ᠦᠵᠦᠮᠦᠴᠢᠨ ᠤᠷᠲᠤ ᠶᠢᠨ ᠳᠠᠭᠤᠤ | ᠦᠵᠦᠮᠦᠴᠢᠨᠴᠦᠳ ᠤᠷᠤᠭ ᠬᠤᠷᠢᠮ᠂ ᠨᠠᠶᠢᠷ ᠨᠠᠭᠠᠳᠤᠮ᠂ ᠵᠢᠯ ᠤᠰᠤᠨ ᠤ ᠪᠠᠶᠠᠷ ᠨᠠᠶᠢᠷ ᠡᠭᠦᠰᠭᠡᠬᠦ | ᠳᠡᠭᠡᠨ《 ᠪᠤᠭᠳᠠ ᠴᠢᠩᠭᠢᠰ 》᠂《 ᠶᠡᠭᠡ ᠪᠤᠭᠳᠠ ᠪᠤᠯᠠᠭᠠᠠ ᠬᠠᠩᠭᠠᠢ 》᠂《 ᠢᠯᠠᠭᠤᠭᠰᠠᠠ ᠡᠷᠬᠡᠲᠦ 》 | ᠵᠡᠷᠭᠡ ᠲᠦᠷᠦ ᠶᠢᠨ ᠭᠤᠷᠪᠠᠨ ᠳᠠᠭᠤᠤ ᠪᠠᠨ ᠳᠠᠭᠤᠯᠠᠵᠤ ᠡᠬᠢᠯᠡᠭᠦᠯᠳᠡᠭ ᠵᠠᠩᠰᠢᠯ ᠲᠠᠢ᠃ | ᠦᠵᠦᠮᠦᠴᠢᠨ ᠠᠷᠠᠳ ᠤᠨ ᠤᠷᠲᠤ ᠶᠢᠨ ᠳᠠᠭᠤᠤ ᠪᠤᠯᠭᠠᠨ ᠨᠢ ᠲᠡᠦᠬᠡ ᠲᠤᠮᠤᠭ ᠤᠨ ᠤᠯᠪᠠᠭ᠎ᠠ ᠲᠠᠢ | ᠪᠠᠶᠢᠳᠠᠭ ᠶᠤᠮ᠃《 ᠶᠡᠭᠡ ᠪᠤᠭᠳᠠ ᠪᠤᠯᠠᠭᠠᠠ ᠬᠠᠩᠭᠠᠢ 》 ᠭᠡᠬᠦ ᠳᠠᠭᠤᠤ ᠪᠤᠯ ᠦᠵᠦᠮᠦᠴᠢᠨ ᠠᠶᠢᠮᠠᠭ ᠤᠨ ᠠᠷᠪᠠᠨ | ᠲᠤᠯᠤᠳᠤᠭᠠᠷ ᠵᠠᠭᠤᠨ ᠤ ᠡᠬᠢ ᠪᠠᠷ ᠠᠵᠤ ᠲᠦᠷᠦᠨ ᠠᠮᠢᠳᠤᠷᠠᠵᠤ ᠪᠠᠶᠢᠭᠰᠠᠠ ᠤᠤᠭᠠᠯ ᠨᠤᠲᠤᠭ ᠤᠰᠤ ᠪᠤᠯᠬᠤ | ᠠᠯᠲᠠᠢ ᠠᠭᠤᠯᠠᠠ ᠤ ᠦᠵᠦᠮ ᠤᠨ ᠴᠠᠭᠠᠨ ᠠᠭᠤᠯᠠ ᠪᠠᠨ ᠲᠤᠷᠠᠰᠤᠨ ᠰᠠᠨᠠᠭᠠᠯᠵᠠᠭᠰᠠᠠ ᠳᠠᠭᠤᠤ ᠪᠤᠯᠬᠤ ᠶᠤᠮ᠃ | ᠦᠵᠦᠮᠦᠴᠢᠨ ᠠᠷᠠᠳ ᠤᠨ ᠤᠷᠲᠤ ᠶᠢᠨ ᠳᠠᠭᠤᠤ ᠶᠢ ᠤᠷᠳᠤᠨ ᠤ ᠲᠠᠭᠤᠤ᠂ ᠱᠠᠰᠢᠨ ᠤ ᠳᠠᠭᠤᠤ᠂ ᠨᠠᠶᠢᠷ | ᠬᠤᠷᠢᠮ ᠤᠨ ᠳᠠᠭᠤᠤ ᠭᠡᠬᠦ ᠭᠤᠷᠪᠠᠠ ᠶᠡᠭᠡ ᠲᠦᠷᠦᠯ ᠳᠤ ᠬᠤᠪᠢᠶᠠᠳᠠᠭ ᠶᠤᠮ᠃ ᠤᠳᠤ ᠪᠤᠯᠳᠠᠯ᠎ᠠ ᠪᠢᠳᠠᠠ ᠤ | ᠴᠤᠭᠯᠠᠭᠤᠯᠤᠭᠰᠠᠠ ᠦᠵᠦᠮᠦᠴᠢᠨ ᠤᠷᠲᠤ ᠶᠢᠨ ᠳᠠᠭᠤᠤ 100 ᠭᠠᠷᠤᠢ ᠪᠠᠶᠢᠳᠠᠭ ᠪᠤᠯᠪᠠᠴᠤ ᠪᠠᠶᠢᠩᠭᠤ | ᠳᠠᠭᠤᠯᠠᠭᠳᠠᠳᠠᠭ ᠨᠢ《 ᠳᠦᠭᠦᠷᠡᠩᠵᠠᠭᠠᠨ 》᠂《 ᠠᠯᠲᠠᠠ ᠵᠢᠭᠦᠷ ᠲᠠᠢ ᠴᠡᠭᠴᠦᠬᠡᠢ 》᠂《 ᠬᠠᠨ ᠠᠭᠤᠯᠠ | ᠶᠢᠨ ᠴᠠᠰᠤ 》᠂ 《 ᠴᠠᠭᠠᠠ ᠲᠤᠬᠤᠢ ᠨᠤᠲᠤᠭ 》᠂《 ᠨᠠᠷᠢᠨ ᠬᠦᠬᠡ ᠮᠤᠷᠢ 》 ᠵᠡᠷᠭᠡ ᠬᠤᠷᠢ ᠭᠠᠷᠤᠢ | ᠳᠠᠭᠤᠤ ᠪᠤᠢ᠃ | ᠴᠢᠯᠦᠭᠡᠯᠡᠭᠳᠡᠬᠦ ᠠᠴᠠ ᠡᠮᠦᠨ᠎ᠡ ᠰᠡᠷᠡᠩᠸᠠᠩᠵᠢᠯ᠂ ᠰᠡᠷᠡᠩᠪᠠᠽᠠᠷ᠂ ᠰᠡᠷᠡᠩ ᠭᠡᠵᠦ ᠦᠵᠦᠮᠦᠴᠢᠨ ᠤ《 | ᠭᠤᠷᠪᠠᠨ ᠰᠧ 》 ᠬᠡᠮᠡᠡ ᠠᠯᠳᠠᠷᠰᠢᠭᠰᠠᠨ ᠳᠠᠭᠤᠴᠢᠳ ᠪᠠᠶᠢᠭᠰᠠᠨ ᠳᠡᠳᠦᠢ ᠦᠭᠡᠢ ᠮᠤᠩᠭᠤᠯ ᠤᠷᠲᠤ ᠶᠢᠨ ᠳᠠᠭᠤᠤ | ᠶᠢᠨ ᠶᠡᠭᠡ ᠪᠠᠭᠰᠢ ᠵᠠᠭᠤᠨᠠᠰᠤᠲᠤ᠂ ᠠᠯᠳᠠᠷᠳᠤ ᠳᠠᠭᠤᠴᠢᠨ᠂ ᠤᠯᠤᠰ ᠤᠨ ᠳᠡᠰ ᠤᠨ ᠤᠷᠲᠤ ᠶᠢᠨ ᠳᠠᠭᠤᠤ ᠶᠢᠨ | ᠦᠪᠯᠡᠡ ᠤᠯᠠᠮᠵᠢᠯᠠᠭᠴᠢ᠂ ᠳᠠᠷᠬᠠᠠ ᠳᠠᠭᠤᠴᠢᠨ ᠮᠧᠳᠡᠭ ᠨᠠᠷ ᠤᠨ ᠤᠷᠲᠤ ᠶᠢᠨ ᠳᠠᠭᠤᠤ ᠪᠠᠨ ᠳᠠᠭᠤᠯᠠᠨ | ᠤᠯᠠᠮᠵᠢᠯᠠᠵᠤ᠂ ᠳᠠᠭᠤᠷᠢᠰᠬᠠᠨ ᠠᠯᠳᠠᠷᠰᠢᠭᠰᠠᠠ ᠠᠯᠳᠠᠷ ᠭᠠᠪᠢᠶ᠎ᠠ ᠦᠭᠭᠦᠭᠡᠵᠢ ᠵᠢᠳᠬᠦᠯ ᠢ ᠦᠨᠡᠯᠡᠨ ᠲᠡᠮᠳᠡᠭᠯᠡᠭᠦᠰᠢᠲᠡᠢ | ᠁ | ᠦᠵᠦᠮᠦᠴᠢᠨ ᠠᠷᠠᠳ ᠤᠨ ᠤᠷᠲᠤ ᠶᠢᠨ ᠳᠠᠭᠤᠤ ᠨᠢ ᠠᠶ᠎ᠠ ᠠᠮᠢᠰᠬᠤᠯ ᠠᠭᠤᠵᠢᠮ ᠲᠡᠨᠢᠭᠦᠨ᠂ ᠬᠦᠭ | ᠠᠶᠠᠯᠭᠤ ᠤᠷᠤᠰᠤᠮ᠎ᠠ ᠴᠢᠯᠦᠭᠡᠲᠡᠢ᠂ ᠡᠭᠡᠰᠢᠭ ᠨᠤᠭᠤᠯᠠᠭ᠎ᠠ ᠤᠷᠠᠨ ᠭᠤᠶᠢᠳᠠ ᠁ ᠵᠡᠷᠭᠡ ᠤᠨᠴᠠᠯᠢᠭ ᠲᠠᠢ | ᠪᠠᠶᠢᠳᠠᠭ ᠪᠠ ᠬᠠᠮᠤᠭ ᠤᠨ ᠭᠤᠤᠯ ᠨᠢ ᠴᠠᠶᠢᠷᠠᠭᠤᠯᠬᠤ᠂ ᠰᠢᠷᠭᠤᠭᠤᠯᠬᠤ ᠳᠠᠭᠤᠯᠠᠬᠤᠢ ᠶᠢᠨ ᠠᠷᠭ᠎ᠠ ᠪᠠᠷᠢᠯ ᠪᠠᠷ ᠢᠶᠠᠨ | ᠰᠦᠨᠢᠳ᠂ ᠠᠪᠠᠭ᠎ᠠ᠂ ᠤᠷᠠᠳ ᠵᠡᠷᠭᠡ ᠤᠷᠤᠨ ᠨᠤᠲᠤᠭ ᠤᠨ ᠤᠷᠲᠤ ᠶᠢᠨ ᠳᠠᠭᠤᠤ ᠠᠴᠠ ᠢᠯᠭᠠᠭᠳᠠᠳᠠᠭ᠃ |