ᠡᠭᠡᠳᠡᠭᠰᠡᠨ ᠰᠦ
ᠨᠡᠶᠢᠲᠡᠯᠡᠭᠰᠡᠨ ᠴᠠᠭ᠄
2022/12/5
                   ᠡᠭᠡᠳᠡᠭᠰᠡᠨ ᠰᠦ   ᠰᠦ ᠶᠢᠨ ᠨᠢᠭᠡᠳᠦᠭᠡᠷ ᠬᠤᠪᠢᠰᠤᠯᠲᠠ ᠪᠣᠯ ᠡᠭᠡᠳᠡᠭᠰᠡᠨ ᠰᠦ᠃ ᠦᠵᠦᠮᠦᠴᠢᠨ ᠶᠡᠷᠦ ᠲᠡᠭᠡᠨ ᠦᠨᠢᠶᠡᠨ ᠰᠦ ᠶᠢ ᠯᠡ ᠡᠭᠡᠳᠡᠬᠦᠯᠦᠨ᠎ᠡ᠃ ᠳᠡᠭᠦᠨ ᠢ ᠪᠠᠰᠠ ᠲᠠᠯᠪᠢᠭᠰᠠᠨ ᠰᠦ ᠭᠡᠳᠡᠭ᠃ ᠡᠭᠡᠳᠡᠬᠦᠯᠬᠦ ᠶᠢᠨ ᠳᠦᠯᠦᠭᠡ ᠲᠤᠰᠠᠬᠠᠶᠢᠯᠠᠨ ᠲᠠᠯᠪᠢᠭᠰᠠᠨ ᠠᠴᠠ ᠢᠩᠭᠢᠵᠦ ᠨᠡᠷᠡᠯᠡᠵᠠᠢ᠃ ᠰᠦ ᠡᠭᠡᠳᠡᠬᠦᠯᠬᠦ ᠳᠤ ᠦᠵᠦᠮᠦᠴᠢᠨ ᠪᠦᠰᠡᠬᠦᠶᠢᠴᠤᠳ ᠲᠤᠩ ᠨᠠᠷᠢᠯᠢᠭ ᠠᠵᠢᠯᠯᠠᠳᠠᠭ᠃ ᠰᠠᠶ᠋ᠢ ᠰᠠᠭᠠᠭᠰᠠᠨ ᠦᠨᠢᠶᠡᠨ ᠰᠦ ᠪᠠᠨ ᠠᠭᠠᠷᠤ᠂ ᠪᠡᠰᠡᠷᠡᠭ᠂ ᠳᠦᠷᠦᠭᠡ ᠲᠡᠭᠡᠨ ᠴᠡᠪᠡᠷᠬᠡᠨ ᠲᠤᠩᠭᠠᠵᠦ ᠬᠢᠭᠡᠳ ᠡᠷᠭᠢᠨᠡᠭ- ᠡᠷᠬᠢᠬᠦᠯ ᠤᠨ ᠳᠡᠭᠡᠷ᠎ᠡ ᠪᠠᠨ ᠬᠦᠳᠡᠯᠭᠡᠵᠦ ᠱᠠᠯᠢᠬᠤ ᠦᠭᠡᠢ ᠪᠠᠷ ᠲᠤᠰᠠᠬᠠᠶᠢᠯᠠᠨ ᠲᠠᠯᠪᠢᠳᠠᠭ᠃ 24 ᠴᠠᠭ ᠤᠨ ᠳᠤᠳᠤᠷ᠎ᠠ ᠰᠦ ᠤᠯᠠᠩᠬᠢ ᠳᠠᠭᠠᠨ ᠲᠤᠩ ᠰᠠᠶᠢᠬᠠᠨ ᠡᠭᠡᠳᠡᠨ᠎ᠡ᠃ ᠰᠦ ᠡᠭᠡᠳᠡᠬᠦᠯᠬᠦ ᠪᠣᠯ ᠰᠦᠨ ᠤ ᠳᠤᠳᠤᠭᠠᠳᠤ ᠪᠦᠳᠦᠴᠡ ᠶᠢ ᠲᠤᠰ ᠲᠤᠰ ᠢᠶᠠᠷ ᠨᠢ ᠢᠯᠭᠠᠷᠠᠭᠤᠯᠵᠦ᠂ ᠡᠭᠡᠳᠡᠭᠰᠡᠨ ᠰᠦᠨ ᠤ ᠪᠦᠳᠦᠭᠡᠭᠳᠡᠬᠦᠨ ᠢ ᠦᠢᠯᠡᠳᠬᠦ ᠪᠠᠷ ᠰᠤᠳᠤᠯᠵᠦ ᠭᠠᠷᠭᠠᠭᠰᠠᠨ ᠠᠷᠭ᠎ᠠ ᠮᠦᠨ᠃ ᠰᠦ ᠡᠭᠡᠳᠡᠭᠰᠡᠭᠡᠷ ᠠᠭᠠᠷᠤ᠂ ᠳᠦᠷᠦᠭᠡᠨ ᠤ ᠠᠮᠠᠰᠠᠷ ᠳᠡᠭᠡᠷ᠎ᠡ ᠨᠢ ᠬᠤᠶᠠᠷ ᠬᠤᠷᠤᠭᠤ ᠵᠦᠭᠡᠭᠡᠢ ᠰᠢᠷᠠᠯᠠᠨ ᠰᠠᠭᠤᠵᠦ᠂ ᠡᠭᠡᠳᠡᠮ ᠰᠢᠷᠠᠰᠤ ᠨᠢ ᠳᠤᠤᠷ᠎ᠠ ᠨᠢ ᠬᠤᠪᠢ ᠬᠤᠪᠢ ᠪᠠᠷ ᠢᠶᠠᠨ ᠰᠠᠶᠢᠬᠠᠨ ᠢᠯᠭᠠᠷᠠᠵᠦ ᠭᠠᠷᠳᠠᠭ᠃ ᠡᠶᠢᠮᠦ ᠠᠴᠠ ᠡᠭᠡᠳᠡᠭᠰᠡᠨ ᠰᠦ ᠶᠢᠨ ᠲᠤᠰ ᠪᠡᠶ᠎ᠡ ᠨᠢ ᠨᠢᠭᠡ ᠵᠦᠢᠯ ᠤᠨ ᠲᠤᠰᠬᠠᠢ ᠴᠠᠭᠠᠨ ᠢᠳᠡᠭᠡᠨ ᠪᠣᠯᠬᠤ ᠪᠠᠷ ᠪᠠᠷᠠᠬᠤ ᠦᠭᠡᠢ᠂ ᠨᠡᠩ ᠴᠢᠬᠤᠯᠠ ᠨᠢ ᠴᠠᠭᠠᠨ ᠲᠤᠰᠦ᠂ ᠴᠠᠭᠠᠨ ᠡᠭᠡᠵᠡᠭᠡᠢ᠂ ᠰᠦ ᠬᠤᠷᠤᠳ ᠵᠡᠷᠭᠡ ᠶᠢ ᠦᠢᠯᠡᠳᠪᠦᠷᠢᠯᠡᠬᠦ ᠡᠬᠡ ᠮᠠᠲ᠋ᠧᠷᠢᠶᠡᠯ ᠮᠦᠨ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号