠬᠤᠴᠢᠭᠳᠠᠵᠤ  ᠂  ᠬᠥᠬᠡᠬᠡ ᠡᠪᠦᠯ ᠤᠨ ᠬᠦᠢᠲᠡᠨ ᠤ ᠡᠷᠴᠢ ᠡᠳᠦᠷ ᠢᠷᠡᠭᠦᠶ᠎ᠡ ᠴᠢᠩᠭᠠᠷᠠᠨ᠎ᠠ  ᠃   ᠭᠡᠯ᠎ᠡ ᠴᠦ ᠡᠪᠦᠯ ᠤᠨ ᠪᠡᠯᠡᠳᠬᠡᠯ ᠠᠵᠢᠯ ᠢᠶᠠᠨ ᠡᠷᠲᠡ ᠠᠮᠵᠢᠭᠤᠯᠤᠭᠰᠠᠨ ᠮᠠᠯᠴᠢᠨ ᠬᠠᠰᠡᠷᠳᠡᠨᠢ ᠶᠢᠨ ᠬᠢᠨ ᠤ ᠡᠪᠦᠯᠵᠢᠶᠡᠨ  ᠳᠤ ᠮᠠᠯ  ᠤᠨᠤᠭ᠎ᠠ   ᠨᠢ ᠳᠠᠷᠭᠤᠨ ᠲᠠᠪᠠᠲᠠᠢ ᠢᠳᠡᠰᠢᠯᠡᠵᠦ  ᠂  ᠳᠠᠶᠢᠪᠤᠩ ᠠᠮᠤᠭᠤᠯᠠᠩ ᠡᠪᠦᠯᠵᠢᠵᠦ  ᠪᠠᠶᠢᠯ᠎ᠠ  ᠃     ᠬᠠᠰᠡᠷᠳᠡᠨᠢ ᠪᠣᠯ ᠪᠠᠷᠠᠭᠤᠨ ᠦᠵᠦᠮᠦᠴᠢᠨ ᠬᠤᠰᠢᠭᠤᠨ ᠤ ᠣᠯᠠᠭᠠᠨᠬᠠᠭᠠᠯᠭ᠎ᠠ ᠰᠣᠮᠤᠨ ᠤ ᠳᠠᠪᠰᠢᠯᠲᠤ ᠭᠠᠴᠠᠭᠠᠨ ᠤ ᠮᠠᠯᠴᠢᠨ᠃ ᠲᠡᠷᠡᠪᠡᠷ ᠦᠶ᠎ᠡ ᠳᠠᠮᠵᠢᠨ ᠣᠷᠣᠯᠳᠣᠭᠠᠨ ᠮᠣᠷᠢ ᠬᠤᠷᠳᠣᠯᠠᠭᠤᠯᠵᠤ ᠢᠷᠡᠭᠰᠡᠨ ᠢᠶᠠᠷ ᠢᠶᠠᠨ ᠨᠤᠲᠤᠭ ᠤᠰᠤᠨ ᠳᠠᠭᠠᠨ ᠣᠶᠠᠭᠠᠴᠢ ᠠᠯᠳᠠᠷ ᠲᠠᠢ ᠪᠢᠯᠡ᠃ ᠲᠥᠴᠢᠨ ᠨᠠᠰᠣᠨ ᠤ ᠲᠥᠷᠦᠭᠡᠨ ᠳᠤ ᠦᠨᠳᠡᠶᠢᠭᠰᠡᠨ ᠬᠠᠰᠡᠷᠳᠡᠨᠢ ᠵᠠᠯᠠᠭᠤ ᠪᠠᠭ᠎ᠠ ᠨᠠᠰᠣᠨ ᠠᠴᠠ ᠪᠠᠨ ᠠᠪᠤ ᠪᠠᠨ ᠳᠠᠭᠠᠵᠤ ᠣᠷᠣᠯᠳᠣᠭᠠᠨ ᠮᠣᠷᠢ ᠰᠢᠨᠵᠢᠨ ᠰᠣᠶᠢᠵᠤ᠂ ᠭᠤᠷᠪᠠᠨ ᠬᠤᠯᠠ ᠮᠣᠷᠢ᠂ ᠬᠡᠭᠡᠷ ᠮᠣᠷᠢ  ᠂ ᠬᠥᠷᠡᠩ ᠮᠣᠷᠢ ᠵᠡᠷᠭᠡ ᠣᠯᠠᠨ ᠰᠠᠶᠢᠬᠠᠨ ᠬᠤᠷᠳᠤᠨ ᠬᠥᠯᠦᠭ ᠣᠶᠠᠵᠤ ᠬᠤᠷᠳᠤᠯᠠᠭᠤᠯᠤᠨ ᠦᠵᠦᠭᠦᠷ ᠲᠡᠷᠢᠭᠦᠨ ᠪᠤᠯᠢᠶᠠᠯᠳᠣᠵᠤ ᠠᠶᠢᠷᠠᠭᠳᠠᠵᠤ ᠶᠠᠪᠤᠭᠰᠠᠨ ᠪᠠᠶᠢᠨ᠎ᠠ  ᠃      ᠡᠶᠢᠨᠬᠦ ᠣᠶᠢᠷ᠎ᠠ ᠶᠢᠨ ᠬᠤᠶᠠᠷ  ᠵᠢᠯ ᠬᠤᠯᠠ ᠣᠶᠢᠷ᠎ᠠ ᠳᠠᠭᠠᠨ ᠠᠯᠳᠠᠷᠲᠠᠢ ᠳᠠᠪᠬᠢᠵᠤ ᠪᠠᠶᠢᠭ᠎ᠠ ᠲᠡᠭᠦᠨ ᠤ ᠬᠠᠶᠢᠷᠠᠲᠠᠢ ᠬᠦᠯᠦᠭ ᠣᠯᠠᠭᠠᠨ ᠮᠣᠷᠢ ᠨᠢ ᠵᠥᠪᠬᠡᠨ ᠡᠨᠡ ᠵᠢᠯ  ᠳᠤ 24 ᠣᠳᠠᠭ᠎ᠠ  ᠶᠡᠭᠡ ᠪᠠᠭ᠎ᠠ ᠨᠡᠶᠢᠷ ᠲᠤ ᠳᠠᠪᠬᠢᠭᠠᠳ ᠠᠷᠪᠠ ᠤᠳᠠᠭ᠎ᠠ ᠲᠡᠷᠢᠭᠦᠨ ᠮᠠᠩᠨᠠᠢ ᠮᠢᠯᠢᠶᠠᠯᠭᠠᠵᠤ᠂ ᠪᠣᠰᠣᠳ  ᠨᠠᠶᠢᠷ ᠲᠤ ᠨᠢ ᠴᠥᠮ ᠠᠶᠢᠷᠠᠭᠳᠠᠵᠤ ᠢᠷᠡᠭᠰᠡᠨ ᠳᠡᠮᠳᠡᠭᠯᠡᠯ ᠲᠠᠢ  ᠃  ᠣᠷᠣᠯᠳᠣᠭᠠᠨ ᠮᠣᠷᠢ ᠣᠶᠠᠵᠤ ᠰᠣᠶᠢᠵᠤ ᠬᠤᠷᠳᠣᠯᠠᠭᠤᠯᠬᠤ  ᠳᠤ ᠣᠶᠠᠭᠠᠴᠢ ᠡᠵᠡᠨ ᠤ ᠡᠷᠲᠡᠯᠡᠵᠦ ᠣᠷᠣᠶᠢᠯᠠᠬᠤ ᠣᠶᠢᠭ᠎ᠠ ᠦᠭᠡᠢ ᠬᠥᠳᠡᠯᠮᠦᠷᠢ ᠬᠦᠴᠦ᠂ ᠠᠵᠢᠭᠴᠢ ᠬᠢᠨᠠᠭᠤᠷ ᠰᠢᠷᠭᠠᠭᠤ ᠬᠠᠳᠠᠭᠤᠵᠢᠯ ᠢ ᠱᠠᠭᠠᠷᠳᠠᠳᠠᠭ᠃ ᠨᠡᠩ ᠴᠤ ᠡᠪᠦᠯ ᠤᠨ ᠣᠯᠠᠷᠢᠯ ᠳᠤ ᠣᠷᠣᠯᠳᠣᠭᠠᠨ ᠮᠣᠷᠢ ᠰᠣᠷᠢᠵᠤ ᠰᠣᠶᠢᠬᠤ ᠳᠤ ᠣᠶᠠᠭᠠᠴᠢ᠂ ᠤᠨᠤᠭᠠᠴᠢ  ᠶᠢᠨ ᠬᠡᠨ ᠠᠯᠢᠨ ᠳᠤ ᠴᠦ ᠬᠠᠲᠠᠭᠤ ᠰᠢᠯᠭᠠᠯᠲᠠ ᠠᠪᠴᠢᠷᠠᠳᠠᠭ  ᠃    ᠬᠠᠰᠡᠷᠳᠡᠨᠢ ᠡᠨᠡ ᠡᠪᠦᠯ᠂ ᠵᠤᠨᠵᠢᠨ ᠳᠠᠪᠬᠢᠭᠰᠠᠨ ᠤᠯᠠᠭᠠᠨ ᠮᠣᠷᠢᠨ ᠤ ᠪᠠᠨ ᠣᠨᠣᠯᠭ᠎ᠠ ᠡᠳ᠋ᠯᠡᠭᠡ ᠶᠢ ᠵᠤᠬᠢᠴᠠᠭᠤᠯᠵᠤ᠂ ︽ᠮᠤᠩᠭᠤᠯ ᠮᠣᠷᠢᠨ ᠤ ᠵᠣᠷᠢᠭ ᠰᠠᠨᠠᠭ᠎ᠠ ᠬᠤᠨᠳᠠᠭᠠᠲᠤ︾ ᠬᠤᠯᠪᠤᠭᠠᠲᠤ ᠣᠷᠣᠯᠳᠣᠭᠠᠨ ᠬᠢᠬᠦ ᠰᠣᠷᠠᠭ ᠢᠶᠠᠷ ᠤᠯᠠᠭᠠᠨ ᠮᠣᠷᠢᠨ ᠤ ᠪᠠᠨ ᠡᠪᠡᠰᠦ ᠲᠡᠵᠢᠭᠡᠯ ᠢ ᠲᠡᠩᠴᠡᠭᠦᠯᠦᠨ᠂ ᠥᠷᠯᠦᠭᠡ ᠣᠷᠣᠢ ᠶᠢᠨ ᠮᠠᠯ ᠲᠡᠵᠢᠭᠡᠯᠭᠡ ᠶᠢᠨ ᠠᠵᠢᠯ ᠤᠨ ᠵᠠᠪ ᠴᠢᠯᠦᠭᠡ ᠪᠠᠷ ᠢᠶᠠᠨ ᠣᠶᠢᠷ᠎ᠠ ᠵᠠᠭᠤᠷ᠎ᠠ ᠳᠠᠪᠬᠢᠭᠤᠯᠵᠤ ᠬᠦᠯᠦᠰᠦᠯᠡᠵᠦ ᠬᠦᠩᠭᠡᠷᠡᠭᠡᠭᠡᠳ ᠭᠠᠴᠠᠭ᠎ᠠ᠂ ᠰᠤᠮᠤᠨ ᠲᠡᠰ ᠤᠨ ᠬᠤᠯᠪᠤᠭᠠᠲᠤ ᠣᠷᠣᠯᠳᠣᠭᠠᠨ ᠳᠤ ᠠᠶᠢᠷᠠᠭᠳᠠᠭᠰᠠᠨ ᠢᠶᠠᠷ ︽ᠮᠤᠩᠭᠤᠯ ᠮᠣᠷᠢᠨ ᠤ ᠵᠣᠷᠢᠭ ᠰᠠᠨᠠᠭ᠎ᠠ ᠬᠤᠨᠳᠠᠭᠠᠲᠤ  ︾ ᠳᠣᠮᠳᠠᠳᠣ ᠣᠯᠣᠰ ᠤᠨ ᠠᠳᠣᠭᠤᠨ ᠰᠣᠶᠣᠯ ᠤᠨ ᠲᠥᠪ ᠰᠢᠯᠢ ᠶᠢᠨ ᠭᠤᠣᠯ ᠤᠨ ᠮᠣᠩᠭᠤᠯ ᠮᠣᠷᠢᠨ ᠤ ᠬᠤᠯᠪᠤᠭᠠᠲᠤ ᠣᠷᠣᠯᠳᠣᠭᠠᠨ ᠤ ᠪᠠᠷᠠᠭᠤᠨ ᠦᠵᠦᠮᠦᠴᠢᠨ ᠬᠤᠰᠢᠭᠤᠨ ᠤ ᠰᠢᠢᠳᠪᠦᠷᠢᠲᠦ ᠣᠷᠣᠯᠳᠣᠭᠠᠨ ᠳᠤ ᠣᠷᠣᠯᠴᠠᠬᠤ ᠡᠷᠬᠡ ᠶᠢ ᠣᠯᠵᠤ᠂ ᠣᠶᠢᠷ᠎ᠠ ᠶᠢᠨ ᠡᠳᠦᠷ  ᠣᠷᠣᠯᠳᠣᠭᠠᠨ ᠮᠤᠷᠢᠨ ᠤ ᠪᠠᠨ ᠣᠶᠠᠭ᠎ᠠ ᠰᠤᠶᠢᠯᠭ᠎ᠠ ᠶᠢ ᠲᠡᠩᠴᠡᠭᠦᠯᠬᠦ ᠭᠡᠵᠦ ᠨᠡᠩ ᠶᠠᠭᠠᠷᠠᠯᠲᠠᠶᠢᠬᠠᠨ ᠠᠵᠢᠯᠯᠠᠵᠤ  ᠂ ᠤᠳᠠᠯ ᠦᠭᠡᠢ ᠢᠷᠡᠬᠦ ᠰᠢᠢᠳᠪᠦᠷᠢᠲᠦ ᠤᠷᠤᠯᠳᠤᠭᠠᠨ ᠳᠤ ᠠᠮᠵᠢᠯᠲᠠ ᠪᠦᠲᠦᠮᠵᠢ ᠭᠠᠷᠭᠠᠬᠤ  ᠪᠠᠷ ᠮᠡᠷᠡᠶᠢᠨ᠎ᠡ  ᠃      
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号