ᠭᠤ᠂ ᠷᠠᠬᠸ᠎ᠠ | ᠦᠵᠦᠮᠦᠴᠢᠨ ᠮᠣᠩᠭᠤᠯᠴᠤᠳ᠂ ᠡᠷᠲᠡᠨ ᠠᠴᠠ ᠪᠠᠨ ᠨᠡᠶᠢᠲᠡ ᠮᠣᠩᠭᠤᠯ ᠤᠨ ᠤᠯᠠᠮᠵᠢᠯᠠᠯ ᠪᠦᠬᠦᠢ ᠴᠡᠪᠡᠷ | ᠪᠣᠯᠪᠠᠰᠤᠨ ᠡᠷᠡᠭᠦᠯ ᠮᠡᠨᠳᠦ ᠶᠢ ᠡᠷᠬᠢᠮᠯᠡᠳᠡᠭ ᠰᠣᠶᠣᠯ ᠢᠶᠠᠨ ᠪᠠᠷᠢᠮᠲᠠᠯᠠᠨ ᠬᠥᠭᠵᠢᠭᠦᠯᠦᠭᠰᠡᠭᠡᠷ ᠢᠷᠠᠵᠠᠢ᠃ ᠲᠡᠳᠡᠨᠠᠷ | ᠴᠡᠪᠡᠷ ᠪᠣᠯᠪᠠᠰᠤᠨ ᠢ ᠶᠣᠰᠣ ᠰᠤᠷᠲᠠᠬᠤᠨ ᠤ ᠲᠠᠯ᠎ᠠ ᠪᠠᠷ ᠬᠦᠨᠳᠦᠳᠬᠡᠳᠡᠭ ᠢᠶᠠᠷ ᠪᠠᠷᠠᠬᠤ ᠦᠭᠡᠢ᠂ ᠡᠷᠡᠭᠦᠯ ᠴᠢᠭᠢᠷᠠᠭ | ᠢᠶᠠᠷ ᠠᠵᠤ ᠲᠥᠷᠥᠵᠦ ᠠᠮᠢᠳᠤᠷᠠᠬᠤ ᠶᠢᠨ ᠪᠠᠲᠤᠯᠠᠭ᠎ᠠ ᠭᠡᠵᠦ ᠦᠵᠡᠳᠡᠭ ᠪᠠᠶᠢᠨ᠎ᠠ᠃ ᠡᠶᠢᠮᠦ ᠠᠴᠠ ᠲᠡᠳᠡ ᠨᠡᠶᠢᠭᠡᠮ | ᠤᠨ ᠠᠮᠢᠳᠤᠷᠠᠯ ᠤᠨ ᠳᠤᠮᠳᠠ ᠪᠠᠨ ᠡᠷᠡᠭᠦᠯ ᠮᠡᠨᠳᠦ ᠪᠠᠷ ᠠᠮᠢᠳᠤᠷᠠᠵᠤ ᠦᠢᠯᠡᠳᠪᠦᠷᠢᠯᠡᠬᠦ ᠶᠢᠨ ᠲᠥᠯᠥᠭᠡ᠂ ᠣᠷᠴᠢᠨ | ᠲᠣᠭᠤᠷᠢᠨ ᠤ ᠠᠷᠢᠭᠤᠨ ᠴᠡᠪᠡᠷ ᠬᠢᠭᠡᠳ ᠪᠡᠶ᠎ᠡ ᠮᠠᠬᠠᠪᠤᠳ ᠡᠷᠡᠭᠦᠯ ᠴᠢᠭᠢᠷᠠᠭ ᠪᠠᠶᠢᠬᠤ ᠡᠯ᠎ᠡ ᠵᠦᠢᠯ ᠤᠨ ᠨᠥᠬᠦᠴᠡᠯ ᠢ | ᠠᠯᠬᠤᠮ ᠠᠯᠬᠤᠮ ᠢᠶᠠᠷ ᠪᠦᠷᠢᠨᠰᠢᠭᠦᠯᠵᠦ᠂ ᠬᠥᠭᠵᠢᠯᠲᠡ ᠶᠢᠨ ᠶᠠᠪᠤᠴᠠ ᠨᠢ ᠤᠯᠠᠮ ᠢᠶᠠᠷ ᠬᠡᠪᠰᠢᠨ ᠳᠦᠷᠢᠮᠵᠢᠭᠡᠳ | ᠦᠵᠦᠮᠦᠴᠢᠨ ᠤ ᠴᠡᠪᠡᠷ ᠪᠣᠯᠪᠠᠰᠤᠨ ᠡᠷᠡᠭᠦᠯ ᠮᠡᠨᠳᠦ ᠶᠢᠨ ᠰᠣᠶᠣᠯ ᠢ ᠥᠪᠡᠷᠮᠢᠴᠡ ᠬᠡᠮᠵᠢᠶᠡᠨ ᠳᠤ ᠬᠦᠷᠭᠡᠵᠡᠢ᠃ | | ᠨᠢᠭᠡ᠂ ᠦᠵᠦᠮᠦᠴᠢᠨ ᠤ ᠣᠷᠴᠢᠨ ᠲᠣᠭᠤᠷᠢᠨ ᠤ ᠡᠷᠡᠭᠦᠯ ᠬᠠᠮᠠᠭᠠᠯᠠᠯᠲᠠ᠄ ᠣᠷᠴᠢᠨ ᠲᠣᠭᠤᠷᠢᠨ ᠪᠣᠯ | ᠬᠥᠮᠥᠨ ᠲᠥᠷᠥᠯᠬᠢᠲᠡᠨ ᠤ ᠠᠮᠢᠳᠤᠷᠠᠯ ᠤᠨ ᠬᠥᠳᠡᠯᠭᠡᠭᠡᠨ ᠤ ᠲᠡᠯᠡᠪᠡᠢ ᠮᠥᠨ᠃ ᠣᠷᠴᠢᠨ ᠲᠣᠭᠤᠷᠢᠨ ᠢ ᠶᠠᠭᠠᠬᠢᠵᠤ | ᠡᠵᠡᠩᠨᠡᠬᠦ ᠨᠢ ᠬᠥᠮᠥᠨ ᠲᠥᠷᠥᠯᠬᠢᠲᠡᠨ ᠤ ᠵᠢᠷᠭᠠᠯ ᠵᠣᠪᠠᠯᠠᠩ ᠳᠤ ᠰᠢᠭᠤᠳ ᠬᠤᠯᠪᠣᠭᠳᠠᠨ᠎ᠠ᠃ ᠥᠭᠡᠷ᠎ᠡ ᠪᠠᠷ ᠬᠡᠯᠡᠪᠡᠯ | ᠣᠷᠴᠢᠨ ᠲᠣᠭᠤᠷᠢᠨ᠂ ᠣᠷᠴᠢᠨ ᠠᠬᠤᠢ ᠶᠢᠨ ᠬᠠᠮᠠᠭᠠᠯᠠᠯᠲᠠ ᠨᠢ ᠪᠠᠶᠢᠭᠠᠯᠢ ᠶᠢᠨ ᠬᠠᠮᠠᠭᠠᠯᠠᠯᠲᠠ ᠪᠠ ᠡᠷᠡᠭᠦᠯ | ᠬᠠᠮᠠᠭᠠᠯᠠᠯᠲᠠ ᠶᠢᠨ ᠬᠤᠶᠠᠳᠠᠮᠠᠯ ᠠᠴᠢ ᠬᠤᠯᠪᠣᠭᠳᠠᠯ ᠲᠠᠢ ᠪᠠᠶᠢᠳᠠᠭ᠃ ᠠᠶᠢᠮᠤ ᠠᠴᠠ ᠣᠷᠴᠢᠨ ᠠᠬᠤᠢ ᠶᠢᠨ ᠡᠷᠡᠭᠦᠯ | ᠬᠠᠮᠠᠭᠠᠯᠠᠯ ᠢ ᠦᠵᠦᠮᠦᠴᠢᠨ ᠮᠣᠩᠭᠤᠯᠴᠤᠳ ᠳᠡᠭᠡᠳᠦ ᠬᠡᠮᠵᠢᠶ᠎ᠡ ᠪᠠᠷ ᠬᠦᠨᠳᠦᠳᠬᠡᠨ᠂ ᠪᠦᠷᠢᠨ ᠪᠦᠲᠦᠨ ᠶᠣᠰᠣ | ᠭᠤᠷᠢᠮ ᠲᠣᠭᠲᠠᠭᠠᠨ ᠬᠡᠪᠰᠢᠨ ᠳᠦᠷᠢᠮᠵᠢᠭᠦᠯᠦᠭᠡᠳ ᠨᠡᠶᠢᠲᠡ ᠠᠷᠠᠳ ᠢᠶᠠᠷ ᠢᠶᠠᠨ ᠪᠠᠷᠢᠮᠲᠠᠯᠠᠳᠠᠭ ᠤᠬᠠᠮᠰᠠᠷᠲᠤ | ᠠᠵᠢᠯᠯᠠᠭ᠎ᠠ ᠶᠢᠨ ᠬᠡᠪ ᠪᠠᠷᠢᠮᠵᠢᠶ᠎ᠠ ᠪᠣᠯᠭᠠᠨ ᠬᠡᠷᠡᠭᠵᠢᠭᠦᠯᠵᠦ ᠢᠷᠠᠵᠠᠢ᠃ ᠡᠭᠦᠨ ᠳᠤ ᠣᠨᠴᠤᠭᠤᠢ ᠬᠡᠳᠦᠨ ᠵᠠᠩ ᠵᠢᠷᠤᠮ | ᠤᠨ ᠴᠢᠨᠠᠷ ᠲᠠᠢ ᠠᠰᠠᠭᠤᠳᠠᠯ ᠪᠣᠢ᠃ | | 1. ᠬᠥᠳᠡᠭᠡᠯᠢᠭ ᠣᠷᠤᠰᠢᠭᠤᠯᠭ᠎ᠠ — ᠬᠥᠳᠡᠭᠡᠯᠢᠭ ᠣᠷᠤᠰᠢᠭᠤᠯᠭ᠎ᠠ ᠪᠣᠯ ᠦᠵᠦᠮᠦᠴᠢᠨ ᠤ ᠦᠬᠦᠵᠦ | ᠨᠥᠭᠴᠢᠭᠰᠡᠳ ᠢᠶᠠᠨ ᠣᠷᠣᠰᠢᠭᠤᠯᠬᠤ ᠭᠤᠣᠯ ᠬᠡᠯᠪᠡᠷᠢ ᠮᠥᠨ᠃ ᠡᠶᠢᠮᠦ ᠬᠡᠯᠪᠡᠷᠢ ᠨᠢ ᠲᠡᠳᠡᠨ ᠤ ᠡᠪᠦᠭᠡ ᠳᠡᠭᠡᠳᠦᠰ | ᠢᠶᠠᠨ ᠣᠷᠣᠰᠢᠭᠤᠯᠬᠤ ᠳᠤ ᠲᠤᠬᠠᠢ ᠶᠢᠨ ᠴᠠᠭ ᠤᠨ ᠪᠠᠶᠢᠳᠠᠯ ᠳᠤ ᠵᠣᠬᠢᠴᠠᠵᠤ ᠪᠠᠶᠢᠭᠰᠠᠨ ᠪᠣᠯᠬᠤᠷ ᠲᠡᠦᠬᠡ ᠶᠢᠨ | ᠶᠠᠪᠤᠴᠠ ᠳᠤ ᠬᠡᠪᠰᠢᠨ ᠳᠦᠷᠢᠮᠵᠢᠭᠡᠳ᠂ ᠨᠡᠶᠢᠲᠡ ᠶᠢᠨ ᠪᠠᠷᠢᠮᠲᠠᠯᠠᠳᠠᠭ ᠭᠤᠣᠯ ᠣᠷᠤᠰᠢᠭᠤᠯᠭ᠎ᠠ ᠶᠢᠨ ᠬᠡᠯᠪᠡᠷᠢ | ᠪᠣᠯᠣᠭᠰᠠᠨ ᠪᠠᠶᠢᠨ᠎ᠠ᠃ | | ᠡᠨᠡᠬᠦ ᠣᠷᠤᠰᠢᠭᠤᠯᠭ᠎ᠠ ᠶᠢᠨ ᠰᠣᠶᠣᠯ᠂ ᠦᠵᠦᠮᠦᠴᠢᠨ ᠤ ᠲᠡᠦᠬᠡᠨ ᠳᠡᠭᠡᠷ᠎ᠡ ᠪᠠᠷᠢᠮᠲᠠᠯᠠᠭᠳᠠᠨ ᠶᠠᠪᠤᠭᠳᠠᠭᠰᠠᠨ | ᠨᠢ ᠣᠯᠠᠨ ᠲᠠᠯ᠎ᠠ ᠶᠢᠨ ᠰᠢᠯᠲᠠᠭᠠᠨ ᠲᠠᠢ᠃ ᠡᠭᠦᠨ ᠳᠤ᠂ ᠮᠣᠩᠭᠤᠯᠴᠤᠳ ᠤᠨ ᠠᠮᠢᠳᠤᠷᠠᠯ ᠨᠢ ᠦᠷᠭᠦᠯᠵᠢ ᠣᠲᠣᠷ | ᠨᠡᠭᠦᠳᠡᠯ ᠬᠢᠵᠦ ᠰᠢᠯᠵᠢᠯᠲᠡ ᠶᠢᠨ ᠴᠢᠨᠠᠷ ᠲᠠᠢ ᠪᠠᠶᠢᠳᠠᠭ ᠬᠢᠭᠡᠳ ᠬᠥᠮᠥᠨ ᠠᠮᠠ ᠰᠡᠶᠢᠷᠡᠭ᠂ ᠨᠤᠲᠤᠭ ᠳᠡᠪᠢᠰᠬᠡᠷ | ᠠᠭᠤᠳᠠᠮ᠂ ᠠᠷᠢᠶᠠᠲᠠᠨ ᠵᠢᠭᠦᠷᠲᠡᠨ ᠮᠢᠬᠠᠴᠢᠨ ᠠᠮᠢᠲᠠᠨ ᠡᠯᠪᠡᠭ᠂ ᠨᠡᠩ ᠴᠦ ᠲᠡᠳᠡ ᠤᠷᠲᠤ ᠬᠤᠭᠤᠴᠠᠭᠠᠨ ᠤ | ᠴᠡᠷᠢᠭ ᠳᠠᠶᠢᠨ ᠤ ᠳᠤᠮᠳᠠ ᠦᠷᠡᠭᠳᠡᠭᠰᠡᠳ ᠢᠶᠠᠨ ᠲᠡᠨᠢᠭᠡᠷ ᠠᠭᠤᠳᠠᠮ ᠨᠤᠲᠤᠭ ᠳᠡᠪᠢᠰᠬᠡᠷ ᠲᠡᠭᠡᠨ ᠵᠠᠳᠠᠭᠠᠢ ᠰᠠᠶᠢᠬᠠᠨ | ᠠᠮᠤᠷᠯᠢᠩᠭᠤᠢ ᠣᠷᠣᠰᠢᠭᠤᠯᠪᠠᠯ ᠴᠢᠨᠠᠭᠰᠢ ᠮᠣᠷᠳᠠᠨ ᠤᠷᠤᠭᠰᠢᠯᠠᠳᠠᠭ ᠵᠡᠷᠭᠡ ᠲᠡᠦᠬᠡᠨ ᠨᠥᠬᠦᠴᠡᠯ ᠠᠴᠠ | ᠲᠣᠭᠲᠠᠭᠠᠭᠳᠠᠭᠰᠠᠨ ᠶᠤᠮ᠃ | | 2. ᠬᠥᠳᠡᠭᠡᠯᠢᠭ ᠭᠠᠳᠠᠭᠠᠯᠭᠠ ᠶᠢᠨ ᠰᠣᠶᠣᠯ — ᠬᠦᠳᠡᠭᠡᠯᠢᠭ ᠭᠠᠳᠠᠭᠠᠯᠭᠠ ᠶᠢᠨ ᠰᠣᠶᠣᠯ ᠪᠣᠯ | ᠦᠵᠦᠮᠦᠴᠢᠨ ᠳᠤ ᠤᠷᠲᠤ ᠬᠤᠭᠤᠴᠠᠭ᠎ᠠ ᠪᠠᠷ ᠪᠠᠷᠢᠮᠲᠠᠯᠠᠵᠤ ᠢᠷᠡᠭᠰᠡᠨ ᠭᠠᠳᠠᠭᠠᠯᠭᠠ ᠶᠢᠨ ᠰᠣᠶᠣᠯ ᠤᠨ ᠬᠡᠯᠪᠡᠷᠢ | ᠪᠣᠯᠣᠨ᠎ᠠ᠃ | | ᠡᠨᠡ ᠭᠠᠳᠠᠭᠠᠯᠭᠠ ᠶᠢᠨ ᠰᠣᠶᠣᠯ ᠤᠨ ᠬᠡᠯᠪᠡᠷᠢ ᠶᠢᠨ ᠢᠷᠡᠯᠲᠡ ᠪᠣᠯ ᠮᠥᠨ ᠦᠵᠦᠮᠦᠴᠢᠨ ᠤ ᠬᠥᠳᠡᠭᠡᠯᠢᠭ | ᠣᠷᠤᠰᠢᠭᠤᠯᠭ᠎ᠠ ᠶᠢᠨ ᠰᠣᠶᠣᠯ ᠤᠨ ᠢᠷᠡᠯᠲᠡ ᠲᠠᠢ ᠠᠳᠠᠯᠢ ᠪᠠᠶᠢᠳᠠᠭ᠃ ᠲᠡᠷᠡ ᠨᠢ ᠮᠥᠨ ᠲᠡᠳᠡᠨ ᠤ ᠣᠲᠣᠷ | ᠨᠡᠭᠦᠳᠡᠯ ᠤᠨ ᠠᠮᠢᠳᠤᠷᠠᠯ ᠤᠨ ᠬᠡᠯᠪᠡᠷᠢ ᠳᠤ ᠲᠤᠶᠢᠯ ᠢᠶᠠᠷ ᠵᠣᠬᠢᠴᠠᠳᠠᠭ᠃ | | ᠲᠡᠶᠢᠮᠦ ᠪᠢᠰᠢ ᠪᠣᠯ ᠡᠳᠦᠷ ᠲᠤ ᠭᠤᠷᠪᠠ ᠤᠳᠠᠭ᠎ᠠ ᠨᠡᠭᠦᠳᠡᠭ ᠦᠵᠦᠮᠦᠴᠢᠨ ᠳᠤ ᠪᠠᠭᠤᠭᠰᠠᠨ ᠭᠠᠵᠠᠷ ᠪᠦᠬᠦᠨ | ᠳᠤ ᠪᠠᠨ ᠵᠣᠷᠯᠣᠩ ᠪᠡᠯᠡᠳᠬᠡᠯ ᠬᠢᠪᠡᠯ ᠭᠠᠵᠠᠷ ᠨᠢ ᠨᠦᠬᠡ ᠪᠠᠷ ᠳᠦᠭᠦᠷᠬᠦ ᠪᠤᠶᠤ ᠡᠰᠡᠬᠦᠯ᠎ᠡ ᠨᠤᠲᠤᠭ ᠨᠢ ︽ᠯᠣᠣᠶᠧ | ᠰᠦᠮ᠎ᠡ︾ ᠶᠢᠨ ᠡᠪᠳᠡᠷᠬᠡᠢ ᠪᠠᠷ ᠳᠦᠭᠦᠷᠬᠦ ᠳᠤ ᠬᠦᠷᠦᠨ᠎ᠡ᠃ ᠲᠡᠶᠢᠮᠦ ᠴᠢᠬᠤᠯᠠᠴᠢᠯᠠᠭ᠎ᠠ ᠪᠠᠶᠢᠬᠤ ᠦᠭᠡᠢ ᠶᠤᠮ᠃ | | 3. ᠠᠶᠢᠯ ᠭᠡᠷ ᠤᠨ ᠡᠷᠡᠭᠦᠯ ᠬᠠᠮᠠᠭᠠᠯᠠᠯ — ᠦᠵᠦᠮᠦᠴᠢᠨ ᠳᠤ ᠠᠶᠢᠯ ᠭᠡᠷ ᠤᠨ ᠬᠢ ᠪᠠᠨ ᠡᠷᠡᠭᠦᠯ | ᠬᠠᠮᠠᠭᠠᠯᠠᠯ ᠢᠶᠠᠨ ᠲᠣᠩ ᠠᠩᠬᠠᠷᠳᠠᠭ᠃ ᠲᠡᠳᠡ᠄ ︽ᠳᠡᠭᠡᠭᠰᠢ ᠪᠠᠨ ᠬᠠᠷᠠᠭᠰᠠᠨ ᠲᠣᠭᠤᠨᠣ ᠲᠠᠢ ᠳᠡᠯᠡᠬᠡᠢ ᠬᠠᠷᠠᠭᠰᠠᠨ | ᠡᠭᠦᠳᠡ ᠲᠠᠢ ᠠᠶᠢᠯ ᠭᠡᠷ ᠢᠶᠠᠨ ᠭᠡᠭᠡ ᠲᠠᠢ ᠪᠠᠶᠢᠯᠭ᠎ᠠ︕︾᠂ ︽ᠠᠶᠢᠯ ᠳᠤ ᠴᠢᠨᠢ ᠶᠠᠮᠠᠷ ᠴᠦ ᠬᠥᠮᠥᠨ ᠢᠷᠡᠳᠡᠭ︾ | ᠭᠡᠳᠡᠭ ᠪᠣᠯ ᠭᠡᠷ ᠡᠷᠦᠬᠡ ᠪᠠᠨ ᠬᠡᠵᠢᠶᠡᠳᠡ ᠠᠷᠢᠭᠤᠨ ᠴᠡᠪᠡᠷ ᠪᠠᠶᠢᠯᠭᠠᠬᠤ ᠶᠢᠨ ᠱᠠᠭᠠᠷᠳᠠᠯᠭ᠎ᠠ ᠮᠥᠨ᠃ | | ᠡᠶᠢᠮᠦ ᠠᠴᠠ ᠦᠵᠦᠮᠦᠴᠢᠨ ᠮᠣᠩᠭᠤᠯᠴᠤᠳ᠂ ᠡᠳᠦᠷ ᠲᠤ ᠭᠡᠷ ᠢᠶᠠᠨ ︽ᠭᠤᠷᠪᠠ ᠤᠳᠠᠭ᠎ᠠ ᠴᠡᠪᠡᠷᠯᠡᠬᠦ︾ | ᠰᠤᠷᠲᠠᠯ ᠲᠠᠢ᠃ ᠮᠣᠩᠭᠤᠯ ᠭᠡᠷ ᠤᠨ ᠬᠢ ᠪᠠᠨ ᠲᠣᠭᠲᠠᠭᠰᠠᠨ ᠶᠣᠰᠣᠭᠠᠷ ᠡᠳ᠋ ᠪᠠᠷᠠᠭ᠎ᠠ ᠪᠠᠨ ᠲᠡᠭᠰᠢ ᠰᠠᠶᠢᠬᠠᠨ | ᠬᠤᠷᠢᠶᠠᠳᠠᠭ᠃ ᠣᠷᠣᠢ ᠪᠦᠭᠦᠳᠡ ᠬᠦᠵᠢ ᠠᠷᠴᠠ ᠰᠠᠩ ᠤᠨ ᠢᠳᠡᠭᠡ ᠣᠭᠤᠬᠢᠭᠤᠯᠵᠣ ᠭᠡᠷ ᠪᠠ ᠬᠥᠮᠥᠨ ᠢᠶᠠᠨ ᠪᠦᠷ | ᠠᠷᠢᠭᠤᠯᠠᠳᠠᠭ᠃ ᠪᠤᠵᠠᠷ ᠪᠤᠷᠲᠠᠭ᠂ ᠨᠡᠩ ᠢᠯᠠᠩᠭᠤᠶ᠎ᠠ ᠦᠬᠦᠵᠦ ᠵᠣᠪᠠᠭᠰᠠᠨ ︽ᠤᠯᠠᠭᠠᠨ ᠢᠳᠡᠭᠡ︾ ᠶᠢ | ᠡᠩᠬᠦᠷᠡᠶᠢᠯᠡᠵᠦ ᠭᠡᠷ ᠲᠡᠭᠡᠨ ᠣᠷᠣᠭᠤᠯᠳᠠᠭ ᠦᠭᠡᠢ ᠁ ᠵᠡᠷᠭᠡ ᠡᠷᠡᠭᠦᠯ ᠬᠠᠮᠠᠭᠠᠯᠠᠯ ᠤᠨ ᠴᠢᠩᠭ᠎ᠠ ᠪᠣᠯᠪᠠᠰᠤᠨ | ᠶᠣᠰᠣ ᠲᠠᠢ ᠪᠠᠶᠢᠳᠠᠭ᠃ | | 4. ᠣᠷᠴᠢᠨ ᠲᠣᠭᠤᠷᠢᠨ ᠤ ᠡᠷᠡᠭᠦᠯ ᠬᠠᠮᠠᠭᠠᠯᠠᠯ — ᠦᠵᠦᠮᠦᠴᠢᠨ ᠮᠣᠩᠭᠤᠯᠴᠤᠳ ᠣᠷᠴᠢᠨ ᠲᠣᠭᠤᠷᠢᠨ | ᠤ ᠡᠷᠡᠭᠦᠯ ᠬᠠᠮᠠᠭᠠᠯᠠᠯ ᠢ ᠲᠤᠶᠢᠯ ᠢᠶᠠᠷ ᠠᠩᠬᠠᠷᠳᠠᠭ᠃ ᠲᠡᠳᠡ ︽ᠨᠤᠲᠤᠭ ᠤᠰᠤ ᠪᠠᠨ ᠪᠢᠲᠡᠭᠡᠢ ᠪᠤᠵᠠᠷᠲᠤᠭᠤᠯᠴᠢᠬᠠ | ︕ ᠮᠠᠭᠤ ᠢᠷᠸ᠎ᠠ︕︾ ᠭᠡᠳᠡᠭ ᠪᠣᠯ ᠶᠠᠭᠤᠨ ᠠᠴᠠ ᠢᠯᠡᠭᠦᠦ ᠴᠢᠩᠭ᠎ᠠ ᠪᠠᠷᠢᠮᠲᠠᠯᠠᠳᠠᠭ ᠶᠣᠰᠣ᠃ | | ᠦᠵᠦᠮᠦᠴᠢᠨ ᠮᠣᠩᠭᠤᠯᠴᠤᠳ ᠬᠤᠲᠠ ᠬᠤᠷᠤᠭ᠎ᠠ ᠪᠠᠨ ᠥᠷᠯᠥᠭᠡ ᠪᠦᠭᠦᠳᠡ ᠨᠢᠭᠡ ᠤᠳᠠᠭ᠎ᠠ ᠴᠡᠪᠡᠷᠯᠡᠳᠡᠭ᠃ | ᠬᠤᠭ ᠨᠣᠪᠰᠢ ᠪᠠᠨ ᠲᠣᠭᠲᠠᠭᠰᠠᠨ ᠭᠠᠵᠠᠷ ᠲᠤ ᠬᠤᠷᠢᠶᠠᠵᠤ ᠰᠢᠢᠳᠪᠦᠷᠢᠯᠡᠳᠡᠭ᠃ ᠲᠡᠳᠡ ︽ᠨᠡᠭᠦᠪᠡᠯ ᠨᠤᠲᠤᠭ ᠮᠠᠭᠤ | ︾ ᠭᠡᠵᠦ ᠬᠠᠶᠠᠳᠠᠭ ᠦᠭᠡᠢ᠃ ᠨᠡᠭᠦᠬᠦ ᠳᠡᠭᠡᠨ ᠨᠤᠲᠤᠭ ᠢᠶᠠᠨ ᠴᠡᠪᠡᠷᠯᠡᠨ᠎ᠡ᠃ ᠡᠪᠦᠯᠵᠢᠶ᠎ᠡ᠂ ᠬᠠᠪᠤᠷᠵᠢᠶ᠎ᠠ ᠵᠡᠷᠭᠡ | ᠤᠳᠠᠭᠠᠨ ᠰᠠᠭᠤᠭᠰᠠᠨ ᠨᠤᠲᠤᠭ ᠢᠶᠠᠨ ᠭᠠᠯ ᠲᠦᠢᠮᠡᠷ ᠭᠠᠷᠬᠤ ᠦᠭᠡᠢ ᠨᠣᠭᠤᠭ᠎ᠠ ᠴᠠᠭ᠎ᠠ ᠭᠠᠷᠤᠭᠰᠠᠨ ᠠᠶᠤᠯ ᠦᠭᠡᠢ | ᠤᠯᠠᠷᠢᠯ᠂ ᠴᠢᠬᠢᠭ ᠨᠣᠶᠢᠲᠠᠨ ᠳᠤ ᠭᠠᠯ ᠢᠶᠠᠷ ᠰᠢᠲᠠᠭᠠᠵᠤ ᠠᠷᠢᠭᠤᠳᠬᠠᠳᠠᠭ᠃ ᠨᠡᠩ ᠴᠦ ᠨᠤᠲᠤᠭ ᠪᠡᠯᠴᠢᠭᠡᠷ ᠭᠤᠣᠯ | ᠤᠰᠤ ᠪᠤᠵᠠᠷᠲᠤᠬᠤ ᠶᠢ ᠬᠠᠮᠲᠤ ᠪᠠᠷ ᠬᠢᠴᠢᠶᠡᠬᠦ ᠳᠠᠳᠬᠠᠯ ᠲᠠᠢ ᠪᠠᠶᠢᠵᠤ᠂ ᠦᠬᠦᠯ ᠬᠤᠬᠢᠷᠠᠯ᠂ ᠰᠡᠭ ᠰᠡᠪᠡᠰᠦ᠂ | ᠬᠡᠭᠦᠷ ᠶᠠᠰᠤ ᠵᠡᠷᠭᠡ ᠡᠯᠳᠡᠪ ᠡᠷᠢᠶᠡᠰᠦ ᠶᠢᠨ ᠪᠤᠵᠠᠷ ᠪᠣᠷᠲᠤᠭ᠂ ᠪᠡᠯᠴᠢᠭᠡᠷ ᠨᠤᠲᠤᠭ᠂ ᠭᠤᠣᠯ ᠤᠰᠤ ᠶᠢ | ᠪᠤᠵᠠᠷᠲᠤᠭᠤᠯᠬᠤ ᠶᠢ ᠴᠢᠩᠭ᠎ᠠ ᠬᠢᠵᠠᠭᠠᠷᠯᠠᠵᠤ᠂ ᠤᠰᠤ ᠤᠰᠤ᠂ ᠭᠤᠣᠯ ᠭᠤᠣᠯ ᠢᠶᠠᠷ ᠨᠡᠶᠢᠯᠡᠵᠦ᠂ ᠴᠠᠭ ᠴᠠᠭ ᠲᠤᠨᠢ | ᠠᠷᠢᠯᠭᠠᠵᠤ ᠰᠢᠢᠳᠪᠦᠷᠢᠯᠡᠳᠡᠭ᠃ ᠡᠶᠢᠮᠦ ᠠᠴᠠ ᠦᠵᠦᠮᠦᠴᠢᠨ ᠤ ᠣᠷᠴᠢᠨ ᠠᠬᠤᠢ ᠦᠷᠭᠦᠯᠵᠢ ᠪᠣᠯᠪᠠᠰᠤᠨ ᠪᠠᠶᠢᠳᠠᠭ᠃ | | | ᠬᠤᠶᠠᠷ᠂ ᠡᠮ ᠡᠮᠨᠡᠯᠭᠡ ᠶᠢᠨ ᠰᠣᠶᠣᠯ ᠄ ᠡᠮ ᠡᠮᠨᠡᠯᠭᠡ ᠪᠣᠯ ᠬᠥᠮᠥᠨ ᠠᠷᠠᠳ ᠤᠨ ᠡᠷᠡᠭᠦᠯ ᠮᠡᠨᠳᠦ ᠶᠢᠨ | ᠪᠠᠲᠤᠯᠠᠭ᠎ᠠ ᠮᠥᠨ᠃ | | ᠮᠠᠯ ᠡᠮᠨᠡᠯᠭᠡ ᠨᠢ ᠮᠥᠨᠴᠦ ᠮᠠᠯ ᠠᠵᠤ ᠠᠬᠤᠢ ᠶᠢᠨ ᠦᠢᠯᠡᠳᠪᠦᠷᠢᠯᠡᠯ ᠳᠠᠬᠢ ᠮᠠᠯ ᠤᠨ ᠡᠪᠡᠳᠴᠢᠨ ᠬᠢᠵᠢᠭ ᠢ | ᠰᠡᠷᠭᠡᠶᠢᠯᠡᠨ ᠵᠠᠰᠠᠬᠤ ᠰᠣᠶᠣᠯ ᠤᠨ ᠴᠢᠬᠤᠯᠠ ᠪᠦᠷᠢᠯᠳᠦᠬᠦᠨ ᠪᠣᠯᠬᠤ ᠶᠤᠮ᠃ | | ᠦᠵᠦᠮᠦᠴᠢᠨ ᠮᠣᠩᠭᠤᠯᠴᠤᠳ ᠬᠥᠮᠥᠨ ᠮᠠᠯ ᠢᠶᠠᠨ ᠵᠡᠷᠭᠡ ᠪᠠᠷ ᠬᠠᠮᠠᠭᠠᠯᠠᠬᠤ ᠥᠰᠬᠡᠬᠦ ᠶᠢᠨ ᠡᠭᠦᠳᠡᠨ ᠠᠴᠠ | ᠡᠮ ᠡᠮᠨᠡᠯᠭᠡ ᠶᠢᠨ ᠦᠢᠯᠡᠰ ᠢ ᠡᠷᠲᠡᠨ ᠠᠴᠠ ᠪᠠᠨ ᠬᠦᠨᠳᠦᠳᠬᠡᠨ ᠬᠥᠭᠵᠢᠭᠦᠯᠦᠭᠰᠡᠭᠡᠷ ᠢᠷᠠᠵᠠᠢ᠃ | | ᠦᠵᠦᠮᠦᠴᠢᠨ ᠤ ᠡᠮ ᠡᠮᠨᠡᠯᠭᠡ ᠶᠢᠨ ᠦᠢᠯᠡᠰ ᠪᠣᠯ ᠮᠣᠩᠭᠤᠯ ᠠᠨᠠᠭᠠᠬᠤ ᠤᠬᠠᠭᠠᠨ ᠤ ᠦᠨᠳᠦᠰᠦᠨ ᠳᠡᠭᠡᠷ᠎ᠡ | ᠰᠠᠭᠤᠷᠢᠯᠠᠵᠤ᠂ ᠣᠷᠣᠨ ᠨᠤᠲᠤᠭ ᠤᠨ ᠢᠶᠠᠨ ᠪᠡᠯᠡᠨ ᠤᠷᠭᠤᠮᠠᠯ ᠢᠶᠠᠷ ᠢᠷᠡᠯᠲᠡ ᠪᠣᠯᠭᠠᠨ ᠤᠯᠠᠮᠵᠢᠯᠠᠯ ᠳᠡᠭᠡᠷ᠎ᠡ | ᠰᠢᠨᠡᠴᠢᠯᠡᠯ ᠢ ᠨᠡᠮᠡᠬᠦ᠂ ᠲᠠᠰᠤᠷᠠᠯᠲᠠ ᠦᠭᠡᠢ ᠨᠥᠬᠦᠪᠦᠷᠢᠯᠡᠨ ᠬᠥᠭᠵᠢᠭᠦᠯᠬᠦ ᠬᠡᠯᠪᠡᠷᠢ ᠪᠠᠷ ᠣᠷᠣᠨ ᠨᠤᠲᠤᠭ ᠤᠨ ᠵᠣᠷ᠂ | ᠡᠮᠴᠢᠯᠡᠭᠡᠨ ᠤ ᠠᠷᠭ᠎ᠠ ᠮᠡᠷᠭᠡᠰᠢᠯ ᠢ ᠪᠦᠷᠢᠯᠳᠦᠭᠦᠯᠵᠦ ᠢᠷᠡᠭᠰᠡᠨ ᠰᠢᠰᠲ᠋ᠧᠮ ᠪᠦᠬᠦᠢ ᠥᠪᠡᠷᠮᠢᠴᠡ ᠰᠣᠶᠣᠯ ᠪᠣᠯᠬᠤ | ᠶᠤᠮ᠃ | | ᠲᠡᠷᠡ ᠨᠢ᠂ ᠲᠤᠬᠠᠢ ᠶᠢᠨ ᠦᠶ᠎ᠡ ᠶᠢᠨ ᠲᠡᠦᠬᠡᠨ ᠨᠥᠬᠦᠴᠡᠯ ᠳᠣᠣᠷ᠎ᠠ ᠬᠠᠷᠢᠴᠠᠩᠭᠤᠢ ᠪᠠᠷ ᠮᠡᠷᠭᠡᠵᠢᠯ ᠥᠨᠳᠥᠷ᠂ | ᠤᠷ᠎ᠠ ᠳᠡᠮ ᠰᠠᠶᠢᠨ᠂ ᠲᠥᠷᠥᠯ ᠵᠦᠢᠯ ᠪᠠᠶᠠᠯᠢᠭ ᠪᠠᠶᠢᠭᠰᠠᠨ ᠪᠣᠯᠬᠤᠷ ᠵᠠᠰᠠᠯᠭ᠎ᠠ ᠰᠠᠶᠢᠲᠠᠢ ᠪᠠᠶᠢᠭᠰᠠᠨ ᠪᠠᠶᠢᠨ᠎ᠠ᠃ | | ᠦᠵᠦᠮᠦᠴᠢᠨ ᠤ ᠡᠮ ᠤᠨ ᠮᠠᠲ᠋ᠧᠷᠢᠶᠠᠯ ᠨᠢ ᠨᠤᠲᠤᠭ ᠤᠨ ᠦᠨᠡᠲᠦ ᠬᠤᠪᠣᠷ ᠤᠷᠭᠤᠮᠠᠯ᠂ ᠪᠣᠳᠠᠰ ᠠᠩ | ᠠᠷᠢᠶᠠᠲᠠᠨ ᠤ ᠬᠤᠪᠣᠷ ᠴᠤᠬᠠᠭ ᠡᠮᠲᠦ ᠡᠳ᠋ ᠵᠡᠷᠭᠡ ᠵᠢᠩᠬᠢᠨᠢ ᠪᠠᠶᠢᠭᠠᠯᠢᠯᠢᠭ ᠤᠭ ᠮᠠᠲ᠋ᠧᠷᠢᠶᠠᠯ ᠢᠶᠠᠷ ᠭᠤᠣᠯᠯᠠᠳᠠᠭ᠃ | ᠡᠭᠦᠨ ᠢ ᠴᠤᠬᠤᠰ ᠳᠤᠷᠠᠳᠪᠠᠯ᠄ ᠡᠮ ᠨᠠᠶᠢᠷᠠᠭᠤᠯᠵᠤ ᠤᠤᠭᠤᠯᠭᠠᠬᠤ ᠳᠤ ᠵᠥᠪᠬᠡᠨ ᠤᠤᠭᠤᠬᠤ ᠪᠠᠷ ᠵᠣᠭᠰᠣᠬᠤ | ᠦᠭᠡᠢ᠂ ᠤᠬᠢᠶᠠᠬᠤ᠂ ᠰᠢᠪᠠᠭ᠋ᠤ᠂ ᠭᠥᠬᠦᠬᠦᠯᠬᠦ᠂ ᠲᠦᠷᠬᠢᠬᠦ᠂ ᠤᠲᠤᠬᠤ ᠠᠷᠢᠭᠤᠳᠬᠠᠬᠤ ᠪᠠᠭᠲᠠᠨ᠎ᠠ᠃ | | ᠷᠠᠰᠢᠶᠠᠯᠠᠬᠤ — ᠷᠠᠰᠢᠶᠠᠯᠠᠬᠤ ᠳᠤ ᠲᠠᠪᠤᠨ ᠷᠠᠰᠢᠶᠠᠨ᠂ ᠰᠢᠷᠠᠰᠣ ᠶᠢᠨ ᠷᠠᠰᠢᠶᠠᠨ᠂ ᠨᠠᠭᠤᠷ᠂ ᠪᠤᠯᠠᠭ ᠭᠤᠣᠯ | ᠤᠨ ᠷᠠᠰᠢᠶᠠᠨ ᠳᠤ ᠣᠷᠣᠭᠤᠯᠬᠤ ᠪᠠᠭᠲᠠᠨ᠎ᠠ᠃ | | ᠭᠦᠬᠦᠬᠦᠯᠬᠦ — ᠭᠦᠭᠦᠭᠦᠯᠭᠦ ᠳᠤ ᠡᠮ ᠢᠶᠠᠷ ᠭᠦᠭᠦᠭᠦᠯᠭᠦ ᠠᠴᠠ ᠭᠠᠳᠠᠨ᠎ᠠ ᠠᠷᠠᠰᠤᠯᠠᠵᠤ ᠰᠡᠪᠰᠡᠯᠡᠬᠦ᠂ ᠭᠡᠭᠦᠦ | ᠶᠢᠨ ᠬᠠᠯᠢᠶᠠᠰᠤᠯᠠᠬᠤ᠂ ᠠᠬᠠᠷ ᠠᠶᠢᠷᠠᠭ ᠢᠶᠠᠷ ᠭᠦᠬᠦᠬᠦᠯᠬᠦ ᠪᠠᠭᠲᠠᠨ᠎ᠠ᠃ | | ᠲᠦᠷᠬᠢᠬᠦ — ᠡᠭᠦᠨ ᠳᠤ ᠭᠠᠳᠠᠷ ᠰᠢᠷᠬ᠎ᠠ ᠪᠤᠶᠤ ᠬᠠᠪᠤᠳᠠᠷ ᠲᠤ ᠡᠮ ᠲᠦᠷᠬᠢᠵᠦ ᠠᠨᠠᠭᠠᠬᠤ ᠪᠠᠭᠲᠠᠨ᠎ᠠ᠃ | | ᠨᠡᠩ ᠣᠨᠴᠤᠭᠤᠢ ᠨᠢ ᠦᠵᠦᠮᠦᠴᠢᠨ ᠳᠤ ᠭᠠᠯ ᠲᠣᠷᠤᠮ ᠲᠠᠯᠪᠢᠬᠤ᠂ ᠤᠰᠤᠨ ᠲᠣᠷᠤᠮ ᠲᠠᠯᠪᠢᠬᠤ᠂ | ᠲᠠᠷᠢᠮᠲᠠᠵᠤ ᠦᠯᠢᠶᠡᠬᠦ ᠵᠡᠷᠭᠡ ᠤᠳᠤᠮᠰᠢᠯᠲᠤ ᠨᠢᠭᠤᠴᠠ ᠵᠣᠷ ᠤᠨ ᠣᠨᠴᠤᠭᠤᠢ ᠵᠠᠰᠠᠯᠭ᠎ᠠ ᠪᠠᠷ ᠡᠪᠡᠳᠴᠢᠨ ᠢ ᠠᠨᠠᠭᠠᠵᠤ | ᠡᠳᠡᠭᠡᠷᠡᠭᠦᠯᠵᠦ ᠪᠠᠶᠢᠵᠠᠢ᠃ | | ᠦᠵᠦᠮᠦᠴᠢᠨ ᠤ ᠡᠮ ᠡᠮᠨᠡᠯᠭᠡ ᠶᠢᠨ ᠦᠢᠯᠡᠰ ᠤᠨ ᠣᠨᠴᠤᠭᠤᠢ ᠨᠢᠭᠡ ᠬᠦᠴᠦᠨ ᠪᠣᠯ ᠦᠵᠦᠮᠦᠴᠢᠨ ᠤ | ᠣᠷᠣᠨ ᠨᠤᠲᠤᠭ ᠤᠨ ᠡᠮᠨᠡᠯᠭᠡ ᠶᠢᠨ ᠠᠵᠢᠯᠲᠠᠨ ᠮᠣᠩᠭᠤᠯ ᠡᠮᠴᠢ ᠶᠢᠨ ᠡᠩᠨᠡᠭᠡ ᠪᠣᠯᠣᠨ᠎ᠠ᠃ ᠲᠡᠳᠡ ᠪᠣᠯ | ᠦᠵᠦᠮᠦᠴᠢᠨ ᠤ ᠲᠡᠦᠬᠡᠨ ᠳᠡᠭᠡᠷᠡᠬᠢ ᠡᠷᠡᠭᠦᠯ ᠡᠩᠬᠡ ᠶᠢᠨ ᠤᠲᠠᠴᠢ ᠨᠠᠷ ᠶᠤᠮ᠃ | | ᠡᠬᠡ ᠨᠢᠯᠬᠠᠰ ᠤᠨ ᠡᠷᠡᠭᠦᠯ ᠬᠠᠮᠠᠭᠠᠯᠠᠯ ᠲᠣᠩ ᠪᠠᠭᠤᠷᠠᠢ ᠵᠠᠩᠭᠢᠯᠠᠭ᠎ᠠ ᠪᠣᠯᠵᠤ ᠪᠠᠶᠢᠭᠰᠠᠨ ᠪᠣᠯᠪᠠᠴᠤ᠂ ᠠᠯᠢ | ᠴᠢᠳᠠᠬᠤ ᠪᠠᠷ ᠨᠠᠷᠢᠰᠤᠨ ᠰᠠᠶᠢᠵᠢᠷᠠᠭᠤᠯᠵᠤ ᠨᠡᠯᠢᠶᠡᠳ ᠡᠷᠲᠡ ᠠᠴᠠ ᠲᠤᠰᠬᠠᠢ ᠬᠥᠩᠭᠡᠵᠢᠭᠦᠯᠦᠭᠴᠢ ᠪᠣᠢ ᠪᠣᠯᠵᠤ | ᠬᠡᠦᠬᠡᠳ ᠲᠣᠰᠬᠤ ᠪᠣᠯᠵᠠᠢ᠃ ᠨᠤᠲᠤᠭ ᠤᠨ ᠬᠡᠯᠡ ᠪᠠᠷ ︽ᠤᠳᠭᠠᠨ︾ ︵ᠢᠳᠤᠭᠠᠨ︶ ᠭᠡᠬᠦ ᠪᠤᠶᠤ ︽ᠬᠦᠢᠰᠦ | ᠶᠢᠨ ᠡᠵᠢ︾ ᠭᠡᠳᠡᠭ᠃ ︽ᠤᠳᠭᠠᠨ︾ ᠨᠠᠷ ᠪᠦᠷ ᠥᠪᠡᠷ ᠤᠨ ᠰᠤᠳᠤᠯᠤᠭᠰᠠᠨ ᠨᠤᠲᠤᠭ ᠤᠨ ᠠᠷᠭ᠎ᠠ ᠪᠠᠨ | ᠬᠡᠷᠡᠭᠯᠡᠨ ᠬᠡᠦᠬᠡᠳ ᠲᠣᠰᠳᠠᠭ᠃ ᠲᠡᠷᠡ ᠨᠢ᠂ ᠨᠢᠭᠡ ᠲᠠᠯ᠎ᠠ ᠪᠠᠷ ᠵᠠᠷᠢᠮ ᠨᠥᠬᠦᠴᠡᠯ ᠪᠣᠯᠣᠯᠴᠠᠭ᠎ᠠ ᠶᠢᠨ ᠬᠦᠷᠦᠯᠴᠡᠭᠡ | ᠦᠭᠡᠢ ᠠᠴᠠ ᠪᠣᠯᠵᠤ᠂ ᠨᠥᠬᠦᠴᠡᠯ ᠠᠴᠠ ᠳᠠᠪᠠᠭᠰᠠᠨ ᠪᠡᠷᠬᠡ ᠬᠥᠩᠭᠡᠵᠢᠯᠲᠡ ᠳᠤ ᠠᠳᠡᠯ ᠣᠰᠣᠯ ᠭᠠᠷᠬᠤ ᠶᠢ | ᠬᠤᠷᠢᠭᠯᠠᠵᠤ ᠴᠢᠳᠠᠬᠤ ᠳᠤ ᠬᠦᠴᠢᠷ ᠪᠠᠶᠢᠭᠰᠠᠨ ᠪᠣᠯᠪᠠᠴᠤ ᠨᠥᠭᠦᠭᠡ ᠲᠠᠯ᠎ᠠ ᠪᠠᠷ ᠨᠢᠭᠡᠨᠲᠡ ᠣᠯᠠᠩᠬᠢ ᠡᠬᠡ ᠨᠢᠯᠬᠠᠰ ᠢ | ᠮᠡᠨᠳᠦ ᠲᠣᠰᠴᠤ ᠬᠥᠩᠭᠡᠵᠢᠭᠦᠯᠳᠡᠭ ︽ᠲᠤᠰᠬᠠᠢ ᠮᠡᠷᠭᠡᠵᠢᠯᠲᠡᠨ︾ ᠪᠠᠶᠢᠵᠤ ︽ᠲᠤᠰᠬᠠᠢ ᠮᠡᠷᠭᠡᠵᠢᠯᠲᠡᠨ︾ ᠤ ᠡᠩᠨᠡᠭᠡ | ᠪᠣᠯᠬᠤ ᠦᠨᠳᠦᠰᠦ ᠶᠢ ᠲᠠᠯᠪᠢᠭᠰᠠᠨ ᠪᠠᠶᠢᠵᠠᠢ᠃ | | ᠭᠤᠷᠪᠠ᠂ ᠢᠳᠡᠭᠡᠨ ᠤ ᠡᠷᠡᠭᠦᠯ ᠬᠠᠮᠠᠭᠠᠯᠠᠯ᠄ ᠦᠵᠦᠮᠦᠴᠢᠨ ᠮᠣᠩᠭᠤᠯᠴᠤᠳ ᠤᠨ ᠢᠳᠡᠭᠡᠨ ᠤ ᠡᠷᠡᠭᠦᠯ | ᠬᠠᠮᠠᠭᠠᠯᠠᠯ ᠨᠢ ᠲᠡᠳᠡᠨ ᠤ ᠴᠡᠪᠡᠷ ᠪᠣᠯᠪᠠᠰᠤᠨ ᠡᠷᠡᠭᠦᠯ ᠮᠡᠨᠳᠦ ᠶᠢᠨ ᠰᠣᠶᠣᠯ ᠤᠨ ᠪᠠᠰᠠ ᠨᠢᠭᠡ ᠴᠢᠬᠤᠯᠠ | ᠪᠦᠷᠢᠯᠳᠦᠬᠦᠨ ᠪᠣᠯᠳᠠᠭ᠃ ᠨᠡᠩ ᠴᠦ ᠲᠡᠳᠡᠨ ᠤ ᠥᠪᠡᠷ ᠢᠶᠠᠨ ᠦᠢᠯᠡᠳᠪᠦᠷᠢᠯᠡᠳᠡᠭ ︽ᠴᠠᠭᠠᠨ ᠢᠳᠡᠭᠡᠨ︾᠂ ︽ | ᠤᠯᠠᠭᠠᠨ ᠢᠳᠡᠭᠡᠨ︾ ᠤ ᠡᠷᠡᠭᠦᠯ ᠬᠠᠮᠠᠭᠠᠯᠠᠯ ᠪᠣᠯ ᠳᠦᠷᠢᠮ ᠭᠤᠷᠢᠮ ᠲᠠᠢ ᠰᠣᠶᠣᠯ ᠤᠨ ᠳᠡᠭᠡᠳᠦ ᠬᠡᠮᠵᠢᠶᠡᠨ ᠳᠤ | ᠬᠦᠷᠲᠡᠯ᠎ᠡ ᠬᠥᠭᠵᠢᠭᠰᠡᠨ ᠶᠤᠮ᠃ | | ᠴᠠᠭᠠᠨ ᠢᠳᠡᠭᠡᠨ ᠤ ᠡᠷᠡᠭᠦᠯ ᠬᠠᠮᠠᠭᠠᠯᠠᠯ ᠤᠨ ᠲᠠᠯ᠎ᠠ ᠪᠠᠷ ᠦᠢᠯᠡᠳᠪᠦᠷᠢᠯᠡᠬᠦ ᠶᠠᠪᠤᠴᠠ ᠶᠢᠨ ᠡᠷᠡᠭᠦᠯ ᠬᠠᠮᠠᠭᠠᠯᠠᠯ | ᠬᠤᠶᠠᠷ ᠲᠠᠯ᠎ᠠ ᠪᠠᠶᠢᠳᠠᠭ᠃ ᠦᠢᠯᠡᠳᠪᠦᠷᠢᠯᠡᠬᠦ ᠶᠠᠪᠤᠴᠠ ᠶᠢᠨ ᠡᠷᠡᠭᠦᠯ ᠬᠠᠮᠠᠭᠠᠯᠠᠯ ᠳᠤ ᠰᠦ ᠶᠢ ᠴᠡᠪᠡᠷ ᠰᠠᠭᠠᠵᠤ | ᠲᠤᠩᠭᠠᠵᠤ ᠰᠠᠪᠠᠯᠠᠵᠤ᠂ ᠢᠰᠬᠡᠬᠦ ᠦᠭᠡᠢ ᠪᠤᠵᠠᠷᠲᠤᠭᠤᠯᠬᠤ ᠦᠭᠡᠢ ᠴᠡᠪᠡᠷᠬᠡᠨ᠂ ᠬᠠᠯᠠᠭᠤᠨ ᠬᠦᠢᠲᠡᠨ ᠨᠢ ᠲᠡᠩᠴᠡᠭᠦᠨ | ᠂ ᠬᠠᠭᠠᠰ ᠵᠢᠯ ᠠᠴᠠ ᠨᠢᠭᠡ ᠵᠢᠯ ᠳᠤ ᠸᠠᠯᠠᠵᠤ ᠭᠡᠮᠲᠦᠭᠦ ᠦᠭᠡᠢ᠂ ᠴᠢᠨᠠᠷ ᠬᠤᠪᠢᠷᠠᠬᠤ ᠦᠭᠡᠢ ᠶᠢ ᠪᠠᠲᠤᠯᠠᠬᠤ ᠵᠡᠷᠭᠡ | ᠪᠠᠭᠲᠠᠨ᠎ᠠ᠃ | | ᠤᠯᠠᠭᠠᠨ ᠢᠳᠡᠭᠡᠨ ᠤ ᠡᠷᠡᠭᠦᠯ ᠬᠠᠮᠠᠭᠠᠯᠠᠯ ᠳᠤ ᠨᠡᠩ ᠣᠯᠠᠨ ᠲᠠᠯ᠎ᠠ ᠶᠢ ᠠᠩᠬᠠᠷᠴᠤ᠂ ᠲᠣᠩ ᠠᠷᠪᠢᠨ ᠠᠷᠭ᠎ᠠ | ᠬᠡᠮᠵᠢᠶ᠎ᠡ ᠠᠪᠬᠤ ᠶᠢᠨ ᠬᠠᠮᠲᠤ ᠣᠯᠠᠨ ᠵᠦᠢᠯ ᠤᠨ ᠴᠡᠭᠡᠷ ᠶᠣᠰᠣ ᠲᠣᠭᠲᠠᠭᠠᠭᠰᠠᠨ ᠪᠠᠶᠢᠳᠠᠭ᠃ | | ᠦᠵᠦᠮᠦᠴᠢᠨ ᠳᠤ ᠦᠬᠦᠭᠰᠡᠨ ᠮᠠᠯ ᠤᠨ ᠮᠢᠬ᠎ᠠ ᠢᠳᠡᠵᠦ ᠠᠰᠢᠭᠯᠠᠬᠤ ᠶᠢ ᠣᠨᠴᠤᠭᠤᠢ ᠴᠡᠭᠡᠷᠯᠡᠨ᠎ᠡ᠃ ︽ᠭᠠᠯ | ᠪᠤᠷᠬᠠᠨ ᠪᠤᠵᠠᠷᠲᠤᠨ᠎ᠠ︾ ᠭᠡᠵᠦ ᠭᠡᠷ ᠲᠡᠭᠡᠨ ᠣᠷᠣᠭᠤᠯᠬᠤ ᠦᠭᠡᠢ᠂ ᠲᠣᠭᠤᠭᠠᠨ ᠳᠤ ᠴᠢᠨᠠᠬᠤ ᠦᠭᠡᠢ᠂ ᠤᠨᠠᠭᠠᠵᠤ | ᠲᠤᠰᠬᠠᠭᠰᠠᠨ ᠮᠢᠬ᠎ᠠ ᠶᠢ ᠢᠳᠡᠬᠦ ᠶᠢ ᠴᠡᠭᠡᠷᠯᠡᠨ᠎ᠡ᠃ ᠢᠯᠵᠢᠷᠡᠵᠦ ᠭᠡᠮᠲᠦᠭᠰᠡᠨ ᠮᠢᠬ᠎ᠠ ᠶᠢ ᠢᠳᠡᠬᠦ ᠶᠢ ᠴᠡᠭᠡᠷᠯᠡᠨ᠎ᠡ᠃ | ᠠᠯᠤᠰ ᠭᠠᠵᠠᠷ ᠠᠴᠠ ᠢᠷᠡᠭᠰᠡᠨ ᠪᠤᠶᠤ ᠠᠶᠢᠯ ᠳᠠᠮᠵᠢᠭᠰᠠᠨ ︽ᠭᠠᠨᠵᠤᠭ᠎ᠠ︾ ᠵᠡᠷᠭᠡ ᠮᠢᠬ᠎ᠠ ᠶᠢ ᠢᠳᠡᠬᠦ ᠶᠢ | ᠴᠡᠭᠡᠷᠯᠡᠨ᠎ᠡ᠃ | | ᠲᠡᠷᠡ ᠨᠢ ᠬᠡᠷᠡᠭ ᠳᠡᠭᠡᠷ᠎ᠡ ᠪᠠᠨ ︽ᠭᠠᠯ ᠪᠤᠷᠬᠠᠨ ᠪᠤᠵᠠᠷᠲᠤᠨ᠎ᠠ︾ ᠭᠡᠰᠡᠨ ᠶᠠᠪᠤᠳᠠᠯ ᠪᠢᠰᠢ᠂ ︽ᠤᠯᠠᠭᠠᠨ | ᠢᠳᠡᠭᠡᠨ︾ ᠲᠦᠭᠦᠬᠡᠢ ᠮᠢᠬ᠎ᠠ ᠳᠤ ᠣᠯᠠᠨ ᠵᠦᠢᠯ ᠤᠨ ᠡᠪᠡᠳᠴᠢᠨ ᠡᠮᠵᠡᠭ ᠲᠠᠢ ᠪᠠᠶᠢᠵᠤ᠂ ᠬᠥᠮᠥᠨ ᠤ ᠪᠡᠶ᠎ᠡ ᠳᠤ | ᠬᠠᠯᠳᠠᠪᠤᠷᠢᠯᠠᠬᠤ ᠴᠢᠨᠠᠷ ᠶᠡᠭᠡ᠂ ᠬᠠᠳᠠᠭᠠᠯᠠᠵᠤ ᠤᠳᠠᠪᠠᠯ ᠴᠢᠨᠠᠷ ᠬᠤᠪᠢᠷᠠᠬᠤ ᠠᠴᠠ ᠰᠡᠷᠭᠡᠶᠢᠯᠡᠵᠦ ᠪᠠᠶᠢᠳᠠᠭ᠃ ︽ᠭᠠᠯ | ᠪᠤᠷᠬᠠᠨ ᠪᠤᠵᠠᠷᠲᠤᠨ᠎ᠠ︾ ᠭᠡᠳᠡᠭ ᠨᠢ ᠵᠥᠪᠬᠡᠨ ᠬᠢᠵᠠᠭᠠᠷᠯᠠᠬᠤ ᠠᠷᠭ᠎ᠠ ᠶᠢᠨ ᠠᠰᠠᠭᠤᠳᠠᠯ ᠪᠣᠯᠣᠨ᠎ᠠ᠃ | | ᠡᠶᠢᠮᠦ ᠠᠴᠠ ᠦᠵᠦᠮᠦᠴᠢᠨ ᠮᠣᠩᠭᠤᠯᠴᠤᠳ ᠮᠢᠬᠠᠨ ᠤ ᠡᠷᠡᠭᠦᠯ ᠬᠠᠮᠠᠭᠠᠯᠠᠯ ᠢ ᠲᠤᠶᠢᠯ ᠢᠶᠠᠷ ᠠᠩᠬᠠᠷᠴᠤ᠂ | ᠮᠢᠬ᠎ᠠ ᠦᠢᠯᠡᠳᠪᠦᠷᠢᠯᠡᠵᠦ ᠮᠢᠬ᠎ᠠ ᠬᠠᠳᠠᠭᠠᠯᠠᠬᠤ ᠳᠠᠭᠠᠨ ᠲᠣᠭᠲᠠᠭᠰᠠᠨ ᠠᠷᠭ᠎ᠠ ᠪᠠᠷᠢᠯ ᠢᠶᠠᠷ ᠲᠣᠩ ᠨᠠᠷᠢᠯᠢᠭ | ᠠᠵᠢᠯᠯᠠᠳᠠᠭ᠃ ᠲᠡᠳᠡᠨ ᠤ 30% ᠢᠯᠡᠭᠦᠦ ᠶᠢᠨ ᠠᠮᠠ ᠬᠦᠨᠡᠰᠦ ᠶᠢ ᠬᠠᠩᠭᠠᠳᠠᠭ ᠮᠢᠬ᠎ᠠ ᠶᠢ ᠦᠢᠯᠡᠳᠪᠦᠷᠢᠯᠡᠵᠦ | ᠬᠠᠳᠠᠭᠠᠯᠠᠬᠤ ᠳᠠᠭᠠᠨ ᠬᠥᠯᠳᠡᠭᠡᠬᠦ᠂ ᠬᠠᠲᠠᠭᠠᠬᠤ᠂ ᠳᠠᠪᠤᠰᠤᠯᠠᠬᠤ᠂ ᠪᠣᠷᠴᠠᠯᠠᠬᠤ ᠵᠡᠷᠭᠡ ᠦᠢᠯᠡᠳᠪᠦᠷᠢᠯᠡᠯ ᠤᠨ ᠠᠷᠭ᠎ᠠ | ᠨᠢ ᠴᠠᠭ ᠦᠶ᠎ᠡ ᠳᠡᠭᠡᠨ ᠮᠠᠰᠢ ᠲᠣᠬᠢᠷᠠᠵᠤ ᠪᠠᠶᠢᠭᠰᠠᠨ ᠪᠥᠭᠡᠳ ᠤᠯᠠᠭᠠᠨ ᠢᠳᠡᠭᠡᠨ ᠤ ᠡᠷᠡᠭᠦᠯ ᠬᠠᠮᠠᠭᠠᠯᠠᠯ ᠤᠨ | ᠡᠷᠡᠭᠦᠯ ᠴᠢᠨᠠᠷ ᠢ ᠪᠠᠲᠤᠯᠠᠵᠤ ᠪᠠᠶᠢᠵᠠᠢ᠃ | | ᠪᠤᠰᠤᠳ ᠢᠳᠡᠭᠡᠨ ᠤᠮᠳᠠᠭᠠᠨ ᠤ ᠡᠷᠡᠭᠦᠯ ᠬᠠᠮᠠᠭᠠᠯᠠᠯ ᠨᠢ ᠪᠠᠰᠠ ᠰᠦ ᠮᠢᠬ᠎ᠠ ᠶᠢᠨ ᠬᠦᠨᠡᠰᠦᠨ | ᠦᠢᠯᠡᠳᠪᠦᠷᠢᠯᠡᠯ ᠤᠨ ᠡᠷᠡᠭᠦᠯ ᠬᠠᠮᠠᠭᠠᠯᠠᠯ ᠲᠠᠢ ᠠᠳᠠᠯᠢ ᠪᠠᠷ ᠨᠡᠶᠢᠭᠡᠮ ᠨᠡᠶᠢᠲᠡ ᠳᠤ ᠬᠦᠨᠳᠦᠳᠬᠡᠭᠳᠡᠵᠦ ᠲᠣᠩ ᠴᠡᠪᠡᠷ | ᠠᠷᠢᠭᠤᠨ ᠶᠠᠪᠤᠭᠳᠠᠵᠤ ᠪᠠᠶᠢᠪᠠ᠃ | | ᠦᠵᠦᠮᠦᠴᠢᠨ ᠤ ᠴᠡᠪᠡᠷ ᠪᠣᠯᠪᠠᠰᠤᠨ ᠡᠷᠡᠭᠦᠯ ᠮᠡᠨᠳᠦ ᠶᠢᠨ ᠰᠣᠶᠣᠯ ᠨᠢ ᠳᠡᠭᠡᠷᠡᠬᠢ ᠮᠡᠲᠦ ᠨᠡᠶᠢᠭᠡᠮ ᠤᠨ ᠣᠯᠠᠨ | ᠬᠦᠷᠢᠶᠡᠨ ᠤ ᠴᠡᠪᠡᠷ ᠪᠣᠯᠪᠠᠰᠤᠨ ᠢ ᠪᠠᠭᠲᠠᠭᠠᠭᠰᠠᠨ ᠥᠷᠭᠡᠨ ᠠᠭᠤᠯᠭ᠎ᠠ ᠲᠠᠢ ᠪᠥᠭᠡᠳ ᠦᠢᠯᠡᠳᠦᠯᠭᠡ ᠶᠢᠨ ᠳᠤᠮᠳᠠ | ᠪᠦᠷᠢᠨ ᠲᠡᠭᠦᠯᠳᠡᠷ ᠠᠷᠭ᠎ᠠ ᠬᠡᠮᠵᠢᠶ᠎ᠡ᠂ ᠪᠠᠷᠢᠮᠵᠢᠶ᠎ᠠ᠂ ᠨᠥᠬᠦᠴᠡᠯ᠂ ᠬᠡᠪᠰᠢᠯ᠂ ᠳᠦᠷᠢᠮᠵᠢᠯ ᠲᠠᠢ ᠲᠤᠰᠬᠠᠢ ᠮᠡᠷᠭᠡᠵᠢᠯ | ᠤᠨ ᠡᠩᠨᠡᠭᠡ ᠲᠠᠢ ᠪᠦᠷᠢᠨᠰᠢᠨ ᠬᠥᠭᠵᠢᠵᠦ᠂ ᠬᠥᠮᠥᠨ ᠠᠷᠠᠳ ᠤᠨ ᠡᠷᠡᠭᠦᠯ ᠮᠡᠨᠳᠦ᠂ ᠠᠮᠢᠳᠤᠷᠠᠯ ᠦᠢᠯᠡᠳᠪᠦᠷᠢᠯᠡᠯ ᠳᠤ | ᠪᠠᠯᠠᠷᠠᠰᠢ ᠦᠭᠡᠢ ᠭᠠᠪᠢᠶ᠎ᠠ ᠵᠢᠳᠬᠦᠯ ᠭᠠᠷᠭᠠᠭᠠᠳ ᠣᠳᠣ ᠦᠶ᠎ᠡ ᠶᠢᠨ ᠰᠢᠨᠵᠢᠯᠡᠬᠦ ᠤᠬᠠᠭᠠᠨᠴᠢ ᠡᠷᠡᠭᠦᠯ ᠮᠡᠨᠳᠦ ᠶᠢᠨ | ᠪᠣᠯᠪᠠᠰᠤᠨ ᠰᠣᠶᠣᠯ ᠢ ᠳᠡᠪᠢᠰᠭᠡᠷᠯᠡᠵᠠᠢ᠃ | ︽ᠦᠵᠦᠮᠦᠴᠢᠨ ᠮᠣᠩᠭᠤᠯᠴᠤᠳ︾ ᠭᠤ᠂ ᠷᠠᠬᠸ᠎ᠠ | |