ᠴᠠᠭᠠᠨ  ᠳᠤᠰᠦ
ᠨᠡᠶᠢᠲᠡᠯᠡᠭᠰᠡᠨ ᠴᠠᠭ᠄
2022/12/5
                 ᠴᠠᠭᠠᠨ  ᠳᠤᠰᠦ     ᠴᠠᠭᠠᠨ ᠳᠤᠰᠦ ᠪᠣᠯ ᠦᠵᠦᠮᠦᠴᠢᠨ ᠴᠠᠭᠠᠨ ᠢᠳᠡᠭᠡᠨ ᠤ ᠪᠠᠰᠠ ᠨᠢᠭᠡ ᠴᠢᠬᠤᠯᠠ ᠵᠦᠢᠯ᠂ ᠪᠤᠯᠤᠭᠰᠠᠨ ᠰᠦᠨ ᠤ ᠪᠦᠳᠦᠭᠡᠭᠳᠡᠬᠦᠨ᠂ ᠦᠷᠦᠮ᠎ᠡ ᠶᠢᠨ ᠬᠤᠪᠢᠯᠠᠪᠤᠷᠢ᠃ ᠲᠡᠷᠡ ᠨᠢ ᠦᠷᠦᠮ᠎ᠡ ᠶᠢ ᠬᠠᠪᠰᠤᠷᠴᠦ ᠬᠠᠲᠠᠭᠠᠬᠤ ᠪᠢᠰᠢ᠂ ᠬᠠᠷᠢᠨ ᠪᠠᠷᠢᠨ ᠳᠤᠭᠤᠭᠠᠨ ᠠᠴᠠ ᠬᠠᠮᠤᠵᠦ ᠠᠪᠴᠦ ᠮᠠᠵᠢᠭᠠᠳ᠂ ᠪᠤᠭ ᠮᠠᠯ ᠤᠨ ᠭᠦᠵᠡᠭᠡᠨ ᠳᠤ ᠬᠢᠵᠦ ᠤᠷᠲᠦ ᠬᠤᠭᠤᠴᠠᠭ᠎ᠠ ᠪᠠᠷ ᠬᠠᠲᠠᠭᠠᠯᠠᠵᠦ ᠲᠠᠯᠪᠢᠳᠠᠭ᠃ ᠲᠠᠯᠪᠢᠬᠤ ᠲᠤᠳᠤᠮ ᠪᠦᠭᠡᠮᠨᠡᠷᠡᠵᠦ ᠴᠢᠩᠭᠠᠷᠠᠨ ᠢᠰᠴᠦ ᠬᠦᠴᠢᠯᠰᠢᠭᠡᠳ᠂ ᠬᠠᠲᠠᠬᠤ ᠳᠠᠭᠠᠨ ᠦᠶ᠎ᠡ ᠥᠶ᠎ᠡ ᠰᠢᠷᠠᠯᠠᠵᠦ ᠴᠠᠶᠢᠷᠠᠭᠠᠳ᠂ ᠡᠷᠢᠶᠡᠯᠡᠭᠰᠡᠨ ᠵᠦᠭᠡᠯᠡᠨ ᠬᠠᠷᠢᠮᠠᠬᠠᠢ ᠪᠦᠬᠦᠯᠢ ᠴᠤᠭᠴᠠ ᠪᠤᠯᠳᠠᠭ᠃ ᠴᠠᠭᠠᠨ ᠳᠤᠰᠦ ᠶᠢ ᠦᠵᠦᠮᠦᠴᠢᠨ ᠳᠤ ᠵᠣᠨ ᠨᠠᠮᠤᠷ ᠬᠤᠷᠢᠶᠠᠵᠦ᠂ ᠡᠪᠦᠯ ᠬᠠᠪᠤᠷ ᠤᠨ ᠨᠦᠭᠡᠴᠡ ᠴᠠᠭᠠᠨ ᠢᠳᠡᠭᠡᠨ ᠪᠦᠭᠡᠳ ᠰᠢᠮ᠎ᠡ ᠳᠡᠵᠢᠭᠡᠯ ᠪᠦᠷᠢᠨ᠂ ᠦᠨᠦᠷ ᠠᠩᠭᠢᠯᠤᠮᠠᠯ᠂ ᠠᠮᠳᠠ ᠬᠦᠴᠢᠯᠯᠢᠭ ᠲᠤᠯᠠ ᠨᠠᠰᠤᠳᠠᠶᠢᠴᠤᠳ ᠢᠳᠡᠬᠦ ᠳᠤ ᠲᠤᠬᠢᠷᠠᠮᠵᠢᠳᠠᠢ᠃ ᠡᠶᠢᠮᠦ ᠠᠴᠠ ᠴᠠᠭᠠᠨ ᠳᠤᠰᠦ ᠨᠢ ᠡᠪᠦᠯ ᠬᠠᠪᠤᠷ ᠤᠨ ᠴᠠᠢ ᠶᠢᠨ ᠬᠢᠴᠡ᠂ ᠴᠠᠭᠠᠨ ᠢᠳᠡᠭᠡᠨ ᠤ ᠥᠩᠭᠡ᠂ ᠨᠢᠭᠡ ᠵᠦᠢᠯ ᠤᠨ ᠲᠤᠰᠬᠠᠢ ᠴᠠᠭᠠᠨ ᠢᠳᠡᠭᠡᠨ ᠪᠠᠶᠢᠳᠠᠭ᠃
 
ᠢᠷᠡᠯᠲᠡ᠄ ᠦᠵᠦᠮᠦᠴᠢᠨ ᠠᠢᠮᠠᠭ ᠨᠣᠮ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号