ᠦᠵᠦᠮᠦᠴᠢᠨ ᠲᠠᠬᠢᠯᠭ᠎ᠠ | ᠦᠵᠦᠮᠦᠴᠢᠨ ᠲᠠᠬᠢᠯᠭ᠎ᠠ ᠤᠪᠤᠭ᠎ᠠ ᠳᠠᠬᠢᠯᠭ᠎ᠠ ᠪᠤᠯᠤᠨ ᠰᠦᠯᠳᠡ ᠶᠢᠨ ᠳᠠᠬᠢᠯᠭ᠎ᠠ ᠭᠡᠵᠦ ᠬᠤᠶᠠᠷ ᠵᠦᠢᠯ | ᠪᠠᠶᠢᠳᠠᠭ ᠶᠤᠮ᠃ | ᠤᠪᠤᠭ᠎ᠠ ᠳᠠᠬᠢᠬᠤ ᠵᠠᠩᠰᠢᠯ ᠨᠢ ᠶᠡᠭᠡ ᠪᠠᠶᠢᠭᠠᠯᠢ ᠶᠢᠨ ᠬᠦᠴᠦᠨ ᠴᠢᠳᠠᠯ ᠢ ᠰᠦᠰᠦᠭᠯᠡᠡ ᠰᠢᠲᠦᠳᠡᠭ ᠪᠦᠬᠡ | ᠮᠦᠷᠭᠦᠯ ᠤᠨ ᠱᠠᠰᠢᠨ ᠠᠴᠠ ᠢᠷᠡᠯ ᠲᠠᠢ ᠪᠤᠯᠪᠠᠴᠤ ᠮᠤᠩᠭᠤᠯᠴᠤᠳ ᠤᠨ ᠪᠠᠶᠢᠭᠠᠯᠢ ᠳᠡᠯᠡᠬᠡᠢ ᠤᠷᠴᠢᠨ ᠠᠬᠤᠢ ᠪᠠᠨ | ᠬᠠᠶᠢᠷᠠᠯᠠᠠ ᠨᠡᠨᠳᠢᠩᠨᠠᠳᠠᠭ ᠡᠷᠬᠢᠮ ᠳᠡᠭᠡᠳᠤ ᠦᠵᠡᠯ ᠤᠬᠠᠮᠰᠠᠷ ᠶᠤᠰᠤ ᠵᠦᠢ ᠪᠤᠯᠤᠨ ᠲᠤᠭᠲᠠᠨᠢᠵᠠᠢ᠃ ᠪᠠᠷᠠᠭᠤᠨ | ᠦᠵᠦᠮᠦᠴᠢᠨ ᠬᠤᠰᠢᠭᠤᠨ ᠳᠤ ᠤᠪᠤᠭ᠎ᠠ ᠳᠠᠬᠢᠯᠭ᠎ᠠ ᠨᠢ ᠶᠡᠭᠡ ᠲᠦᠯᠦᠪ ᠪᠢᠯᠢᠭ ᠤᠨ ᠤᠯᠠᠷᠢᠯ ᠤᠨ5 — 6 ᠰᠠᠷ᠎ᠠ | ᠶᠢᠨ ᠬᠤᠭᠤᠷᠤᠨᠳᠤ ᠲᠦᠪᠯᠡᠷᠡᠵᠦ ᠪᠠᠶᠢᠳᠠᠭ ᠶᠤᠮ᠃ ᠤᠪᠤᠭᠠᠠ ᠤ ᠡᠵᠡᠨ ᠪᠡᠶ᠎ᠡ ᠪᠠᠷ ᠨᠢ ᠵᠠᠰᠠᠭ ᠤᠨ ᠤᠪᠤᠭ᠎ᠠ᠂ | ᠪᠠᠭᠰᠢ ᠶᠢᠨ ᠤᠪᠤᠭ᠎ᠠ᠂ ᠰᠦᠮ᠎ᠡ ᠯᠠᠮᠠ ᠶᠢᠨ ᠤᠪᠤᠭ᠎ᠠ᠂ ᠲᠠᠶᠢᠵᠢ ᠶᠢᠨ ᠤᠪᠤᠭ᠎ᠠ᠂ ᠪᠦᠬᠡ ᠶᠢᠨ ᠤᠪᠤᠭ᠎ᠠ᠂ ᠭᠡᠦᠬᠡᠳ | ᠤᠨ ᠤᠪᠤᠭ᠎ᠠ᠂ ᠠᠶᠢᠯ ᠭᠡᠷ ᠤᠨ ᠤᠪᠤᠭ᠎ᠠ︔ ᠪᠠᠶᠢᠷᠢ ᠪᠠᠶᠢᠴᠠ ᠪᠠᠷ ᠨᠢ ᠭᠤᠤᠯ ᠤᠰᠤ ᠠᠭᠤᠯᠠ ᠪᠤᠯᠠᠭ ᠤᠨ | ᠤᠪᠤᠭ᠎ᠠ᠂ ᠬᠠᠷᠠᠭᠤᠯ ᠤᠪᠤᠭ᠎ᠠ᠂ ᠬᠦᠲᠦᠯ ᠤᠪᠤᠭ᠎ᠠ᠂ ᠭᠠᠵᠠᠷ ᠤᠪᠤᠭ᠎ᠠ ᠬᠡᠵᠤ ᠬᠤᠪᠢᠶᠠᠳᠠᠭ ᠪᠠ ᠵᠠᠷᠢᠮ | ᠳᠤᠬᠢᠶᠠᠯᠳᠤᠯ ᠳᠤ ᠦᠨᠡᠡ ᠬᠦᠮᠦᠨ ᠪᠤᠶᠤ ᠮᠠᠯ ᠠᠳᠤᠭᠤᠰᠤᠨ ᠤ ᠨᠡᠷ᠎ᠡ ᠪᠠᠷ ᠰᠢᠭᠤᠳ ᠨᠡᠷᠡᠯᠡᠭᠰᠡᠡ ᠤᠪᠤᠭ᠎ᠠ ᠴᠦ | ᠪᠠᠶᠢᠳᠠᠭ᠃ ᠪᠦᠷᠢᠳᠭᠡᠯ ᠢᠶᠠᠷ ᠪᠠᠷᠠᠭᠤᠨ ᠦᠵᠦᠮᠦᠴᠢᠨ ᠬᠤᠰᠢᠭᠤᠨ ᠳᠤ ᠤᠳᠤ ᠪᠠᠷ ᠳᠠᠬᠢᠯᠭ᠎ᠠ ᠲᠠᠢ ᠤᠪᠤᠭᠠᠳ | ᠬᠤᠶᠠᠷ ᠵᠠᠭᠤ ᠰᠢᠬᠠᠮ ᠪᠠᠶᠢᠵᠦ᠂ ᠬᠠᠮᠤᠭ ᠡᠬᠢᠨ ᠤ ᠬᠢᠨᠢ ᠪᠢᠯᠢᠭ ᠤᠨ 4 ᠰᠠᠷ᠎ᠠ ᠶᠢᠨ 16 ᠳᠤ ᠳᠠᠬᠢᠳᠠᠭ ᠠᠳᠤᠭᠤᠨ | ᠤᠪᠤᠭ᠎ᠠ᠂ ᠬᠠᠮᠤᠭ ᠰᠡᠭᠦᠯ ᠤᠨ ᠬᠢᠨᠢ ᠪᠢᠯᠢᠭ ᠤᠨ 8 ᠰᠠᠷ᠎ᠠ ᠶᠢᠨ 8 ᠳᠤ ᠳᠠᠬᠢᠳᠠᠭ ᠪᠤᠷᠤ ᠬᠤᠰᠢᠭᠤ ᠤᠪᠤᠭ᠎ᠠ | ᠪᠤᠯᠤᠨ᠎ᠠ᠃ | ᠦᠵᠦᠮᠦᠴᠢᠨᠴᠦᠳ ᠤᠨ ᠳᠠᠬᠢᠯᠭ᠎ᠠ ᠳᠤᠳᠤᠷᠠᠬᠢ ᠤᠨᠳᠤᠤ ᠨᠢᠭᠡ ᠵᠦᠢᠯ ᠨᠢ ᠳᠠᠷᠤᠢ ᠦᠵᠦᠮᠦᠴᠢᠨ ᠰᠦᠯᠳᠡ | ᠶᠢᠨ ᠳᠠᠬᠢᠯᠭ᠎ᠠ ᠪᠤᠯᠬᠤ ᠶᠤᠮ᠃ ᠡᠷᠳᠡ ᠳᠡᠭᠡᠨ ᠰᠦᠯᠳᠡ ᠶᠢᠨ ᠳᠠᠬᠢᠯᠭ᠎ᠠ ᠶᠢ ᠤᠷᠳᠤᠨ ᠰᠦᠯᠳᠡ᠂ ᠬᠦᠳᠡᠭᠡ | ᠰᠦᠯᠳᠡ᠂ ᠶᠠᠮᠦᠨ ᠰᠦᠯᠳᠡ ᠭᠡᠵᠦ ᠭᠤᠷᠪᠠ ᠬᠤᠪᠢᠶᠠᠳᠠᠭ ᠪᠠᠶᠢᠵᠠᠢ᠃ 2005 ᠤᠨ ᠠᠴᠠ ᠡᠬᠢᠯᠡᠡ ᠭᠤᠷᠪᠠᠭᠤᠯᠠ | ᠶᠢ ᠨᠡᠶᠢᠯᠡᠭᠦᠯᠦᠭᠡᠳ ᠨᠢᠭᠡ ᠡᠳᠦᠷ ᠳᠠᠬᠢᠳᠠᠭ ᠪᠤᠯᠭᠠᠵᠠᠢ᠃ | ᠤᠪᠤᠭ᠎ᠠ ᠳᠠᠬᠢᠯᠭ᠎ᠠ ᠪᠠ ᠰᠦᠯᠳᠡ ᠶᠢᠨ ᠳᠠᠬᠢᠯᠭ᠎ᠠ ᠨᠢ ᠦᠨᠢ ᠤᠳᠠᠭᠠᠠ ᠵᠢᠯ ᠤᠨ ᠲᠡᠦᠬᠡ ᠲᠠᠢ ᠪᠠᠶᠢᠵᠤ᠂ | ᠮᠤᠩᠭᠤᠯᠴᠤᠳ ᠤᠨ ᠡᠬᠡ ᠪᠠᠶᠢᠭᠠᠯᠢ ᠪᠠᠨ ᠬᠠᠶᠢᠷᠠᠯᠠᠬᠤ᠂ ᠲᠠᠯ᠎ᠠ ᠨᠤᠲᠤᠭ ᠢᠶᠠᠨ ᠬᠠᠶᠢᠷᠠᠯᠠᠬᠤ ᠪᠤᠶᠤ ᠡᠶ᠎ᠡ ᠨᠠᠶᠢᠷ ᠲᠠᠢ | ᠵᠡᠷᠭᠡᠴᠡᠡ ᠤᠷᠤᠰᠢᠬᠤ ᠭᠡᠰᠡᠡ ᠡᠷᠬᠢᠮ ᠳᠡᠭᠡᠳᠦ ᠦᠵᠡᠯ ᠪᠤᠳᠤᠯ ᠶᠤᠰᠤ ᠰᠤᠷᠲᠠᠬᠤᠨ ᠢ ᠬᠠᠷᠠᠭᠤᠯᠳᠠᠭ᠃ ᠲᠡᠷᠡ ᠨᠢ | ᠮᠥᠨ ᠴᠦ ᠱᠠᠰᠢᠠ᠂ ᠢᠳᠡᠭᠡᠯ ᠪᠢᠰᠢᠷᠡᠯ᠂ ᠪᠡᠯᠭᠡᠯᠡᠬᠦ ᠶᠤᠰᠤ ᠵᠠᠩᠰᠢᠯ ᠢ ᠤᠶᠠᠯᠳᠤᠭᠤᠯᠤᠭᠰᠠᠠ ᠲᠠᠯ᠎ᠠ ᠨᠤᠲᠤᠭ ᠤᠨ | ᠬᠦᠮᠦᠰ ᠤᠨ ᠠᠮᠢ ᠠᠬᠤᠢ ᠶᠢᠨ ᠲᠡᠩᠴᠡᠯ ᠬᠢᠭᠡᠳ ᠡᠶ᠎ᠡ ᠵᠤᠬᠢᠴᠠᠯ ᠲᠠᠢ ᠤᠷᠤᠰᠢᠯ ᠤᠨ ᠪᠡᠯᠭᠡ ᠳᠡᠮᠳᠡᠭ ᠪᠤᠯᠬᠤ ᠶᠤᠮ | ᠃ |