ᠴᠠᠭᠠᠨ  ᠲᠤᠰᠦ
ᠨᠡᠶᠢᠲᠡᠯᠡᠭᠰᠡᠨ ᠴᠠᠭ᠄
2022/12/9
                 ᠴᠠᠭᠠᠨ  ᠲᠤᠰᠦ   ᠴᠠᠭᠠᠨ ᠲᠤᠰᠦ ᠪᠣᠯ ᠦᠵᠦᠮᠦᠴᠢᠨ ᠴᠠᠭᠠᠨ ᠢᠳᠡᠭᠡᠨ ᠤ ᠪᠠᠰᠠ ᠨᠢᠭᠡ ᠴᠢᠬᠤᠯᠠ ᠵᠦᠢᠯ᠂ ᠪᠤᠯᠤᠭᠰᠠᠨ ᠰᠦᠨ ᠤ ᠪᠦᠳᠦᠭᠡᠭᠳᠡᠬᠦᠨ᠂ ᠦᠷᠦᠮ᠎ᠡ ᠶᠢᠨ ᠬᠤᠪᠢᠯᠠᠪᠤᠷᠢ᠃ ᠲᠡᠷᠡ ᠨᠢ ᠦᠷᠦᠮ᠎ᠡ ᠶᠢ ᠬᠠᠪᠰᠤᠷᠴᠦ ᠬᠠᠲᠠᠭᠠᠬᠤ ᠪᠢᠰᠢ᠂ ᠬᠠᠷᠢᠨ ᠪᠠᠷᠢᠨ ᠳᠤᠭᠤᠭᠠᠨ ᠠᠴᠠ ᠬᠠᠮᠦᠵᠦ ᠠᠪᠴᠦ ᠮᠠᠵᠢᠭᠠᠳ᠂ ᠪᠣᠭ ᠮᠠᠯ ᠤᠨ ᠬᠦᠵᠡᠭᠡᠨ ᠳᠤ ᠬᠢᠵᠦ ᠤᠷᠲᠦ ᠬᠤᠭᠤᠴᠠᠭ᠎ᠠ ᠪᠠᠷ ᠬᠠᠳᠠᠭᠠᠯᠵᠦ ᠲᠠᠯᠪᠢᠳᠠᠭ᠃ ᠲᠠᠯᠪᠢᠬᠤ ᠳᠤᠳᠤᠮ ᠪᠦᠭᠡᠮᠨᠡᠷᠡᠵᠦ ᠴᠢᠩᠭᠠᠷᠠᠨ ᠢᠰᠴᠦ ᠬᠦᠴᠢᠯᠰᠢᠭᠡᠳ ᠂ ᠬᠠᠳᠠᠬᠤ ᠳᠠᠭᠠᠨ ᠦᠶ᠎ᠡ ᠦᠶ᠎ᠡ ᠰᠢᠷᠠᠯᠠᠵᠦ ᠴᠠᠶᠢᠷᠠᠭᠠᠳ᠂ ᠡᠷᠢᠶᠡᠯᠡᠭᠰᠡᠨ ᠵᠦᠭᠡᠯᠡᠨ ᠬᠠᠷᠢᠮᠠᠬᠠᠢ ᠪᠦᠬᠦᠯᠢ ᠴᠤᠭᠴᠠ ᠪᠤᠯᠳᠠᠭ᠃ ᠴᠠᠭᠠᠨ ᠲᠤᠰᠦ ᠶᠢ ᠦᠵᠦᠮᠦᠴᠢᠨ ᠳᠤ ᠵᠣᠨ ᠨᠠᠮᠦᠷ ᠬᠤᠷᠢᠶᠠᠵᠦ᠂ ᠡᠪᠦᠯ ᠬᠠᠪᠤᠷ ᠤᠨ ᠨᠦᠭᠡᠴᠡ ᠴᠠᠭᠠᠨ ᠢᠳᠡᠭᠡᠨ ᠪᠦᠭᠡᠳ ᠰᠢᠮ᠎ᠡ ᠳᠡᠵᠢᠭᠡᠯ ᠪᠦᠷᠢᠨ᠂ ᠦᠨᠦᠷ ᠠᠩᠭᠢᠯᠤᠮᠠᠯ᠂  ᠠᠮᠲᠠ ᠬᠦᠴᠢᠯᠯᠢᠭ ᠲᠤᠯᠠ ᠨᠠᠰᠤᠳᠠᠶᠢᠴᠤᠳ ᠢᠳᠡᠬᠦ ᠳᠤ ᠶᠡᠭᠡ ᠲᠤᠬᠢᠷᠠᠮᠵᠢᠳᠠᠢ᠃ ᠡᠶᠢᠮᠦ ᠠᠴᠠ ᠴᠠᠭᠠᠨ ᠳᠤᠰᠦ ᠨᠢ ᠡᠪᠦᠯ ᠬᠠᠪᠤᠷ ᠤᠨ ᠴᠠᠢ ᠶᠢᠨ ᠬᠢᠴᠡ᠂ ᠴᠠᠭᠠᠨ ᠢᠳᠡᠭᠡᠨ ᠤ ᠥᠩᠭᠡ᠂ ᠨᠢᠭᠡ ᠵᠦᠢᠯ ᠤᠨ ᠲᠤᠰᠬᠠᠢ ᠴᠠᠭᠠᠨ ᠢᠳᠡᠭᠡᠨ ᠪᠠᠶᠢᠳᠠᠭ᠃  
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号