ᠭᠤ᠂ ᠷᠠᠬᠸ᠎ᠠ | | ᠮᠣᠩᠭᠤᠯᠴᠤᠳ ᠤᠨ ᠰᠤᠷᠭᠠᠨ ᠬᠥᠮᠥᠵᠢᠯ᠂ ᠤᠳᠬ᠎ᠠ ᠤᠷᠠᠯᠢᠭ᠂ ᠪᠡᠶ᠎ᠡ ᠲᠠᠮᠢᠷ ᠤᠨ ᠰᠣᠶᠣᠯ ᠪᠣᠯ ᠠᠯᠢ | ᠡᠷᠲᠡ 13 ᠳ᠋ᠤᠭᠠᠷ ᠵᠠᠭᠤᠨ ᠤ ᠡᠬᠢᠨ ᠳᠠᠬᠢ ᠶᠡᠭᠡ ᠮᠣᠩᠭᠤᠯ ᠤᠯᠤᠰ ᠢ ᠪᠠᠶᠢᠭᠤᠯᠤᠭᠰᠠᠨ ᠦᠶ᠎ᠡ ᠠᠴᠠ ᠡᠭᠦᠰᠴᠦ | ᠬᠥᠭᠵᠢᠭᠰᠡᠨ ᠲᠡᠦᠬᠡ ᠲᠠᠢ ᠶᠤᠮ᠃ ᠡᠨᠡ ᠨᠢ ᠮᠣᠩᠭᠤᠯ ᠦᠨᠳᠦᠰᠦᠲᠡᠨ ᠤ ᠨᠢᠭᠡ ᠪᠦᠷᠢᠯᠳᠦᠬᠦᠨ ᠪᠣᠯᠣᠭᠰᠠᠨ | ᠦᠵᠦᠮᠦᠴᠢᠨ ᠠᠶᠢᠮᠠᠭ ᠤᠨ ᠳᠤᠮᠳᠠ ᠪᠠᠷᠢᠮᠲᠠᠯᠠᠭᠳᠠᠭᠰᠠᠭᠠᠷ ᠢᠷᠠᠵᠠᠢ᠃ | | ᠨᠢᠭᠡ᠂ ᠰᠤᠷᠭᠠᠨ ᠬᠥᠮᠥᠵᠢᠯ ᠤᠨ ᠦᠢᠯᠡᠰ᠄ ᠮᠣᠩᠭᠤᠯ ᠤᠨ ᠰᠤᠷᠭᠠᠨ ᠬᠥᠮᠥᠵᠢᠯ ᠤᠨ ᠦᠢᠯᠡᠰ ᠤᠨ | ᠬᠥᠭᠵᠢᠯ ᠤᠨ ᠲᠤᠬᠠᠢ ᠮᠣᠩᠭᠤᠯ ᠲᠤᠯᠭᠤᠷ ᠪᠢᠴᠢᠭ ᠲᠤ ᠡᠷᠲᠡᠨ ᠠᠴᠠ ᠪᠠᠨ ᠲᠣᠳᠣᠷᠬᠠᠢ ᠲᠡᠮᠳᠡᠭᠯᠡᠯ ᠲᠠᠢ ᠪᠠᠶᠢᠳᠠᠭ᠃ | ︽ ᠲᠠᠢ ᠶᠤᠸᠠᠨ ᠤᠯᠤᠰ ᠤᠨ ᠪᠢᠴᠢᠭ︾ ᠲᠤ ᠴᠢᠩᠭᠢᠰ ᠬᠠᠭᠠᠨ ᠳᠠᠳᠠᠳᠤᠩᠭ᠎ᠠ ᠶᠢ ᠵᠠᠷᠯᠢᠭ ᠢᠶᠠᠷ ᠪᠠᠭᠰᠢ ᠪᠣᠯᠭᠠᠵᠤ᠂ | ᠲᠠᠶᠢᠽᠢ ᠲᠡᠷᠢᠭᠦᠯᠡᠨ ᠸᠠᠩ ᠬᠥᠪᠡᠭᠦᠳ ᠲᠤ ᠰᠤᠷᠭᠠᠭᠤᠯᠢ ᠪᠠᠶᠢᠭᠤᠯᠤᠨ ᠪᠢᠴᠢᠭ ᠰᠤᠷᠭᠠᠭᠰᠠᠨ ᠲᠤᠬᠠᠢ ᠲᠡᠮᠳᠡᠭᠯᠡᠵᠦ | ᠪᠠᠶᠢᠳᠠᠭ᠃ ᠡᠨᠡ ᠨᠢ᠂ ᠮᠣᠩᠭᠤᠯᠴᠤᠳ ᠠᠯᠢ ᠡᠷᠲᠡ ᠠᠴᠠ ᠰᠤᠷᠭᠠᠨ ᠬᠥᠮᠥᠵᠢᠯ ᠤᠨ ᠦᠢᠯᠡᠰ ᠢ ᠬᠦᠨᠳᠦᠳᠬᠡᠨ | ᠦᠵᠡᠬᠦ ᠪᠣᠯᠣᠭᠰᠠᠨ ᠢ ᠬᠠᠷᠠᠭᠤᠯᠵᠤ ᠪᠠᠶᠢᠭ᠎ᠠ ᠶᠤᠮ᠃ | | ᠮᠣᠩᠭᠤᠯ ᠤᠨ ᠰᠤᠷᠭᠠᠨ ᠬᠥᠮᠥᠵᠢᠯ ᠤᠨ ᠦᠢᠯᠡᠰ ᠮᠥᠨ ᠦᠵᠦᠮᠦᠴᠢᠨ ᠮᠣᠩᠭᠤᠯᠴᠤᠳ ᠤᠨ ᠳᠤᠮᠳᠠ | ᠢᠮᠠᠭᠲᠠ ᠠᠮᠢᠳᠤᠷᠠᠬᠤ ᠬᠦᠴᠦᠨ ᠢᠶᠠᠨ ᠬᠠᠳᠠᠭᠠᠯᠠᠭᠰᠠᠭᠠᠷ ᠢᠷᠠᠵᠠᠢ᠃ ᠡᠨᠡ ᠲᠠᠯ᠎ᠠ ᠪᠠᠷ ᠲᠡᠦᠬᠡ ᠶᠢᠨ ᠰᠢᠯᠲᠠᠭᠠᠨ | ᠠᠴᠠ ᠪᠣᠯᠵᠤ᠂ ᠮᠠᠨ ᠳᠤ ᠬᠦᠷᠲᠡᠭᠲᠡᠭᠰᠡᠨ ᠮᠠᠲ᠋ᠧᠷᠢᠶᠠᠯ ᠶᠡᠭᠡ ᠬᠤᠮᠰᠠ ᠪᠣᠯᠪᠠ᠃ ᠭᠡᠪᠡᠴᠦ ᠮᠠᠨ ᠤ ᠲᠤᠯᠭᠤᠷ ᠪᠢᠴᠢᠭ | ᠢ ᠱᠦᠭᠦᠪᠡᠯ᠂ ᠵᠠᠷᠢᠮ ᠲᠤᠶᠢᠯ ᠤᠨ ᠬᠤᠪᠣᠷ ᠴᠤᠬᠠᠭ ᠲᠡᠮᠳᠡᠭᠯᠡᠯ ᠪᠢᠳᠠᠨ ᠳᠤ ᠦᠯᠡᠳᠡᠨ ᠬᠤᠴᠣᠷᠴᠠᠢ᠃ | | ᠦᠵᠦᠮᠦᠴᠢᠨ ᠭᠤᠮᠪᠣᠵᠠᠪ ᠪᠣᠯ ᠦᠵᠦᠮᠦᠴᠢᠨ ᠤ ᠲᠡᠦᠬᠡᠨ ᠳᠠᠬᠢ ᠪᠢᠴᠢᠭ ᠤᠨ ᠰᠣᠶᠣᠯ ᠤᠨ ᠠᠤᠭ᠎ᠠ | ᠡᠷᠳᠡᠮᠲᠡᠨ ᠢᠶᠠᠷ ᠪᠠᠷᠠᠬᠤ ᠦᠭᠡᠢ᠂ ᠰᠤᠷᠭᠠᠨ ᠬᠥᠮᠥᠵᠢᠯ ᠤᠨ ᠠᠤᠭ᠎ᠠ ᠵᠢᠳᠬᠦᠯᠲᠡᠨ ᠪᠣᠯᠣᠨ᠎ᠠ᠃ ᠲᠡᠷᠡ ᠭᠠᠭᠴᠠ | ᠦᠵᠦᠮᠦᠴᠢᠨ ᠪᠢᠰᠢ ᠬᠠᠷᠢᠨ ᠪᠦᠬᠦᠶᠢᠯᠡ ᠮᠠᠨᠵᠤ ᠴᠢᠩ ᠤᠯᠤᠰ ᠤᠨ ᠦᠶ᠎ᠡ ᠶᠢᠨ ᠤᠯᠤᠰ ᠭᠦᠷᠦᠨ᠂ ᠢᠯᠠᠩᠭᠤᠶ᠎ᠠ | ᠮᠣᠩᠭᠤᠯ᠂ ᠲᠥᠪᠡᠳ ᠢ ᠪᠠᠭᠲᠠᠭᠠᠭᠰᠠᠨ ᠡᠯ᠎ᠡ ᠦᠨᠳᠦᠰᠦᠲᠡᠨ ᠤ ᠰᠤᠷᠭᠠᠨ ᠬᠥᠮᠥᠵᠢᠯ ᠤᠨ ᠦᠢᠯᠡᠰ ᠠᠤᠭ᠎ᠠ | ᠵᠢᠳᠬᠦᠯᠲᠡᠨ ᠪᠠᠶᠢᠵᠠᠢ᠃ ᠭᠤᠮᠪᠣᠵᠠᠪ 18 ᠳ᠋ᠤᠭᠠᠷ ᠵᠠᠭᠤᠨ ᠤ ᠦᠶ᠎ᠡ ᠳᠤ ᠨᠡᠶᠢᠰᠯᠡᠯ ᠬᠤᠲᠠ ᠪᠡᠭᠡᠵᠢᠩ ᠳᠤ ᠨᠠᠰᠤᠨ | ᠲᠤᠷᠰᠢ ᠳᠠᠭᠠᠨ ᠰᠠᠭᠤᠵᠤ᠂ ᠮᠣᠩᠭᠤᠯ ᠲᠥᠪᠡᠳ ᠤᠨ ᠰᠤᠷᠭᠠᠭᠤᠯᠢ ᠶᠢᠨ ᠲᠡᠷᠢᠭᠦᠨ ᠠᠮᠪᠠᠨ ᠰᠠᠶᠢᠳ ᠢᠶᠠᠷ | ᠠᠵᠢᠯᠯᠠᠵᠤ᠂ ᠦᠨᠳᠦᠰᠦᠲᠡᠨ ᠤ ᠰᠤᠷᠭᠠᠨ ᠬᠥᠮᠥᠵᠢᠯ᠂ ᠤᠯᠤᠰ ᠭᠦᠷᠦᠨ ᠤ ᠰᠤᠷᠭᠠᠨ ᠬᠥᠮᠥᠵᠢᠯ ᠳᠤ ᠨᠠᠰᠤ ᠪᠠᠷ | ᠢᠶᠠᠨ ᠵᠢᠳᠬᠦᠵᠡᠢ᠃ ᠡᠶᠢᠮᠦ ᠡᠷᠳᠡᠮᠲᠡᠨ ᠵᠢᠳᠬᠦᠯᠲᠡᠨ ᠲᠡᠦᠬᠡᠨ ᠳᠤ ᠬᠤᠪᠣᠷ᠃ ᠲᠡᠷᠡ ᠴᠣᠬᠤᠮ ᠮᠣᠩᠭᠤᠯ᠂ | ᠲᠥᠪᠡᠳ ᠵᠡᠷᠭᠡ ᠡᠯ᠎ᠡ ᠦᠨᠳᠦᠰᠦᠲᠡᠨ ᠤ ᠰᠣᠶᠣᠯ ᠰᠢᠨᠵᠢᠯᠡᠬᠦ ᠤᠬᠠᠭᠠᠨ ᠢ ᠪᠠᠭᠲᠠᠭᠠᠭᠰᠠᠨ ᠡᠯ᠎ᠡ ᠲᠠᠯ᠎ᠠ ᠶᠢᠨ ᠨᠡᠶᠢᠭᠡᠮ | ᠤᠨ ᠦᠢᠯᠡᠰ ᠲᠤ ᠬᠡᠴᠢᠨᠡᠨ ᠡᠷᠳᠡᠮᠲᠡᠨ ᠮᠡᠷᠭᠡᠳ ᠬᠥᠮᠥᠵᠢᠭᠦᠯᠵᠦ ᠥᠭᠭᠦᠭᠰᠡᠨ ᠢ ᠣᠳᠣ ᠵᠢᠱᠢᠬᠦ ᠳᠤ ᠪᠡᠷᠬᠡ ᠁ | | ᠮᠠᠨᠵᠤ ᠴᠢᠩ ᠤᠯᠤᠰ ᠤᠨ ᠦᠶ᠎ᠡ ᠶᠢᠨ ᠦᠵᠦᠮᠦᠴᠢᠨ ᠤ ᠭᠠᠵᠠᠷ ᠣᠷᠣᠨ ᠤ ᠰᠤᠷᠭᠠᠨ ᠬᠥᠮᠥᠵᠢᠯ ᠨᠢ ᠭᠤᠣᠯ | ᠬᠤᠶᠠᠷ ᠵᠦᠢᠯ ᠤᠨ ᠠᠷᠭ᠎ᠠ ᠪᠠᠷ ᠬᠥᠭᠵᠢᠵᠦ ᠢᠷᠠᠵᠠᠢ᠃ | | ᠨᠢᠭᠡ ᠨᠢ᠂ ᠰᠦᠮ᠎ᠡ ᠬᠡᠶᠢᠳ᠂ ᠦᠵᠦᠮᠦᠴᠢᠨ ᠬᠤᠶᠠᠷ ᠬᠤᠰᠢᠭᠤᠨ ᠳᠤ ᠤᠷᠢᠳ ᠬᠤᠵᠢᠳ | ᠪᠠᠶᠢᠭᠤᠯᠤᠭᠳᠠᠭᠰᠠᠨ 21 ᠰᠦᠮ᠎ᠡ ᠬᠡᠶᠢᠳ ᠪᠣᠯ᠂ ᠲᠤᠬᠠᠢ ᠶᠢᠨ ᠦᠶ᠎ᠡ ᠶᠢᠨ ᠦᠵᠦᠮᠦᠴᠢᠨ ᠤ ᠰᠤᠷᠭᠠᠨ ᠬᠥᠮᠥᠵᠢᠯ | ᠤᠨ ᠭᠤᠣᠯ ᠭᠠᠵᠠᠷ ᠪᠠᠶᠢᠵᠠᠢ᠃ ᠰᠦᠮ᠎ᠡ ᠬᠡᠶᠢᠳ ᠲᠤ ᠣᠯᠠᠩᠬᠢ ᠲᠣᠭᠠᠨ ᠤ ᠬᠡᠦᠬᠡᠳ ᠱᠠᠪᠢᠯᠠᠨ ᠰᠠᠭᠤᠵᠤ᠂ | ᠲᠥᠪᠡᠳ᠂ ᠮᠣᠩᠭᠤᠯ ᠪᠢᠴᠢᠭ ᠰᠤᠷᠳᠠᠭ ᠪᠠᠶᠢᠭᠰᠠᠨ ᠪᠣᠯᠬᠤᠷ᠂ ᠨᠢᠭᠡᠨ ᠦᠶ᠎ᠡ ᠶᠢᠨ ᠪᠢᠴᠢᠭ ᠤᠨ ᠰᠣᠶᠣᠯ ᠲᠠᠢ | ᠮᠡᠳᠡᠯᠭᠡᠲᠡᠳ ᠪᠦᠷ ︽ᠪᠯᠠᠮ᠎ᠠ ᠰᠡᠬᠡᠭᠡᠲᠡᠳ︾ ᠪᠠᠶᠢᠭᠰᠠᠨ ᠪᠠᠶᠢᠨ᠎ᠠ᠃ ᠲᠡᠷᠡ ᠦᠶ᠎ᠡ ᠶᠢᠨ ᠰᠦᠮ᠎ᠡ ᠬᠡᠶᠢᠳ ᠤᠨ ᠨᠢᠭᠡ | ᠳᠠᠯᠳᠠ ᠣᠨᠴᠠᠯᠢᠭ ᠪᠣᠯ 7 ᠨᠠᠰᠤᠨ ᠠᠴᠠ ᠳᠡᠭᠡᠭᠰᠢ ᠬᠡᠦᠬᠡᠳ ᠶᠡᠭᠡ ᠪᠠᠷ ᠲᠥᠪᠯᠡᠷᠡᠭᠰᠡᠨ ᠰᠤᠷᠭᠠᠭᠤᠯᠢ ᠶᠢᠨ ᠰᠢᠨᠵᠢ | ᠴᠢᠨᠠᠷ ᠲᠠᠢ ᠭᠠᠵᠠᠷ ᠪᠠᠶᠢᠵᠠᠢ᠃ ᠲᠡᠷᠡ ᠦᠶ᠎ᠡ ᠳᠤ ᠨᠡᠶᠢᠭᠡᠮ ᠳᠡᠭᠡᠷ᠎ᠡ ᠰᠦᠮ᠎ᠡ ᠬᠡᠶᠢᠳ ᠲᠠᠢ ᠵᠡᠷᠭᠡᠴᠡᠨ ᠶᠡᠭᠡ | ᠬᠡᠪᠴᠢᠶᠡᠨ ᠤ ᠰᠤᠷᠭᠠᠭᠤᠯᠢ ᠪᠠᠶᠢᠭᠤᠯᠬᠤ ᠤᠬᠠᠮᠰᠠᠷ ᠪᠤᠶᠤ ᠡᠳ᠋ ᠤᠨ ᠢᠷᠡᠯᠲᠡ᠂ ᠬᠡᠦᠬᠡᠳ ᠤᠨ ᠢᠷᠡᠯᠲᠡ ᠪᠠᠶᠢᠭᠰᠠᠨ | ᠦᠭᠡᠢ ᠪᠣᠯᠬᠤᠷ ᠠᠷᠠᠳ ᠢᠷᠭᠡᠳ ᠬᠡᠦᠬᠡᠳ ᠲᠡᠭᠡᠨ ᠡᠷᠳᠡᠮ ᠨᠣᠮ ᠬᠦᠷᠲᠡᠭᠡᠬᠦ ᠶᠢᠨ ᠲᠥᠯᠥᠭᠡ᠂ ᠬᠡᠦᠬᠡᠳ ᠢᠶᠠᠨ | ᠰᠦᠮ᠎ᠡ ᠬᠡᠶᠢᠳ ᠲᠤ ᠬᠦᠷᠭᠡᠳᠡᠭ ᠪᠠᠶᠢᠪᠠ᠃ | | ᠨᠥᠭᠦᠭᠡ ᠨᠢ᠂ ᠬᠥᠳᠡᠭᠡ ᠶᠢᠨ ᠭᠡᠷ ᠤᠨ ᠰᠤᠷᠭᠠᠭᠤᠯᠢ᠂ ᠨᠡᠶᠢᠭᠡᠮ ᠤᠨ ᠰᠤᠷᠭᠠᠭᠤᠯᠢ ᠨᠢ ᠰᠦᠮ᠎ᠡ ᠬᠡᠶᠢᠳ | ᠲᠤ ᠰᠢᠬᠠᠭᠳᠠᠭᠰᠠᠨ ᠠᠴᠠ ᠪᠣᠯᠵᠤ᠂ ᠵᠠᠷᠢᠮ ᠤᠯᠤᠰ ᠲᠥᠷᠥ᠂ ᠠᠵᠤ ᠠᠬᠤᠢ ᠶᠢᠨ ᠳᠠᠪᠠᠭᠤᠯᠢᠭ ᠨᠥᠬᠦᠴᠡᠯ ᠲᠠᠢ | ᠳᠡᠭᠡᠳᠦ ᠳᠠᠪᠬᠤᠷᠭᠠᠲᠠᠨ ︵ᠣᠨᠴᠤᠭᠤᠢ ᠵᠠᠷᠢᠮ ᠠᠯᠤᠰ ᠤᠨ ᠬᠠᠷᠠᠯᠲᠠ ᠬᠤᠯᠠ ᠶᠢᠨ ᠪᠣᠳᠣᠯᠭ᠎ᠠ ᠲᠠᠢ ᠶᠠᠳᠠᠭᠤ ᠡᠷᠦᠬᠡ | ᠴᠦ ᠪᠣᠯ︶ ᠢᠶᠠᠷ ᠭᠤᠣᠯ ᠪᠣᠯᠭᠠᠭᠰᠠᠨ ᠭᠡᠷ ᠲᠡᠭᠡᠨ ᠪᠤᠶᠤ ᠠᠶᠢᠯ ᠬᠤᠲᠠᠨ ᠳᠠᠭᠠᠨ ︽ᠭᠡᠷ ᠤᠨ ᠪᠠᠭᠰᠢ︾ ᠵᠠᠯᠠᠵᠤ᠂ | ᠦᠷ᠎ᠡ ᠬᠡᠦᠬᠡᠳ ᠲᠡᠭᠡᠨ ᠪᠢᠴᠢᠭ ᠰᠤᠷᠭᠠᠯ ᠬᠦᠷᠲᠡᠭᠡᠬᠦ ᠳᠥᠭᠦᠮ ᠬᠡᠯᠪᠡᠷᠢ ᠪᠠᠰᠠ ᠳᠠᠭᠠᠯᠳᠤᠨ ᠪᠣᠢ ᠪᠣᠯᠵᠠᠢ᠃ ᠡᠨᠡ | ᠬᠡᠯᠪᠡᠷᠢ ᠨᠢ ᠬᠡᠳᠦᠶᠢᠪᠡᠷ ᠴᠥᠭᠡᠪᠦᠷᠢ ᠣᠷᠣᠰᠢᠵᠤ ᠪᠠᠶᠢᠭᠰᠠᠨ ᠪᠣᠯᠪᠠᠴᠤ᠂ ᠬᠠᠷᠠᠴᠤᠤᠯ ᠤᠨ ᠳᠤᠮᠳᠠᠬᠢ ᠵᠠᠷᠢᠮ | ᠣᠨᠴᠤᠭᠤᠢ ᠴᠢᠳᠠᠪᠤᠷᠢᠯᠢᠭ ᠬᠥᠮᠥᠨ ᠢ ᠬᠥᠮᠥᠵᠢᠭᠦᠯᠦᠨ ᠭᠠᠷᠭᠠᠵᠤ ᠪᠠᠶᠢᠵᠠᠢ᠃ ᠨᠡᠩ ᠴᠦ ᠬᠠᠷ᠎ᠠ ᠶᠢᠨ ᠳᠡᠭᠡᠳᠦ | ᠳᠠᠪᠬᠤᠷᠭᠠᠲᠠᠨ ᠤ ᠣᠯᠠᠩᠬᠢ ᠨᠢ ᠪᠠᠷᠤᠭ ᠡᠶᠢᠮᠦ ︽ᠭᠡᠷ ᠤᠨ ᠰᠤᠷᠭᠠᠭᠤᠯᠢ︾ ᠠᠴᠠ ᠭᠠᠷᠴᠤ ᠪᠠᠶᠢᠵᠠᠢ᠃ ᠭᠡᠪᠡᠴᠦ | ᠲᠣᠰ ᠬᠡᠯᠪᠡᠷᠢ ᠨᠢ ᠰᠢᠷ᠎ᠠ ᠶᠢᠨ ᠱᠠᠰᠢᠨ ᠤ ᠰᠦᠮ᠎ᠡ ᠬᠡᠶᠢᠳ ᠤᠨ ᠨᠥᠯᠥᠭᠡ ᠶᠡᠭᠡ ᠪᠠᠶᠢᠭᠰᠠᠨ ᠠᠴᠠ ᠲᠡᠭᠦᠨ ᠳᠤ | ᠰᠢᠬᠠᠭᠳᠠᠨ᠂ ᠵᠡᠷᠭᠡᠴᠡᠵᠦ ᠶᠠᠪᠤᠭᠳᠠᠬᠤ ᠨᠥᠬᠦᠴᠡᠯ ᠢᠶᠠᠷ ᠲᠣᠩ ᠪᠠᠭ᠎ᠠ ᠪᠠᠶᠢᠵᠤ᠂ ᠨᠡᠯᠢᠶᠡᠳ ᠬᠤᠵᠢᠮ ᠪᠣᠯᠵᠤ | ᠢᠷᠡᠭᠡᠳ ᠰᠠᠶ᠋ᠢ ᠸᠠᠩ ᠤᠨ ᠣᠷᠳᠣᠨ ᠳᠤ ᠶᠠᠪᠤᠭᠳᠠᠭᠠᠳ ᠰᠡᠭᠦᠯ ᠳᠡᠭᠡᠨ ᠣᠷᠳᠣᠨ ᠰᠤᠷᠭᠠᠭᠤᠯᠢ ᠶᠢ ᠰᠠᠭᠤᠷᠢ | ᠲᠠᠯᠪᠢᠵᠠᠢ᠃ ᠣᠷᠳᠣᠨ ᠳᠤ ᠰᠧᠷᠠᠰᠢ᠂ ᠰᠢᠷ᠎ᠡ ᠰᠤᠷᠭᠠᠭᠤᠯᠢ ᠳᠤ ᠰᠤᠷᠤᠯᠴᠠᠵᠤ ᠪᠠᠶᠢᠭᠰᠠᠨ ᠬᠠᠮᠲᠤ ᠰᠤᠷᠤᠭᠴᠢ ᠪᠠᠷ | ᠦᠵᠡᠬᠦ ᠳᠤ ᠣᠷᠳᠣᠨ ᠰᠤᠷᠭᠠᠭᠤᠯᠢ ᠨᠡᠯᠢᠶᠡᠳ ᠡᠷᠲᠡ ᠪᠠᠶᠢᠵᠠᠢ᠃ | | 19 ᠳ᠋ᠦ᠋ᠭᠡᠷ ᠵᠠᠭᠤᠨ ᠤ ᠡᠬᠢᠨ ᠠᠴᠠ ᠦᠵᠦᠮᠦᠴᠢᠨ ᠤ ᠰᠤᠷᠭᠠᠨ ᠬᠥᠮᠥᠵᠢᠯ ᠤᠨ ᠦᠢᠯᠡᠰ ᠲᠤ ᠵᠣᠬᠢᠬᠤ | ᠬᠤᠪᠢᠷᠠᠯᠲᠠ ᠭᠠᠷᠴᠠᠢ᠃ ᠦᠵᠦᠮᠦᠴᠢᠨ ᠪᠠᠷᠠᠭᠤᠨ ᠭᠠᠷ ᠬᠤᠰᠢᠭᠤᠨ ᠤ ᠰᠣᠳᠨᠠᠮᠷᠠᠪᠳᠠᠨ ᠴᠢᠨ ᠸᠠᠩ ᠰᠤᠷᠭᠠᠨ | ᠬᠥᠮᠥᠵᠢᠯ ᠢ ᠬᠥᠭᠵᠢᠭᠦᠯᠬᠦ ᠨᠡᠯᠢᠶᠡᠳ ᠰᠢᠨ᠎ᠡ ᠠᠷᠭ᠎ᠠ ᠪᠠᠷᠢᠯ ᠢ ᠠᠪᠤᠭᠰᠠᠨ ᠪᠠᠶᠢᠨ᠎ᠠ᠃ ᠨᠢᠭᠡ ᠳᠤ᠂ ᠭᠠᠳᠠᠷ ᠣᠷᠣᠨ | ᠠᠴᠠ ᠪᠠᠭᠰᠢ ᠵᠠᠯᠠᠵᠤ ᠣᠷᠳᠣᠨ ᠰᠤᠷᠭᠠᠭᠤᠯᠢ ᠶᠢ ᠴᠢᠨᠠᠷᠵᠢᠭᠤᠯᠬᠤ᠂ ᠬᠤᠶᠠᠷ ᠲᠤ᠂ ᠥᠪᠡᠷ ᠤᠨ ᠰᠣᠶᠣᠯᠲᠠᠨ ᠤ | ᠬᠦᠴᠦᠨ ᠢ ᠬᠥᠮᠥᠵᠢᠭᠦᠯᠬᠦ ᠶᠢᠨ ᠲᠥᠯᠥᠭᠡ᠂ ᠭᠠᠳᠠᠷ ᠣᠷᠣᠨ ᠳᠤ ᠰᠤᠷᠤᠭᠴᠢ ᠲᠣᠮᠢᠯᠠᠨ ᠣᠴᠢᠭᠤᠯᠵᠤ | ᠰᠤᠷᠤᠯᠴᠠᠭᠤᠯᠬᠤ ᠵᠡᠷᠭᠡ᠃ ᠲᠡᠷᠡ 1906 ~1907 ᠣᠨ ᠤ ᠬᠤᠭᠤᠷᠣᠨᠳᠤ ᠴᠠᠰᠤᠲᠤ ᠶᠢᠨ ᠴᠢᠭᠤᠯᠭᠠᠨ ᠵᠡᠷᠭᠡ | ᠭᠠᠵᠠᠷ ᠲᠤ ᠵᠢᠭᠮᠢᠳ᠂ ᠯᠾᠨ᠂ ᠰᠤᠩᠳᠤᠢ ᠵᠡᠷᠭᠡ 8 ᠨᠡᠷ᠎ᠡ ᠰᠤᠷᠤᠭᠴᠢ ᠶᠢ ᠲᠣᠮᠢᠯᠠᠨ ᠣᠴᠢᠭᠤᠯᠵᠤ | ᠰᠤᠷᠤᠯᠴᠠᠭᠤᠯᠵᠠᠢ᠃ ᠵᠢᠭᠮᠢᠳ᠂ ᠯᠾᠨ᠂ ᠰᠤᠩᠳᠤᠢ ᠵᠡᠷᠭᠡ ᠭᠤᠷᠪᠠᠨ ᠰᠤᠷᠤᠭᠴᠢ ᠨᠢ 4 ~5 ᠵᠢᠯ ᠭᠠᠳᠠᠷ ᠣᠷᠣᠨ | ᠳᠤ ᠰᠣᠶᠣᠯ ᠰᠤᠷᠴᠤ ᠬᠢᠲᠠᠳ ᠬᠡᠯᠡ ᠶᠢᠨ ᠪᠢᠴᠢᠭ ᠤᠩᠰᠢᠵᠤ ᠬᠥᠮᠥᠵᠢᠯ ᠬᠦᠷᠲᠡᠭᠡᠳ ᠲᠡᠭᠦᠰᠴᠦ ᠬᠤᠰᠢᠭᠤᠨ | ᠳᠠᠭᠠᠨ ᠪᠤᠴᠠᠵᠤ ᠢᠷᠠᠵᠠᠢ᠃ ᠲᠡᠳᠡ ᠦᠵᠦᠮᠦᠴᠢᠨ ᠤ ᠨᠢᠭᠡ ᠦᠶ᠎ᠡ ᠶᠢᠨ ᠪᠢᠴᠢᠭ ᠤᠨ ᠰᠣᠶᠣᠯᠲᠤ ᠰᠡᠬᠡᠭᠡᠲᠡᠨ | ᠪᠣᠯᠵᠤ᠂ ᠯᠾᠨ᠂ ᠰᠤᠩᠳᠤᠢ ᠬᠤᠶᠠᠷ ᠨᠢ ᠬᠤᠰᠢᠭᠤ ᠶᠠᠮᠤᠨ ᠳᠤ ᠠᠵᠢᠯᠯᠠᠵᠤ᠂ ᠵᠢᠭᠮᠢᠳ ᠴᠠᠭ ᠲᠥᠷᠥ ᠳᠤ ᠳᠤᠷ᠎ᠠ | ᠦᠭᠡᠶᠢᠴᠡᠨ ᠨᠤᠲᠤᠭ ᠲᠠᠭᠠᠨ ᠪᠤᠴᠠᠵᠤ ᠮᠠᠯ ᠮᠠᠯᠵᠢᠵᠠᠢ᠃ ᠡᠭᠦᠨ ᠤ ᠬᠠᠮᠲᠤ ᠰᠣᠳᠨᠠᠮᠷᠠᠪᠳᠠᠨ ᠴᠢᠨ ᠸᠠᠩ ᠤᠨ | ᠣᠷᠳᠣᠨ ᠳᠤ ᠴᠥᠭᠡᠪᠦᠷᠢ ᠬᠡᠦᠬᠡᠳ ᠣᠷᠳᠣᠨ ᠳᠣᠲᠣᠷ᠎ᠠ ᠰᠤᠷᠤᠯᠴᠠᠭᠤᠯᠵᠤ ᠣᠷᠳᠣᠨ ᠤ ᠰᠤᠷᠭᠠᠭᠤᠯᠢ ᠶᠢ | ᠰᠠᠭᠤᠷᠢᠯᠠᠵᠠᠢ᠃ | | 1935 ᠣᠨ ᠳᠤ ᠳᠠᠮᠴᠤᠭᠳᠣᠩᠷᠣᠪ ᠸᠠᠩ ᠰᠢᠯᠢ ᠶᠢᠨ ᠭᠤᠣᠯ ᠤᠨ ᠴᠢᠭᠤᠯᠭᠠᠨ ᠤ ᠳ᠋ᠠ ᠸᠠᠩ ᠤᠨ | ᠲᠤᠰᠢᠶᠠᠯ ᠳᠤ ᠭᠠᠷᠤᠭᠠᠳ᠂ ᠰᠤᠷᠭᠠᠨ ᠬᠥᠮᠥᠵᠢᠯ ᠳᠤ ᠬᠦᠴᠦ ᠲᠠᠯᠪᠢᠭᠰᠠᠨ ᠠᠴᠠ ᠦᠵᠦᠮᠦᠴᠢᠨ ᠪᠠᠷᠠᠭᠤᠨ | ᠬᠤᠰᠢᠭᠤᠨ ᠤ ᠣᠷᠳᠣᠨ ᠰᠤᠷᠭᠠᠭᠤᠯᠢ ᠵᠢᠩᠬᠢᠨᠢ ᠪᠠᠷ ᠪᠠᠶᠢᠭᠤᠯᠤᠭᠳᠠᠵᠠᠢ᠃ ᠡᠭᠦᠨ ᠤ ᠬᠠᠮᠲᠤ ᠡᠯ᠎ᠡ ᠵᠠᠯᠠᠨ ᠰᠤᠮᠤᠨ | ᠤ ᠰᠤᠷᠭᠠᠭᠤᠯᠢ ᠵᠠᠯᠭᠠᠭ᠎ᠠ ᠪᠠᠷ ᠪᠠᠶᠢᠭᠤᠯᠤᠭᠳᠠᠵᠤ᠂ 1945 ᠣᠨ ᠪᠣᠯᠬᠤ ᠳᠤ ᠦᠵᠦᠮᠦᠴᠢᠨ ᠪᠠᠷᠠᠭᠤᠨ ᠬᠤᠰᠢᠭᠤᠨ | ᠳᠤ ᠪᠠᠰᠠ ᠡᠷᠡᠭᠲᠡᠢ ᠡᠮᠡᠭᠲᠡᠢ ᠢᠯᠭᠠᠭᠰᠠᠨ 11 ᠰᠠᠭᠤᠷᠢ ᠰᠤᠷᠭᠠᠭᠤᠯᠢ ᠲᠠᠢ ᠪᠣᠯᠵᠤ᠂ ᠰᠤᠷᠤᠭᠴᠢ 400 ~ 500 | ᠨᠡᠷ᠎ᠡ ᠳᠤ ᠬᠦᠷᠦᠭᠰᠡᠨ ᠪᠥᠭᠡᠳ ᠪᠠᠭᠰᠢ ᠠᠵᠢᠯᠲᠠᠨ ᠤ ᠡᠩᠨᠡᠭᠡ᠂ ᠭᠡᠷ ᠣᠷᠣᠨ ᠰᠠᠭᠤᠴᠠ᠂ ᠵᠢᠭᠠᠬᠤ ᠮᠠᠲ᠋ᠧᠷᠢᠶᠠᠯ᠂ | ᠳᠦᠷᠢᠮ ᠲᠣᠭᠲᠠᠭᠠᠯ ᠤᠨ ᠲᠣᠭᠲᠠᠴᠠ ᠨᠡᠯᠢᠶᠡᠳ ᠪᠦᠷᠢᠨᠰᠢᠨ ᠰᠢᠰᠲ᠋ᠧᠮᠵᠢᠬᠦ ᠵᠠᠮ ᠳᠤ ᠣᠷᠣᠭᠰᠠᠨ ᠰᠤᠷᠭᠠᠭᠤᠯᠢ | ᠪᠠᠶᠢᠭᠤᠯᠵᠤ ᠡᠬᠢᠯᠡᠵᠡᠢ᠃ | | ᠦᠵᠦᠮᠦᠴᠢᠨ ᠤ ᠰᠤᠷᠭᠠᠨ ᠬᠥᠮᠥᠵᠢᠯ ᠤᠨ ᠬᠥᠭᠵᠢᠯᠲᠡ ᠶᠢᠨ ᠳᠡᠭᠡᠷᠡᠬᠢ ᠮᠡᠲᠦ ᠲᠡᠦᠬᠡᠨ ᠪᠠᠶᠢᠳᠠᠯ ᠨᠢ ᠲᠤᠬᠠᠢ | ᠶᠢᠨ ᠴᠠᠭ ᠦᠶ᠎ᠡ ᠳᠡᠭᠡᠨ ᠠᠪᠴᠤ ᠬᠡᠯᠡᠪᠡᠯ ᠲᠠᠰᠤᠷᠠᠯᠲᠠ ᠦᠭᠡᠢ ᠤᠷᠤᠭᠰᠢ ᠠᠯᠬᠤᠭᠰᠠᠨ ᠳᠠᠪᠰᠢᠯᠲᠠ ᠪᠣᠯᠣᠨ᠎ᠠ᠃ | ᠭᠡᠪᠡᠴᠦ᠂ ᠲᠤᠬᠠᠢ ᠶᠢᠨ ᠦᠶ᠎ᠡ ᠶᠢᠨ ᠴᠠᠭ ᠦᠶ᠎ᠡ ᠶᠢᠨ ᠬᠢᠵᠠᠭᠠᠷᠯᠠᠯ ᠠᠴᠠ ᠪᠣᠯᠵᠤ᠂ ᠦᠵᠦᠮᠦᠴᠢᠨ ᠤ ᠰᠤᠷᠭᠠᠨ | ᠬᠥᠮᠥᠵᠢᠯ ᠤᠨ ᠰᠣᠶᠣᠯ ᠨᠢ ᠪᠦᠬᠦᠶᠢᠯᠡ ᠮᠣᠩᠭᠤᠯ ᠣᠷᠣᠨ ᠲᠠᠢ ᠠᠳᠠᠯᠢ ᠨᠡᠶᠢᠭᠡᠮ ᠤᠨ ᠳᠠᠪᠰᠢᠯᠲᠠ ᠶᠢᠨ ᠬᠠᠮᠤᠭ ᠤᠨ | ᠪᠠᠭᠤᠷᠠᠢ ᠵᠠᠩᠭᠢᠯᠠᠭ᠎ᠠ ᠪᠠᠶᠢᠭᠰᠠᠨ ᠢ ᠦᠭᠡᠶᠢᠰᠬᠡᠵᠦ ᠪᠣᠯᠬᠤ ᠦᠭᠡᠢ᠃ ᠨᠡᠩ ᠴᠦ᠂ ᠤᠷᠲᠤ ᠬᠤᠭᠤᠴᠠᠭᠠᠨ ᠤ | ᠲᠤᠷᠰᠢᠬᠢ ᠰᠦᠮ᠎ᠡ ᠬᠡᠶᠢᠳ ᠢᠶᠠᠷ ᠭᠤᠣᠯᠯᠠᠭᠰᠠᠨ ᠰᠤᠷᠭᠠᠨ ᠬᠥᠮᠥᠵᠢᠯ ᠨᠢ᠂ ᠦᠨᠳᠦᠰᠦᠲᠡᠨ ᠤ ᠰᠣᠶᠣᠯ ᠢᠶᠠᠨ | ᠬᠠᠶᠠᠵᠤ᠂ ᠬᠤᠴᠣᠷᠤᠩᠭᠤᠢ ᠬᠠᠷᠢ ᠶᠢᠨ ᠰᠣᠶᠣᠯ ᠳᠤ ᠬᠤᠭᠤᠰᠤᠨ ᠮᠣᠩᠬᠠᠭᠤᠷᠠᠵᠤ᠂ ᠥᠪᠡᠷ ᠤᠨ ᠰᠣᠶᠣᠯ ᠤᠨ | ᠬᠥᠭᠵᠢᠯᠲᠡ ᠳᠤ ᠲᠤᠶᠢᠯ ᠤᠨ ᠠᠶᠤᠯᠲᠠᠢ ᠳᠠᠶᠢᠰᠤᠨ ᠪᠣᠯᠵᠤ ᠪᠠᠶᠢᠵᠠᠢ᠃ | | ᠬᠤᠶᠠᠷ᠂ ᠦᠵᠦᠮᠦᠴᠢᠨ ᠤ ᠤᠷᠠᠯᠢᠭ᠂ ᠪᠡᠶ᠎ᠡ ᠲᠠᠮᠢᠷ ᠤᠨ ᠤᠯᠠᠮᠵᠢᠯᠠᠯᠲᠤ ᠰᠣᠶᠣᠯ᠄ ᠦᠵᠦᠮᠦᠴᠢᠨ ᠤ | ᠤᠷᠠᠯᠢᠭ᠂ ᠪᠡᠶ᠎ᠡ ᠶᠢᠨ ᠲᠠᠮᠢᠷ ᠤᠨ ᠤᠯᠠᠮᠵᠢᠯᠠᠯᠲᠤ ᠰᠣᠶᠣᠯ ᠪᠣᠯ ᠲᠡᠳᠡᠨ ᠤ ᠡᠷᠲᠡᠨ ᠠᠴᠠ ᠪᠠᠨ ᠨᠡᠯᠢᠶᠡᠳ | ᠬᠥᠭᠵᠢᠭᠰᠡᠨ ᠰᠣᠶᠣᠯ ᠪᠠᠶᠢᠵᠠᠢ᠃ ᠮᠣᠩᠭᠤᠯᠴᠤᠳ ᠤᠨ ᠡᠷ᠎ᠡ ᠶᠢᠨ ᠭᠤᠷᠪᠠᠨ ᠨᠠᠭᠠᠳᠤᠮ ᠢᠶᠠᠷ ᠲᠥᠪᠯᠡᠵᠦ | ᠬᠥᠭᠵᠢᠯᠲᠡ ᠶᠢᠨ ᠶᠠᠪᠤᠴᠠ ᠳᠠᠭᠠᠨ ᠴᠠᠰᠢ ᠪᠠᠨ ᠨᠡᠩ ᠣᠯᠠᠨ ᠳᠦᠷᠡᠯᠵᠡᠨ ᠬᠥᠭᠵᠢᠨ ᠳᠡᠯᠭᠡᠷᠡᠵᠡᠢ᠃ ᠲᠡᠷᠡ ᠨᠢ | ᠦᠵᠦᠮᠦᠴᠢᠨ ᠮᠣᠩᠭᠤᠯᠴᠤᠳ ᠤᠨ ᠦᠢᠯᠡᠳᠪᠦᠷᠢᠯᠡᠯ ᠤᠨ ᠰᠣᠶᠣᠯ ᠲᠠᠢ ᠬᠤᠣᠰᠯᠠᠵᠤ᠂ ᠨᠡᠶᠢᠭᠡᠮ ᠤᠨ ᠠᠮᠢᠳᠤᠷᠠᠯ ᠤᠨ | ᠨᠢᠭᠡᠨ ᠬᠡᠵᠢᠶᠡᠳᠡ ᠳᠤᠲᠠᠭᠳᠠᠵᠤ ᠪᠣᠯᠣᠰᠢ ᠦᠭᠡᠢ ᠵᠢᠭᠦᠷ ᠪᠣᠯᠣᠭᠰᠠᠭᠠᠷ ᠢᠷᠡᠭᠰᠡᠨ ᠪᠠᠶᠢᠨ᠎ᠠ᠃ | | 1. ᠪᠥᠬᠡ ᠪᠠᠷᠢᠯᠳᠤᠬᠤ — ᠦᠵᠦᠮᠦᠴᠢᠨ ᠳᠤ ᠪᠥᠬᠡ ᠪᠠᠷᠢᠯᠳᠤᠬᠤ ᠨᠢ ᠲᠡᠳᠡᠨ ᠤ ᠠᠯᠳᠠᠷᠲᠤ ᠲᠠᠮᠢᠷ ᠤᠨ | ᠬᠥᠳᠡᠯᠭᠡᠭᠡᠨ᠂ ᠨᠡᠷᠡᠲᠦ ᠰᠣᠶᠣᠯ ᠤᠨ ᠠᠵᠢᠯᠯᠠᠭ᠎ᠠ ᠪᠠᠶᠢᠳᠠᠭ᠃ ᠡᠶᠢᠮᠦ ᠠᠴᠠ ︽ᠦᠵᠦᠮᠦᠴᠢᠨ ᠪᠥᠬᠡ ᠶᠢᠨ ᠥᠯᠥᠭᠡᠢ | ︾ ᠭᠡᠳᠡᠭ ᠨᠡᠷ᠎ᠡ ᠲᠠᠢ ᠪᠣᠯᠵᠠᠢ᠃ ᠦᠵᠦᠮᠦᠴᠢᠨ ᠳᠤ ᠪᠥᠬᠡ ᠪᠠᠷᠢᠯᠳᠤᠬᠤ ᠨᠢ ᠭᠤᠣᠯᠳᠠᠭᠤ ᠲᠡᠳᠡᠨ ᠤ ᠪᠠᠶᠠᠷ | ᠳᠤᠷᠠᠰᠬᠠᠯ ᠢᠶᠠᠨ ᠪᠡᠯᠭᠡᠯᠡᠬᠦ ᠠᠵᠢᠯᠯᠠᠭ᠎ᠠ ᠶᠢᠨ ᠨᠠᠶᠢᠷ ᠨᠠᠭᠠᠳᠤᠮ ᠤᠨ ᠭᠤᠣᠯ ᠨᠢᠭᠡ ᠠᠭᠤᠯᠭ᠎ᠠ ᠪᠠᠷ ᠶᠠᠪᠤᠭᠳᠠᠳᠠᠭ᠃ | ᠤᠯᠤᠰ ᠲᠥᠷᠥ ᠶᠢᠨ ᠪᠡᠯᠭᠡᠯᠡᠨ ᠳᠤᠷᠠᠰᠬᠠᠬᠤ ᠠᠵᠢᠯᠯᠠᠭ᠎ᠠ ᠪᠣᠯᠣᠨ ᠡᠯ᠎ᠡ ᠵᠦᠢᠯ ᠤᠨ ᠣᠯᠠᠨ ᠲᠦᠮᠡᠨ ᠤ ᠴᠢᠭᠤᠯᠭᠠᠨ | ᠨᠠᠶᠢᠷ ᠲᠤ ᠪᠦᠷ ᠪᠥᠬᠡ ᠪᠠᠷᠢᠯᠳᠤᠭᠤᠯᠤᠨ᠎ᠠ᠃ | | ᠦᠵᠦᠮᠦᠴᠢᠨ ᠤ ᠪᠥᠬᠡ ᠪᠠᠷᠢᠯᠳᠤᠬᠤ ᠪᠣᠯ ᠨᠢᠭᠡᠨ ᠪᠦᠷᠢᠨ ᠳᠦᠷᠢᠮᠵᠢᠨ ᠰᠢᠰᠲ᠋ᠧᠮᠵᠢᠭᠰᠡᠨ ᠰᠣᠶᠣᠯ ᠤᠨ | ᠠᠵᠢᠯᠯᠠᠭ᠎ᠠ ᠪᠣᠯᠣᠨ᠎ᠠ᠃ ᠴᠠᠭ ᠤᠯᠠᠷᠢᠯ ᠤᠨ ᠲᠠᠯ᠎ᠠ ᠪᠠᠷ ᠵᠤᠨ ᠤ ᠤᠷᠢᠬᠠᠨ ᠰᠠᠶᠢᠬᠠᠨ ᠡᠯᠪᠡᠭ ᠳᠡᠯᠪᠡᠭ ᠴᠠᠭ ᠲᠤᠷ | ᠲᠣᠩ ᠣᠯᠠᠨ ᠨᠠᠶᠢᠷ ᠨᠠᠭᠠᠳᠤᠮ ᠬᠢᠵᠦ ᠪᠥᠬᠡ ᠪᠠᠷᠢᠯᠳᠤᠨ᠎ᠠ᠃ ᠭᠡᠪᠡᠴᠦ᠂ ᠣᠨᠴᠤᠭᠤᠢ ᠪᠠᠶᠢᠳᠠᠯ ᠤᠨ ᠳᠣᠣᠷ᠎ᠠ ᠡᠪᠦᠯ | ᠤᠨ ᠤᠯᠠᠷᠢᠯ ᠪᠠ ᠬᠠᠪᠤᠷ ᠤᠨ ᠴᠠᠭᠠᠨ ᠰᠠᠷ᠎ᠠ ᠶᠢᠨ 15 ᠤ ᠢᠷᠦᠭᠡᠯ ᠳᠤ ᠪᠠᠰᠠ ᠪᠦᠷ ᠪᠥᠬᠡ ᠪᠠᠷᠢᠯᠳᠤᠭᠤᠯᠳᠠᠭ | ᠪᠠᠶᠢᠭᠰᠠᠨ᠃ ᠪᠥᠬᠡ ᠪᠠᠷᠢᠯᠳᠤᠬᠤ ᠶᠢ ᠨᠠᠶᠢᠷ ᠨᠠᠭᠠᠳᠤᠮ ᠡᠷᠬᠢᠯᠡᠬᠦ ᠨᠢᠭᠡᠴᠡ ᠪᠤᠶᠤ ᠡᠲᠡᠭᠡᠳ ᠤᠳᠤᠷᠢᠳᠴᠤ | ᠶᠠᠪᠤᠭᠤᠯᠤᠨ᠎ᠠ᠃ ᠪᠥᠬᠡ ᠶᠢᠨ ᠳᠠᠭᠠᠭᠠᠮᠠᠯ ᠲᠤᠯᠭᠠᠭᠴᠢ᠂ ᠬᠢᠨᠠᠭᠴᠢ᠂ ᠪᠥᠬᠡ ᠳᠠᠷᠤᠭᠴᠢ ᠲᠣᠰ ᠲᠣᠰ ᠲᠠᠭᠠᠨ | ᠭᠠᠷᠳᠠᠭ᠃ ᠨᠤᠭᠤᠯᠤᠭ᠎ᠠ ᠪᠠᠷᠢᠯᠳᠤᠯᠭ᠎ᠠ ᠶᠢᠨ ᠠᠷᠭ᠎ᠠ ᠪᠠᠷ ᠪᠠᠷᠢᠯᠳᠤᠵᠤ᠂ ᠬᠠᠶᠠᠭᠰᠠᠨ ᠨᠢ ᠦᠯᠡᠳᠡᠵᠦ᠂ | ᠬᠠᠶᠠᠭᠳᠠᠭᠰᠠᠨ ᠨᠢ ᠬᠠᠰᠤᠭᠳᠠᠵᠤ᠂ ᠳᠡᠭᠡᠭᠰᠢ ᠪᠠᠨ ᠴᠥᠭᠡᠷᠡᠵᠦ ᠳᠡᠰ ᠳᠡᠰ ᠢᠶᠠᠷ ᠬᠤᠴᠣᠷᠴᠤ ᠪᠠᠷᠢᠯᠳᠤᠨ᠂ ᠬᠠᠮᠤᠭ | ᠰᠡᠭᠦᠯ ᠳᠤᠨᠢ ︽ᠲᠡᠷᠢᠭᠦᠨ ᠪᠥᠬᠡ︾ ᠭᠠᠭᠴᠠᠭᠠᠷ ᠪᠣᠰᠤᠭ᠎ᠠ ᠦᠯᠡᠳᠡᠬᠦ ᠠᠷᠭ᠎ᠠ ᠪᠠᠷ ᠪᠠᠷᠢᠯᠳᠤᠨ᠎ᠠ᠃ ᠪᠥᠬᠡ ᠶᠢᠨ | ᠲᠤᠭ᠎ᠠ ᠶᠢ ᠨᠤᠭᠤᠯᠵᠤ ᠪᠠᠷᠢᠯᠳᠤᠵᠤ᠂ ᠨᠢᠭᠡ ᠯᠡ ᠲᠡᠷᠢᠭᠦᠨ ᠪᠥᠬᠡ ᠦᠯᠡᠳᠡᠬᠦ ᠳᠤ ᠵᠣᠬᠢᠴᠠᠭᠰᠠᠨ ᠲᠤᠭ᠎ᠠ ᠪᠠᠷ | ᠲᠣᠬᠢᠷᠠᠳᠠᠭ᠃ 8.16.32.64.128.256.512 ᠨᠡᠷ᠎ᠡ ᠪᠥᠬᠡ ᠲᠠᠭᠠᠷᠠᠨ᠎ᠠ᠃ ᠪᠥᠬᠡ ᠶᠢᠨ ᠲᠤᠭ᠎ᠠ ᠶᠢᠨ | ᠣᠯᠠᠨ ᠴᠥᠭᠡᠨ ᠨᠢ ᠨᠠᠶᠢᠷ ᠤᠨ ᠶᠡᠭᠡ ᠪᠠᠭ᠎ᠠ ᠪᠠᠷ ᠲᠣᠭᠲᠠᠭᠠᠭᠳᠠᠵᠤ᠂ ᠶᠡᠭᠡ ᠨᠠᠶᠢᠷ ᠲᠤ ᠣᠯᠠᠨ ᠪᠥᠬᠡ | ᠪᠠᠷᠢᠯᠳᠤᠭᠤᠯᠤᠨ᠎ᠠ᠃ ᠭᠡᠬᠦ ᠳᠤ 1024 ᠨᠡᠷ᠎ᠡ ᠪᠥᠬᠡ ᠪᠠᠷᠢᠯᠳᠤᠭᠰᠠᠨ ᠨᠠᠶᠢᠷ ᠬᠠᠮᠤᠭ ᠤᠨ ᠶᠡᠭᠡ ᠨᠠᠶᠢᠷ ᠪᠠᠶᠢᠵᠠᠢ᠃ | ᠭᠡᠪᠡᠴᠦ ᠣᠨᠴᠤᠭᠤᠢ ᠳᠡᠭᠡᠳᠦ ᠳᠡᠰ ᠤᠨ ᠨᠠᠶᠢᠷ ᠲᠤ ᠪᠠᠰᠠ ᠰᠢᠯᠢᠳᠡᠭ ᠴᠥᠭᠡᠨ ᠪᠥᠬᠡ ᠪᠠᠷᠢᠯᠳᠤᠭᠤᠯᠬᠤ ᠳᠦᠷᠢᠮ | ᠪᠠᠶᠢᠳᠠᠭ᠃ ᠲᠤᠬᠠᠶᠢᠯᠠᠪᠠᠯ ︽ᠰᠢᠯᠢᠳᠡᠭ 16 ᠪᠥᠬᠡ︾᠂ ︽ᠰᠢᠯᠢᠳᠡᠭ 32 ᠪᠥᠬᠡ︾ ᠪᠠᠷᠢᠯᠳᠤᠭᠤᠯᠵᠤ | ᠦᠵᠡᠭᠦᠯᠦᠯᠭᠡ ᠭᠠᠷᠭᠠᠳᠠᠭ᠃ | | ᠦᠵᠦᠮᠦᠴᠢᠨ ᠳᠤ ᠪᠥᠬᠡ ᠪᠠᠷᠢᠯᠳᠤᠬᠤ ᠨᠢ ᠪᠡᠶ᠎ᠡ ᠪᠠᠨ ᠳᠠᠭᠠᠭᠠᠭᠰᠠᠨ ᠪᠡᠶ᠎ᠡ ᠲᠠᠮᠢᠷ ᠤᠨ ᠰᠢᠰᠲ᠋ᠧᠮᠲᠦ | ᠠᠵᠢᠯᠯᠠᠭ᠎ᠠ ᠪᠣᠯᠬᠤᠷ ᠲᠣᠭᠲᠠᠭᠰᠠᠨ ᠲᠤᠭ᠎ᠠ ᠲᠠᠢ ᠠᠷᠭ᠎ᠠ ᠬᠡᠮᠵᠢᠶ᠎ᠡ ᠲᠠᠢ ᠪᠠᠷ ᠪᠠᠷᠠᠬᠤ ᠦᠭᠡᠢ ᠪᠠᠰᠠ ᠲᠣᠭᠲᠠᠭᠰᠠᠨ | ᠬᠤᠶᠠᠭᠯᠠᠯ᠂ ᠲᠣᠭᠲᠠᠭᠰᠠᠨ ᠮᠡᠷᠭᠡᠵᠢᠯ᠂ ᠲᠣᠭᠲᠠᠭᠰᠠᠨ ᠶᠣᠰᠣ᠂ ᠲᠣᠭᠲᠠᠭᠰᠠᠨ ᠱᠠᠩᠨᠠᠯ ᠵᠡᠷᠭᠡ ᠪᠠᠷᠢᠮᠵᠢᠶᠠᠲᠤ | ᠳᠦᠷᠢᠮ ᠲᠠᠢ᠃ ᠤᠷᠠᠯᠢᠭ ᠤᠨ ᠮᠡᠷᠭᠡᠵᠢᠯ ᠤᠨ ᠰᠣᠶᠣᠯ ᠤᠨ ᠣᠯᠠᠨ ᠲᠦᠮᠡᠨᠴᠢ ᠠᠵᠢᠯᠯᠠᠭ᠎ᠠ ᠪᠣᠯᠣᠨ᠎ᠠ᠃ | ᠦᠵᠦᠮᠦᠴᠢᠨ ᠬᠡᠦᠬᠡᠳ 6 ~7 ᠨᠠᠰᠤᠲᠠᠢ ᠠᠴᠠ ᠪᠠᠨ ᠮᠣᠷᠢ ᠤᠨᠤᠬᠤ ᠲᠠᠢ ᠵᠡᠷᠭᠡ ᠪᠠᠷᠢᠯᠳᠤᠵᠤ ᠪᠣᠯᠪᠠᠰᠤᠷᠠᠵᠤ | ᠡᠬᠢᠯᠡᠳᠡᠭ᠃ ᠬᠡᠦᠬᠡᠳ ᠤᠨ ᠪᠥᠬᠡ ᠪᠠᠷᠢᠯᠳᠤᠬᠤ ᠪᠣᠯ ᠦᠵᠦᠮᠦᠴᠢᠨ ᠪᠥᠬᠡ ᠪᠠᠷᠢᠯᠳᠤᠬᠤ ᠶᠢᠨ ᠴᠢᠬᠤᠯᠠ ᠠᠭᠤᠯᠭ᠎ᠠ | ᠪᠥᠭᠡᠳ ᠮᠡᠷᠭᠡᠵᠢᠯ ᠤᠨ ᠰᠤᠷᠭᠠᠭᠤᠯᠢᠯᠠᠯ ᠮᠥᠨ᠃ ᠵᠠᠩᠭᠢᠶ᠎ᠠ᠂ ᠠᠯᠲᠠ ᠮᠥᠩᠭᠦᠨ ᠪᠤᠯᠢᠭᠠᠷᠢ ᠰᠢᠷᠢ ᠶᠢᠨ ᠵᠣᠳᠤᠭ᠂ | ᠴᠠᠭᠠᠨ ᠠᠭᠤᠳᠠᠮ ᠥᠮᠥᠳᠦ ᠲᠤᠤᠰᠢᠭᠤ᠂ ᠮᠣᠩᠭᠤᠯ ᠭᠤᠲᠤᠯ᠂ ᠰᠠᠪᠰᠠᠯᠭ᠎ᠠ ᠵᠡᠷᠭᠡ ᠬᠤᠶᠠᠭᠯᠠᠯ ᠴᠢᠮᠡᠭᠯᠡᠯ ᠤᠨ | ᠲᠤᠰᠬᠠᠢ ᠡᠳ᠋ᠯᠡᠯ ᠬᠢᠭᠡᠳ ᠲᠤᠯᠭᠠᠬᠤ᠂ ᠲᠠᠯᠪᠢᠬᠤ᠂ ᠲᠠᠭᠠᠷᠠᠭᠤᠯᠬᠤ ︵ᠲᠠᠯᠠᠪᠠᠢ ᠳᠣᠲᠣᠷ᠎ᠠ︶᠂ ᠬᠠᠶᠠᠵᠤ᠂ | ᠬᠠᠶᠢᠨᠴᠠᠵᠤ᠂ ᠬᠠᠶᠠᠭᠳᠠᠭᠰᠠᠨ ᠢ ᠲᠣᠭᠲᠠᠭᠠᠬᠤ ᠬᠢᠨᠠᠭᠴᠢ ᠶᠢᠨ ᠪᠠᠷᠢᠮᠵᠢᠶᠠᠲᠤ ᠳᠦᠷᠢᠮ᠂ ᠮᠥᠩᠭᠦᠨ ᠪᠣᠶᠢᠯᠠ ᠲᠠᠢ | ᠴᠠᠭᠠᠨ ᠲᠡᠮᠡᠭᠡ ᠲᠦᠷᠦᠭᠦᠦ ᠲᠠᠢ ︽ᠶᠢᠰᠦ ᠶᠢᠰᠦ ᠨᠠᠶᠠᠨ ᠨᠢᠭᠡᠨ ᠪᠡᠯᠡᠭ︾ ᠤᠨ ᠱᠠᠩ ᠣᠯᠭᠤᠬᠤ ᠶᠣᠰᠣ ᠵᠡᠷᠭᠡ ᠨᠢ | ᠪᠦᠷ ᠦᠵᠦᠮᠦᠴᠢᠨ ᠪᠥᠬᠡ ᠶᠢᠨ ᠥᠪᠡᠷᠮᠢᠴᠡ ᠣᠨᠴᠠᠯᠢᠭ ᠪᠦᠬᠦᠢ ᠰᠣᠶᠣᠯ ᠤᠨ ᠬᠡᠪᠰᠢᠯ ᠪᠠᠶᠢᠳᠠᠭ᠃ | | ᠦᠵᠦᠮᠦᠴᠢᠨ᠂ ᠬᠤᠷᠸ᠎ᠠ ᠶᠢᠨ ᠲᠡᠦᠬᠡᠨ ᠳᠡᠭᠡᠷ᠎ᠡ ︽ᠪᠥᠬᠡ ᠶᠢᠨ ᠥᠯᠥᠭᠡᠢ︾ ᠭᠡᠵᠦ ᠠᠯᠳᠠᠷᠰᠢᠭᠰᠠᠨ ᠤ | ᠬᠤᠪᠢ ᠳᠤ ᠬᠥᠭᠵᠢᠯ ᠤᠨ ᠴᠠᠭ ᠦᠶ᠎ᠡ ᠪᠦᠬᠦᠨ ᠳᠡᠭᠡᠨ ᠤᠯᠤᠰ ᠦᠨᠳᠦᠰᠦᠲᠡᠨ ᠪᠠ ᠳᠣᠲᠣᠭᠠᠳᠤ ᠭᠠᠳᠠᠭᠠᠳᠤ ᠳᠤ | ᠠᠯᠳᠠᠷ ᠲᠠᠢ ︽ᠠᠪᠤᠷᠭᠤ ᠪᠥᠬᠡ︾ ᠲᠠᠰᠤᠷᠠᠭ᠎ᠠ ᠦᠭᠡᠢ ᠮᠡᠨᠳᠦᠯᠡᠵᠦ ᠢᠷᠠᠵᠠᠢ᠃ ᠳᠦᠭᠦᠷᠡᠩᠵᠠᠭᠠᠨ᠎ᠠ ᠪᠣᠯ ᠲᠡᠳᠡᠨ ᠤ | ᠳᠣᠲᠣᠷᠠᠬᠢ ᠶᠢᠷᠲᠢᠨᠴᠦ ᠳᠤ ᠮᠥᠩᠬᠡᠷᠡᠭᠰᠡᠨ ᠲᠥᠯᠥᠭᠡᠯᠡᠭᠴᠢ ᠪᠣᠯᠣᠨ᠎ᠠ᠃ ᠣᠶᠢᠷ᠎ᠠ ᠦᠶ᠎ᠡ ᠳᠤ ᠪᠠᠰᠠ ᠪᠦᠳᠦᠭᠦᠨ | ᠵᠢᠷᠭᠠᠯ᠂ ᠡᠷᠬᠢᠮᠪᠠᠲᠤ᠂ ᠪᠤᠶᠠᠨᠴᠣᠭᠲᠤ᠂ ᠪᠦᠳᠦᠭᠦᠨ ᠶᠣᠨᠳᠣᠨ ᠁ ᠵᠡᠷᠭᠡ ᠪᠥᠬᠡᠴᠦᠳ ᠪᠠᠰᠠ ᠳᠣᠲᠣᠭᠠᠳᠤ | ᠭᠠᠳᠠᠭᠠᠳᠤ ᠳᠤ ᠠᠯᠳᠠᠷ ᠴᠤᠤ ᠪᠠᠨ ᠮᠠᠨᠳᠤᠭᠤᠯᠵᠤ ᠶᠠᠪᠤᠵᠠᠢ᠃ | | 2. ᠮᠣᠷᠢ ᠤᠷᠤᠯᠳᠤᠬᠤ — ᠦᠵᠦᠮᠦᠴᠢᠨ ᠳᠤ ᠮᠣᠷᠢ ᠤᠷᠤᠯᠳᠤᠬᠤ ᠨᠢ ᠪᠥᠬᠡ ᠪᠠᠷᠢᠯᠳᠤᠬᠤ ᠲᠠᠢ ᠠᠳᠠᠯᠢ | ︽ᠡᠷ᠎ᠡ ᠶᠢᠨ ᠭᠤᠷᠪᠠᠨ ᠨᠠᠭᠠᠳᠤᠮ︾ ᠤᠨ ᠨᠢᠭᠡ᠃ ᠦᠨᠳᠦᠰᠦᠲᠡᠨ ᠤ ᠤᠯᠠᠮᠵᠢᠯᠠᠯᠲᠤ ᠲᠠᠮᠢᠷ ᠤᠷᠠᠯᠢᠭ ᠤᠨ | ᠠᠵᠢᠯᠯᠠᠭ᠎ᠠ ᠪᠣᠯᠣᠨ᠎ᠠ᠃ ᠲᠡᠳᠡ ᠮᠣᠷᠢ ᠤᠷᠤᠯᠳᠤᠬᠤ ᠶᠢ ᠮᠥᠨ ᠤᠯᠤᠰ ᠲᠥᠷᠥ ᠶᠢᠨ ᠪᠠᠶᠠᠷ ᠳᠤᠷᠠᠰᠬᠠᠯ ᠲᠠᠢ ᠬᠠᠮᠲᠤ | ᠭᠤᠣᠯ ᠠᠭᠤᠯᠭ᠎ᠠ ᠪᠣᠯᠭᠠᠨ ᠲᠣᠬᠢᠷᠠᠭᠤᠯᠳᠠᠭ᠃ | | ᠦᠵᠦᠮᠦᠴᠢᠨ ᠤ ᠮᠣᠷᠢᠨ ᠤᠷᠤᠯᠳᠤᠭᠠᠨ ᠤ ᠲᠥᠷᠥᠯ ᠵᠦᠢᠯ ᠲᠣᠩ ᠣᠯᠠᠨ᠃ ᠠᠯᠤᠰ ᠤᠨ ᠮᠣᠷᠢᠨ ᠤ | ᠤᠷᠤᠯᠳᠤᠭᠠᠨ ᠢ 7 ~ 9 ᠨᠠᠰᠤᠨ ᠲᠥᠯᠥᠪ ᠤᠨ ᠵᠢᠭᠠᠬᠠᠨ ᠡᠷᠡᠭᠲᠡᠢ ᠡᠮᠡᠭᠲᠡᠢ ᠬᠡᠦᠬᠡᠳ ᠵᠠᠶᠢᠳᠠᠩ ᠤᠨᠤᠵᠤ᠂ 70 | ~ 100 ᠭᠠᠵᠠᠷ ᠤᠨ ᠣᠷᠴᠢᠮ ᠬᠤᠯᠠ ᠠᠴᠠ ᠤᠷᠤᠯᠳᠤᠨ᠎ᠠ᠃ ᠡᠨᠡ ᠪᠣᠯ ᠮᠣᠷᠢᠨ ᠤ ᠬᠤᠷᠳᠤᠴᠠ ᠴᠢᠳᠠᠯ ᠤᠨ | ᠮᠥᠷᠥᠶᠢᠴᠡᠭᠡᠨ ᠤ ᠤᠷᠤᠯᠳᠤᠭᠠᠨ ᠪᠣᠯᠬᠤ ᠶᠤᠮ᠃ ᠵᠢᠷᠤᠭ᠎ᠠ ᠮᠣᠷᠢᠨ ᠤ ᠤᠷᠤᠯᠳᠤᠭᠠᠨ ᠢ ᠢᠳᠡᠷᠴᠦᠳ ᠡᠪᠦᠭᠡᠳ | ᠭᠤᠣᠯ ᠲᠠᠢ ᠡᠮᠡᠭᠡᠯ ᠲᠠᠢ ᠤᠨᠤᠵᠤ᠂ 10 ~ 15 ᠭᠠᠵᠠᠷ ᠨᠤᠭᠤᠯᠤᠭ᠎ᠠ ᠤᠷᠤᠯᠳᠤᠭᠠᠨ᠂ ᠳᠤᠭᠤᠢ ᠤᠷᠤᠯᠳᠤᠭᠠᠨ | ᠤ ᠬᠡᠯᠪᠡᠷᠢ ᠪᠠᠷ ᠤᠷᠤᠯᠳᠤᠨ᠎ᠠ᠃ ᠨᠢᠭᠡ ᠵᠢᠷᠤᠭ᠎ᠠ ᠮᠣᠷᠢ ᠲᠠᠢ ᠬᠥᠮᠥᠨ ᠢ ᠨᠢᠭᠡ ᠬᠢᠨᠠᠭᠴᠢ ᠳᠠᠭᠠᠵᠤ ᠬᠢᠨᠠᠨ᠎ᠠ᠃ | ᠠᠯᠳᠠᠭᠰᠠᠨ ᠦᠭᠡᠢ ᠪᠥᠭᠡᠳ ᠲᠦᠷᠭᠡᠨ ᠵᠢᠷᠤᠭ᠎ᠠ ᠮᠣᠷᠢ ᠳᠡᠰ ᠳᠠᠷᠠᠭ᠎ᠠ ᠪᠠᠷ ︵ᠡᠰᠡᠭᠦᠯ᠎ᠡ ᠬᠠᠮᠤᠭ ᠴᠥᠭᠡᠨ | ᠠᠯᠳᠠᠭᠰᠠᠨ ᠮᠣᠷᠢ︶ ᠱᠠᠩ ᠬᠦᠷᠲᠡᠭᠡᠨ᠎ᠡ᠃ ᠵᠢᠷᠤᠭ᠎ᠠ ᠮᠣᠷᠢᠨ ᠤ ᠤᠷᠤᠯᠳᠤᠭᠠᠨ ᠪᠣᠯ ᠤᠷᠠᠯᠢᠭ ᠤᠨ ᠴᠢᠨᠠᠷ ᠢᠶᠠᠷ | ᠴᠢᠩᠭ᠎ᠠ᠂ ᠦᠵᠡᠮᠵᠢ ᠪᠠᠷ ᠭᠤᠶᠣ ᠰᠠᠶᠢᠬᠠᠨ᠂ ᠮᠡᠷᠭᠡᠵᠢᠯ ᠤᠨ ᠴᠢᠨᠠᠷ ᠲᠠᠢ ᠮᠣᠷᠢᠨ ᠤᠷᠤᠯᠳᠤᠭᠠᠨ ᠤ ᠵᠦᠢᠯ ᠮᠥᠨ᠃ | ᠦᠷᠢᠶ᠎ᠡ ᠳᠠᠭ᠎ᠠ ᠶᠢᠨ ᠤᠷᠤᠯᠳᠤᠭᠠᠨ ᠪᠣᠯ ᠠᠯᠤᠰ ᠤᠨ ᠮᠣᠷᠢᠨ ᠤᠷᠤᠯᠳᠤᠭᠠᠨ ᠲᠠᠢ ᠬᠡᠯᠪᠡᠷᠢ ᠨᠢ ᠠᠳᠠᠯᠢ ᠪᠣᠯᠪᠠᠴᠤ | ᠭᠠᠵᠠᠷ ᠨᠢ ᠣᠶᠢᠷᠠᠬᠠᠨ᠂ ᠶᠡᠷᠦᠳᠡᠭᠡᠨ 20 ᠣᠷᠴᠢᠮ ᠭᠠᠵᠠᠷ ᠤᠨ ᠬᠤᠯᠠ ᠠᠴᠠ ᠲᠠᠯᠪᠢᠨ᠎ᠠ᠃ ᠡᠭᠦᠨ ᠠᠴᠠ | ᠭᠠᠳᠠᠨ᠎ᠠ ᠪᠠᠰᠠ ᠡᠮᠡᠭᠡᠯ ᠲᠠᠢ ᠮᠣᠷᠢ ᠶᠢᠨ ᠲᠣᠭᠤᠷᠢᠭᠤ ᠤᠷᠤᠯᠳᠤᠭᠠᠨ᠂ ᠠᠵᠢᠷᠭ᠎ᠠ ᠶᠢᠨ ᠤᠷᠤᠯᠳᠤᠭᠠᠨ᠂ ᠬᠤᠸᠠᠷᠠᠨ | ᠬᠠᠲᠠᠷᠢ ᠶᠢᠨ ᠤᠷᠤᠯᠳᠤᠭᠠᠨ ᠭᠡᠵᠦ ᠪᠠᠰᠠ ᠵᠣᠬᠢᠶᠠᠨ ᠪᠠᠶᠢᠭᠤᠯᠵᠤ ᠤᠷᠤᠯᠳᠤᠳᠠᠭ᠃ ᠮᠣᠷᠢ ᠤᠷᠤᠯᠳᠤᠬᠤ ᠨᠢ ᠪᠦᠷ | ᠡᠷ᠎ᠡ ᠶᠢᠨ ᠤᠷ᠎ᠠ ᠮᠡᠷᠭᠡᠵᠢᠯ ᠠᠷᠭ᠎ᠠ ᠳᠡᠮ᠂ ᠮᠣᠷᠢᠨ ᠴᠢᠳᠠᠯ ᠰᠢᠷᠪᠦᠰᠦ᠂ ᠡᠷᠴᠢ ᠲᠡᠩᠬᠡᠭᠡ ᠶᠢ ᠰᠢᠯᠭᠠᠷᠠᠭᠤᠯᠤᠭᠰᠠᠨ | ᠠᠵᠢᠯᠯᠠᠭ᠎ᠠ ᠪᠣᠯᠬᠤ ᠶᠤᠮ᠃ | | ᠮᠣᠷᠢ ᠤᠷᠤᠯᠳᠤᠬᠤ ᠳᠤ ᠲᠤᠭ᠎ᠠ ᠶᠢ ᠬᠢᠵᠠᠭᠠᠷᠯᠠᠬᠤ ᠦᠭᠡᠢ᠂ ᠭᠡᠪᠡᠴᠦ ᠲᠡᠷᠢᠭᠦᠨ᠂ ᠳᠡᠳ᠋᠂ ᠳᠥᠷᠪᠡᠳᠤ᠂ | ᠨᠠᠢᠮᠠᠲᠤ ᠁ ᠭᠤᠴᠢᠨ ᠬᠤᠶᠠᠷ ᠭᠡᠵᠦ ᠮᠣᠷᠢ ᠶᠢᠨ ᠣᠯᠠᠨ ᠴᠥᠭᠡᠨ ᠨᠠᠶᠢᠷ ᠤᠨ ᠶᠡᠭᠡ ᠪᠠᠭ᠎ᠠ ᠶᠢᠨ ᠢᠯᠭᠠᠭ᠎ᠠ ᠪᠠᠷ | ᠱᠠᠩᠨᠠᠯ ᠣᠯᠭᠤᠳᠠᠭ᠃ ᠠᠯᠤᠰ ᠤᠨ ᠤᠷᠤᠯᠳᠤᠭᠠᠨ ᠤ ᠮᠣᠷᠢ ᠶᠢᠨ ᠱᠠᠩ᠂ ᠲᠣᠰ ᠨᠠᠶᠢᠷ ᠤᠨ ᠢᠶᠠᠨ ᠪᠥᠬᠡ ᠶᠢᠨ | ᠱᠠᠩᠨᠠᠯ ᠲᠠᠢ ᠠᠳᠠᠯᠢᠬᠠᠨ ᠪᠠᠶᠢᠳᠠᠭ ᠶᠣᠰᠣᠲᠠᠢ᠃ ᠶᠡᠭᠡ ᠨᠠᠶᠢᠷ ᠲᠤ ᠲᠡᠷᠢᠭᠦᠯᠡᠪᠡᠯ ᠮᠥᠨ ︽ᠶᠢᠰᠦ ᠶᠢᠰᠦ ᠨᠠᠶᠠᠨ | ᠨᠢᠭᠡ ᠶᠢᠨ ᠱᠠᠩ︾ ᠬᠦᠷᠲᠡᠨ᠎ᠡ᠃ | | ᠦᠵᠦᠮᠦᠴᠢᠨ ᠤ ᠮᠣᠷᠢ ᠤᠷᠤᠯᠳᠤᠬᠤ ᠠᠵᠢᠯᠯᠠᠭ᠎ᠠ ᠨᠢ ᠪᠠᠰᠠ ᠳᠡᠭᠡᠳᠦ ᠬᠡᠮᠵᠢᠶᠡᠨ ᠳᠤ | ᠬᠤᠷᠢᠶᠠᠩᠭᠤᠶᠢᠯᠠᠭᠳᠠᠵᠤ ᠳᠦᠷᠢᠮᠵᠢᠭᠰᠡᠨ᠂ ᠳᠦᠷᠢᠮ ᠭᠤᠷᠢᠮ ᠲᠠᠢ ᠪᠠᠶᠢᠳᠠᠭ᠃ ᠤᠷᠤᠯᠳᠤᠭᠠᠨ ᠮᠣᠷᠢ ᠶᠢ ᠰᠢᠯᠢᠵᠦ | ᠲᠣᠭᠲᠠᠭᠠᠭᠰᠠᠨ ᠤ ᠳᠠᠷᠠᠭ᠎ᠠ᠂ ᠪᠣᠯᠪᠠᠰᠤᠷᠠᠭᠤᠯᠤᠨ ᠰᠤᠷᠭᠠᠭᠤᠯᠢᠯᠠᠵᠤ ᠲᠤᠰᠬᠠᠢ ᠰᠣᠷᠢᠭ᠎ᠠ ᠲᠠᠯᠪᠢᠬᠤ᠂ ᠤᠷᠤᠯᠳᠤᠬᠤ | ᠴᠠᠭ᠂ ᠤᠷᠤᠯᠳᠤᠬᠤ ᠭᠠᠵᠠᠷ᠂ ᠤᠷᠤᠯᠳᠤᠬᠤ ᠵᠠᠮ ᠢ ᠨᠠᠷᠢᠨ ᠬᠢᠨᠠᠵᠤ ᠲᠣᠭᠲᠠᠭᠠᠬᠤ᠂ ᠠᠳᠠᠯᠢ ᠨᠠᠰᠤᠨ ᠤ ᠬᠡᠦᠬᠡᠳ | ᠤᠨᠤᠬᠤ ᠵᠠᠮ ᠮᠥᠷ ᠲᠤᠨᠢ ᠬᠥᠭᠡᠷᠡᠭᠳᠡᠵᠦ ᠰᠠᠭᠠᠲᠠᠭᠠᠬᠤ ᠶᠢ ᠴᠠᠭᠠᠵᠠᠯᠠᠬᠤ᠂ ᠠᠮᠤᠷ ᠢ ᠬᠠᠮᠠᠭᠠᠯᠠᠬᠤ᠂ ᠫᠠᠶᠢᠰᠠ | ᠣᠯᠭᠤᠬᠤ᠂ ᠵᠡᠷᠭᠡᠴᠡᠵᠦ ᠢᠷᠡᠭᠰᠡᠨ ᠮᠣᠷᠢᠨ ᠤ ᠵᠥᠪ ᠲᠠᠯ᠎ᠠ ᠶᠢᠨ ᠬᠢ ᠶᠢ ᠨᠢ ᠲᠡᠷᠢᠭᠦᠨ ᠢᠶᠠᠷ ᠪᠣᠳᠣᠬᠤ ᠵᠡᠷᠭᠡ | ᠨᠡᠶᠢᠲᠡ ᠶᠢᠨ ᠪᠠᠷᠢᠮᠵᠢᠶ᠎ᠠ ᠪᠠᠶᠢᠳᠠᠭ ᠪᠢᠯᠡ᠃ ᠮᠣᠷᠢᠨ ᠤᠷᠤᠯᠳᠤᠭᠠᠨ ᠢ ᠮᠥᠨ ᠨᠠᠶᠢᠷ ᠡᠷᠬᠢᠯᠡᠭᠰᠡᠨ ᠨᠢᠭᠡᠴᠡ ᠵᠣᠬᠢᠶᠠᠨ | ᠪᠠᠶᠢᠭᠤᠯᠤᠨ ᠤᠳᠤᠷᠢᠳᠴᠤ᠂ ᠲᠤᠰᠬᠠᠢ ᠳᠠᠭᠠᠭᠠᠮᠠᠯ ᠤᠳ ᠲᠣᠮᠢᠯᠠᠨ ᠬᠡᠷᠡᠭ ᠰᠢᠳᠬᠡᠵᠦ ᠭᠦᠢᠴᠡᠳᠬᠡᠳᠡᠭ᠃ ᠲᠡᠶᠢᠨᠬᠦ | ᠲᠡᠷᠡ ᠨᠢ ᠤᠳᠤᠷᠢᠳᠤᠯᠭ᠎ᠠ ᠲᠠᠢ᠂ ᠳᠦᠷᠢᠮ ᠶᠣᠰᠣ ᠲᠠᠢ᠂ ᠮᠡᠷᠭᠡᠵᠢᠯ ᠤᠨ ᠪᠠᠷᠢᠮᠵᠢᠶ᠎ᠠ ᠲᠠᠢ᠂ ᠣᠯᠠᠨ ᠤ ᠬᠡᠶᠢᠮᠣᠷᠢ ᠶᠢ | ᠰᠡᠷᠭᠦᠭᠡᠭᠰᠡᠨ ᠤᠷᠠᠯᠢᠭ ᠲᠠᠮᠢᠷ ᠤᠨ ᠰᠣᠶᠣᠯ ᠪᠣᠯᠣᠨ᠎ᠠ᠃ | | 3. ᠰᠤᠷ ᠬᠠᠷᠪᠤᠬᠤ — ᠮᠣᠩᠭᠤᠯ ᠦᠨᠳᠦᠰᠦᠲᠡᠨ ᠤ ᠡᠷᠲᠡᠨ ᠤ ᠤᠯᠠᠮᠵᠢᠯᠠᠯᠲᠤ ᠰᠣᠶᠣᠯ᠂ ᠡᠷ᠎ᠡ ᠶᠢᠨ | ᠭᠤᠷᠪᠠᠨ ᠨᠠᠭᠠᠳᠤᠮ ᠤᠨ ᠨᠢᠭᠡ ᠮᠥᠨ᠃ ᠰᠤᠷ ᠬᠠᠷᠪᠤᠬᠤ ᠪᠣᠯ ᠦᠵᠦᠮᠦᠴᠢᠨ ᠨᠤᠲᠤᠭ ᠤᠨ ᠶᠡᠭᠡ ᠨᠠᠶᠢᠷ ᠨᠠᠭᠠᠳᠤᠮ | ᠳᠤ ᠵᠠᠪᠠᠯ ᠬᠢᠵᠦ ᠭᠦᠢᠴᠡᠳᠬᠡᠬᠦ ᠨᠢᠭᠡ ᠴᠢᠬᠤᠯᠠ ᠠᠭᠤᠯᠭ᠎ᠠ ᠪᠠᠶᠢᠪᠠ᠃ ᠰᠤᠷ ᠬᠠᠷᠪᠤᠬᠤ ᠤᠷᠤᠯᠳᠤᠭᠠᠨ ᠠᠭᠠᠵᠢᠮ | ᠢᠶᠠᠷ ᠬᠥᠭᠵᠢᠭᠰᠡᠭᠡᠷ19 ᠳ᠋ᠦ᠋ᠭᠡᠷ ᠵᠠᠭᠤᠨ ᠠᠴᠠ ᠨᠠᠰᠢ ᠫᠤᠤ ᠬᠠᠷᠪᠤᠬᠤ ᠦᠨᠡᠨ ᠰᠤᠮᠤᠨ ᠤ ᠬᠠᠷᠪᠤᠯᠲᠠ ᠪᠣᠯᠣᠨ | ᠬᠤᠪᠢᠷᠠᠵᠠᠢ᠃ | | ᠦᠵᠦᠮᠦᠴᠢᠨ ᠤ ᠫᠤᠤ ᠬᠠᠷᠪᠤᠬᠤ ᠦᠵᠡᠭᠦᠯᠦᠯᠭᠡ ᠨᠢ ᠮᠡᠷᠭᠡᠵᠢᠯ ᠤᠨ ᠲᠠᠯ᠎ᠠ ᠪᠠᠷ ᠣᠯᠠᠨ ᠶᠠᠩᠵᠤ ᠪᠠᠶᠢᠵᠤ᠃ | ᠨᠠᠶᠢᠷ ᠨᠠᠭᠠᠳᠤᠮ ᠳᠡᠭᠡᠷ᠎ᠡ ᠮᠣᠷᠢᠨ ᠭᠦᠶᠦᠳᠡᠯ ᠳᠡᠭᠡᠷ᠎ᠡ ᠠᠴᠠ ᠫᠠᠢ ᠬᠠᠷᠪᠤᠬᠤ᠂ ᠶᠠᠪᠠᠭᠠᠨ ᠫᠤᠤ ᠬᠠᠷᠪᠤᠬᠤ᠂ ᠬᠡᠪᠲᠡᠭᠡ | ᠫᠤᠤ ᠬᠠᠷᠪᠤᠬᠤ᠂ ᠣᠶᠢᠷ᠎ᠠ ᠬᠠᠷᠪᠤᠬᠤ᠂ ᠬᠤᠯᠠ ᠬᠠᠷᠪᠤᠬᠤ ᠁ ᠵᠡᠷᠭᠡ ᠪᠠᠶᠢᠭᠰᠠᠨ ᠶᠤᠮ᠃ ᠡᠶᠢᠮᠦ ᠠᠴᠠ | ᠦᠵᠦᠮᠦᠴᠢᠨ ᠤ ᠰᠤᠷ ᠬᠠᠷᠪᠤᠬᠤ ᠨᠢ ᠬᠥᠭᠵᠢᠭᠡᠳ ᠫᠤᠤ ᠬᠠᠷᠪᠤᠬᠤ ᠳᠤ ᠳᠠᠪᠰᠢᠵᠤ᠂ ᠤᠯᠠᠮᠵᠢᠯᠠᠯᠲᠤ ᠨᠠᠭᠠᠳᠤᠮ ᠤᠨ | ᠬᠡᠯᠪᠡᠷᠢ ᠶᠢ ᠨᠡᠩ ᠪᠠᠶᠠᠯᠢᠭᠵᠢᠭᠤᠯᠤᠨ ᠬᠥᠭᠵᠢᠭᠦᠯᠦᠭᠰᠡᠨ ᠢᠶᠠᠷ ᠪᠠᠷᠠᠬᠤ ᠦᠭᠡᠢ᠂ ᠦᠵᠦᠮᠦᠴᠢᠨ ᠮᠣᠩᠭᠤᠯᠴᠤᠳ ᠤᠨ | ᠬᠠᠷᠪᠤᠯᠲᠠ ᠶᠢᠨ ᠮᠡᠷᠭᠡᠵᠢᠯ ᠢ ᠳᠡᠭᠡᠭᠰᠢᠯᠡᠭᠦᠯᠵᠦ᠂ ︽ᠮᠡᠷᠭᠡᠨ ᠬᠠᠷᠪᠤᠭᠠᠴᠢ︾᠂ ︽ᠰᠢᠯᠢᠳᠡᠭ ᠫᠤᠤᠴᠢᠳ︾ ᠣᠯᠠᠨ | ᠭᠠᠷᠤᠭᠰᠠᠨ ᠪᠢᠯᠡ᠃ | | 4. ᠪᠤᠰᠤᠳ ᠤᠯᠠᠮᠵᠢᠯᠠᠯᠲᠤ ᠰᠣᠶᠣᠯ ᠤᠷᠠᠯᠢᠭ ᠤᠨ ᠠᠵᠢᠯᠯᠠᠭ᠎ᠠ — ᠦᠵᠦᠮᠦᠴᠢᠨ ᠤ ᠲᠡᠦᠬᠡᠨ ᠳᠡᠭᠡᠷᠡᠬᠢ | ᠰᠣᠶᠣᠯ ᠤᠷᠠᠯᠢᠭ ᠤᠨ ᠬᠠᠮᠢᠶᠠᠲᠠᠢ ᠠᠵᠢᠯᠯᠠᠭ᠎ᠠ ᠳᠤ ᠰᠢᠨᠡᠯᠡᠬᠦ᠂ ᠭᠠᠯ ᠲᠠᠬᠢᠬᠤ᠂ ᠣᠪᠣᠭ᠎ᠠ ᠳᠠᠬᠢᠬᠤ᠂ ᠵᠢᠯ | ᠣᠷᠣᠭᠤᠯᠵᠤ ᠨᠠᠰᠤᠨ ᠪᠠᠶᠠᠷ ᠬᠢᠬᠦ᠂ ᠬᠡᠦᠬᠡᠳ ᠤᠨ ᠣᠢ ᠬᠢᠬᠦ᠂ ᠰᠢᠨ᠎ᠡ ᠭᠡᠷ ᠮᠢᠯᠢᠶᠠᠬᠤ᠂ ᠬᠤᠷᠢᠮ ᠨᠠᠶᠢᠷ᠂ | ᠳᠠᠯᠠᠯᠭ᠎ᠠ ᠠᠪᠬᠤ ᠵᠡᠷᠭᠡ ᠪᠣᠢ᠃ ᠰᠦᠮ᠎ᠡ ᠬᠡᠶᠢᠳ ᠪᠣᠢ ᠪᠣᠯᠣᠭᠰᠠᠨ ᠤ ᠳᠠᠷᠠᠭ᠎ᠠ᠂ ᠪᠤᠷᠬᠠᠨ ᠳᠠᠬᠢᠬᠤ ᠢᠷᠦᠭᠡᠯ᠂ | ᠮᠠᠬᠠᠺᠠᠯᠠ ᠶᠢᠨ ᠬᠤᠷᠠᠯ ᠬᠤᠷᠠᠬᠤ ᠵᠡᠷᠭᠡ ᠰᠦᠰᠦᠭ ᠪᠢᠰᠢᠷᠡᠯ ᠤᠨ ᠬᠠᠷᠢ ᠰᠣᠶᠣᠯ ᠣᠷᠣᠵᠤ ᠢᠷᠡᠭᠡᠳ ᠶᠠᠪᠠᠭᠠᠨ | ᠳᠠᠭᠠᠨ ᠨᠣᠶᠠᠷᠬᠠᠬᠤ ᠪᠠᠶᠢᠷᠢ ᠡᠵᠡᠯᠡᠵᠦ᠂ ᠣᠷᠣᠨ ᠨᠤᠲᠤᠭ ᠤᠨ ᠰᠣᠶᠣᠯ ᠲᠠᠢ ᠬᠤᠯᠢᠯᠳᠤᠨ ᠬᠥᠭᠵᠢᠵᠡᠢ᠃ ᠨᠡᠩ | ᠴᠦ ᠰᠦᠮ᠎ᠡ ᠬᠡᠶᠢᠳ ᠤᠨ ᠵᠢᠯ ᠳᠤ ᠬᠡᠳᠦᠨ ᠤᠳᠠᠭ᠎ᠠ ᠬᠢᠳᠡᠭ᠂ ᠴᠠᠭᠠᠨ ᠰᠠᠷ᠎ᠠ ᠶᠢᠨ 15 ᠤ ᠡᠳᠦᠷ ᠤᠨ ︽ᠢᠷᠦᠭᠡᠯ | ︾᠂ 6 ᠰᠠᠷ᠎ᠠ ᠶᠢᠨ 15 ᠤ ︽ᠢᠷᠦᠭᠡᠯ︾᠂ 10 ᠰᠠᠷ᠎ᠠ ᠶᠢᠨ 25 ᠤ ᠡᠳᠦᠷ ᠤᠨ ︽ᠵᠤᠯᠠ — ᠮᠠᠬᠠᠺᠠᠯᠠ︾ | ᠵᠡᠷᠭᠡ ᠬᠤᠷᠠᠯ ᠴᠤᠭᠯᠠᠭᠠᠨ ᠨᠢ ᠪᠦᠷ ᠲᠤᠬᠠᠢ ᠶᠢᠨ ᠦᠶ᠎ᠡ ᠳᠡᠭᠡᠨ ᠬᠠᠷ᠎ᠠ ᠰᠢᠷ᠎ᠠ ᠶᠢᠨ ᠰᠣᠶᠣᠯ ᠤᠨ ᠠᠵᠢᠯᠯᠠᠭ᠎ᠠ ᠶᠢᠨ | ᠨᠢᠭᠡᠨ ᠬᠡᠯᠪᠡᠷᠢ ᠪᠣᠯᠵᠤ ᠪᠠᠶᠢᠵᠠᠢ᠃ | | ᠲᠤᠬᠠᠢ ᠶᠢᠨ ᠦᠶ᠎ᠡ ᠶᠢᠨ ᠲᠡᠳᠡᠭᠡᠷ ᠣᠯᠠᠨ ᠬᠡᠯᠪᠡᠷᠢ ᠶᠢᠨ ᠨᠠᠭᠠᠳᠤᠮ ᠶᠣᠰᠣᠯᠠᠯ᠂ ᠨᠠᠶᠢᠷ ᠴᠢᠭᠤᠯᠭᠠᠨ ᠨᠢ ᠶᠠᠭ | ᠲᠥᠷᠥ ᠱᠠᠰᠢᠨ ᠰᠤᠷᠲᠠᠬᠤᠨ ᠤ ᠥᠩᠭᠡ ᠪᠤᠳᠤᠭ ᠲᠠᠢ ᠪᠠᠶᠢᠭᠰᠠᠨ ᠴᠦ ᠣᠯᠠᠨ ᠲᠦᠮᠡᠨ ᠳᠤ ᠠᠪᠴᠤ ᠬᠡᠯᠡᠪᠡᠯ᠂ | ᠲᠡᠳᠡᠨ ᠤ ᠣᠷᠤᠯᠴᠠᠯᠭ᠎ᠠ ᠪᠠᠷ ᠨᠡᠶᠢᠭᠡᠮ ᠤᠨ ᠨᠢᠭᠡᠨ ᠰᠣᠨᠢᠷᠬᠠᠯ ᠲᠠᠢ ᠰᠣᠶᠣᠯ ᠤᠨ ᠬᠥᠳᠡᠯᠭᠡᠭᠡᠨ ᠪᠣᠯᠵᠤ᠂ ᠲᠤᠬᠠᠢ | ᠶᠢᠨ ᠦᠶ᠎ᠡ ᠶᠢᠨ ᠢᠶᠠᠨ ᠰᠣᠶᠣᠯ ᠤᠨ ᠠᠮᠢᠳᠤᠷᠠᠯ ᠤᠨ ᠴᠢᠬᠤᠯᠠᠴᠢᠯᠠᠭ᠎ᠠ ᠶᠢ ᠬᠠᠩᠭᠠᠵᠤ ᠢᠷᠡᠭᠰᠡᠨ ᠪᠠᠶᠢᠨ᠎ᠠ᠃ ᠡᠳᠡᠭᠡᠷ | ᠠᠵᠢᠯᠯᠠᠭ᠎ᠠ ᠨᠢ ᠲᠠᠰᠤᠷᠠᠭ᠎ᠠ ᠦᠭᠡᠢ ᠪᠠᠷᠢᠮᠲᠠᠯᠠᠭᠳᠠᠵᠤ ᠶᠠᠪᠤᠬᠤ ᠳᠠᠭᠠᠨ ᠴᠠᠭ ᠬᠤᠭᠤᠴᠠᠭ᠎ᠠ᠂ ᠠᠷᠭ᠎ᠠ ᠮᠠᠶ᠋ᠢᠭ᠂ | ᠶᠣᠰᠣ ᠭᠤᠷᠢᠮ᠂ ᠠᠭᠤᠯᠭ᠎ᠠ ᠬᠡᠯᠪᠡᠷᠢ ᠨᠢ ᠲᠣᠭᠲᠠᠴᠠ ᠲᠠᠢ ᠪᠣᠯᠵᠤ᠂ ᠤᠯᠠᠮᠵᠢᠯᠠᠯᠲᠤ ︽ᠡᠷ᠎ᠡ ᠶᠢᠨ ᠭᠤᠷᠪᠠᠨ | ᠨᠠᠭᠠᠳᠤᠮ︾ ᠳᠤ ᠠᠭᠤᠰᠬᠠᠭᠳᠠᠨ ᠬᠡᠪᠰᠢᠭᠡᠳ ᠨᠡᠶᠢᠭᠡᠮ ᠨᠡᠶᠢᠲᠡᠴᠢᠯᠡᠭᠰᠡᠨ ᠬᠡᠪᠴᠢᠶ᠎ᠡ ᠲᠠᠢ ᠤᠷᠠᠯᠢᠭ ᠰᠣᠶᠣᠯ ᠤᠨ | ᠠᠵᠢᠯᠯᠠᠭ᠎ᠠ ᠪᠣᠯᠵᠤ ᠢᠷᠡᠭᠰᠡᠨ ᠪᠠᠶᠢᠨ᠎ᠠ᠃ ᠡᠭᠦᠨ ᠠᠴᠠ ᠭᠠᠳᠠᠨ᠎ᠠ᠂ ᠪᠠᠰᠠ ᠤᠷᠲᠤ ᠶᠢᠨ ᠳᠠᠭᠤᠤ ᠳᠠᠭᠤᠯᠠᠬᠤ᠂ | ᠪᠥᠵᠢᠭ ᠪᠥᠵᠢᠭᠯᠡᠵᠦ᠂ ᠴᠠᠮ ᠬᠠᠷᠠᠶᠢᠬᠤ᠂ ᠡᠭᠦᠳᠡ ᠳᠠᠷᠤᠬᠤ᠂ ᠬᠡᠯᠡ ᠮᠡᠳᠬᠡᠬᠦ ᠵᠡᠷᠭᠡ ᠲᠥᠷᠥᠯ ᠤᠳ ᠪᠠᠶᠢᠭᠰᠠᠨ | ᠶᠤᠮ᠃ | | ᠦᠵᠦᠮᠦᠴᠢᠨ ᠤ ᠪᠤᠰᠤᠳ ᠰᠣᠶᠣᠯ ᠤᠨ ᠵᠦᠢᠯ ᠳᠤ ᠠᠳᠡᠬᠢ ᠬᠥᠮᠥᠨ ᠠᠷᠠᠳ ᠪᠠᠶᠢᠩᠭᠤ ᠨᠠᠭᠠᠳᠤᠳᠠᠭ ᠭᠡᠷ | ᠪᠦᠯᠢ ᠶᠢᠨ ᠨᠠᠭᠠᠳᠤᠮ ᠤᠨ ᠵᠦᠢᠯ ᠢ ᠳᠤᠷᠠᠳᠬᠤ ᠶᠣᠰᠣᠲᠠᠢ᠃ ᠦᠵᠦᠮᠦᠴᠢᠨ ᠮᠣᠩᠭᠤᠯᠴᠤᠳ ᠡᠷᠲᠡᠨ ᠠᠴᠠ ᠪᠠᠨ ︽ | ᠮᠣᠩᠭᠤᠯ ᠰᠢᠲᠠᠷ᠎ᠠ︾ ᠨᠠᠭᠠᠳᠤᠨ᠎ᠠ᠃ ᠲᠡᠳᠡ ᠮᠣᠩᠭᠤᠯ ᠰᠢᠲᠠᠷ᠎ᠠ ᠶᠢᠨ ᠤᠬᠠᠭᠠᠨ ᠨᠡᠭᠡᠭᠡᠭᠳᠡᠬᠦ ᠳᠠᠶᠢᠨ ᠪᠠᠶᠢᠯᠳᠤᠭᠠᠨ | ᠤ ᠬᠥᠯ ᠲᠠᠢ ᠨᠠᠭᠠᠳᠤᠮ ᠭᠡᠵᠦ ᠪᠢᠰᠢᠷᠡᠳᠡᠭ᠃ ᠪᠠᠰᠠ ︽ᠵᠢᠷᠭᠢᠭᠦᠯ︾ ᠢ ᠶᠡᠭᠡ ᠨᠠᠭᠠᠳᠤᠨ᠎ᠠ᠃ ᠵᠢᠷᠭᠢᠭᠦᠯ ᠬᠡᠮᠡᠭᠴᠢ | 12 ᠬᠠᠷ᠎ᠠ ᠨᠣᠬᠠᠢ᠂ 12 ᠴᠠᠭᠠᠨ ᠨᠣᠬᠠᠢ ᠨᠡᠶᠢᠲᠡ 24 ᠨᠣᠬᠠᠢ ᠲᠠᠢ ᠬᠤᠶᠠᠷ ᠬᠥᠮᠥᠨ ᠲᠣᠰᠪᠤᠷᠢ ᠨᠢᠭᠡ ᠥᠰᠢᠭᠡ | ᠠᠪᠴᠤ ᠨᠠᠭᠠᠳᠤᠳᠠᠭ ᠨᠠᠭᠠᠳᠤᠮ ᠪᠣᠯᠣᠨ᠎ᠠ᠂ ᠣᠯᠠᠩᠬᠢ ᠳᠠᠭᠠᠨ ᠬᠥᠯᠭᠡ ᠬᠡᠷᠡᠭᠯᠡᠬᠦ ᠦᠭᠡᠢ᠂ ᠲᠡᠳᠡ ᠵᠢᠷᠭᠢᠭᠦᠯ ᠢ | ᠠᠷᠭ᠎ᠠ ᠰᠠᠯᠪᠠᠷᠠᠵᠤ ᠣᠢ ᠨᠡᠮᠡᠭᠳᠡᠬᠦ ᠠᠩ ᠤᠨ ᠬᠥᠯ ᠲᠠᠢ ᠨᠠᠭᠠᠳᠤᠮ ᠭᠡᠵᠡᠭᠡᠳᠡᠭ᠃ | | ᠲᠠᠬᠢᠪᠠᠯ ︽ᠱᠠᠭ᠎ᠠ︾ ᠶᠡᠭᠡ ᠨᠠᠭᠠᠳᠤᠨ᠎ᠠ᠃ ᠲᠤᠰ ᠨᠠᠭᠠᠳᠤᠮ ᠤᠨ ᠲᠥᠷᠥᠯ ᠵᠦᠢᠯ ᠲᠣᠩ ᠣᠯᠠᠨ ᠪᠥᠭᠡᠳ | ᠲᠣᠩ ᠤᠷᠠᠯᠢᠭ ᠪᠠᠶᠢᠵᠤ᠂ ᠰᠧᠶ᠋ᠢᠩ ᠣᠷᠬᠢᠬᠤ᠂ ᠮᠣᠷᠢ ᠤᠷᠤᠯᠳᠤᠬᠤ᠂ ᠮᠣᠷᠢ ᠲᠣᠭᠤᠭᠤᠯᠠᠭᠤᠯᠬᠤ᠂ ᠲᠠᠪᠤᠨ | ᠬᠤᠰᠢᠭᠤ ᠮᠠᠯ ᠲᠠᠯᠪᠢᠬᠤ᠂ ᠲᠤᠭ᠎ᠠ ᠪᠣᠳᠣᠬᠤ᠂ ᠠᠳᠬᠤᠴᠠᠭᠠᠬᠤ᠂ ᠰᠠᠬᠤ ᠠᠪᠬᠤ᠂ ᠬᠠᠵᠠ ᠬᠠᠷᠪᠤᠬᠤ᠂ ᠰᠤᠪᠤᠷᠭ᠎ᠠ | ᠪᠣᠰᠬᠠᠬᠤ ᠵᠡᠷᠭᠡ ᠪᠠᠷ ᠨᠠᠭᠠᠳᠤᠳᠠᠭ᠃ | | ᠪᠠᠰᠠ ︽ᠴᠡᠭᠴᠡᠭᠡᠬᠦ ᠨᠠᠭᠠᠳᠤᠮ︾ ᠬᠡᠮᠡᠨ ᠨᠠᠭᠠᠳᠤᠨ᠎ᠠ᠃ ᠴᠡᠭᠴᠡᠭᠡᠬᠦ ᠪᠣᠯ ᠦᠵᠦᠮᠦᠴᠢᠨ ᠤ ᠥᠪᠡᠷᠮᠢᠴᠡ | ᠨᠠᠭᠠᠳᠤᠮ ᠪᠣᠯᠣᠨ᠎ᠠ᠃ ᠬᠠᠷᠠᠩᠭᠤᠢ ᠰᠥᠨᠢ ᠬᠤᠶᠠᠷ ᠪᠦᠯᠦᠭ ᠬᠥᠮᠥᠨ ᠲᠠᠯᠠᠯᠠᠵᠤ ᠨᠠᠭᠠᠳᠤᠨ᠎ᠠ᠃ ᠭᠡᠬᠦ ᠳᠡᠭᠡᠨ ᠨᠢᠭᠡ | ᠪᠠᠭᠠᠨ᠎ᠠ ᠨᠢᠭᠡ ᠴᠡᠭᠴᠡᠭᠦᠷ ᠮᠣᠳᠣ ᠬᠤᠶᠠᠷ ᠬᠡᠷᠡᠭᠰᠡᠳᠡᠭ᠃ ᠴᠡᠭᠴᠡᠭᠦᠷ ᠮᠣᠳᠣ ᠨᠢ ᠬᠤᠶᠠᠷ ᠪᠠᠷᠢᠮ ᠥᠨᠳᠥᠷ᠂ ᠶᠠᠭ | ᠠᠳᠬᠤᠬᠤ ᠳᠤ ᠠᠳᠬᠤ ᠳᠦᠭᠦᠷᠬᠦ ᠪᠥᠭᠡᠷᠡᠩᠬᠡᠢ ᠮᠣᠳᠣ ᠶᠤᠮ᠃ ᠨᠠᠭᠠᠳᠤᠬᠤ ᠠᠷᠭ᠎ᠠ ᠨᠢ᠂ ᠥᠷᠢᠰᠦᠯᠳᠦᠬᠦ ᠬᠤᠶᠠᠷ | ᠡᠲᠡᠭᠡᠳ ᠤᠨ ᠨᠢᠭᠡ ᠨᠢ ᠴᠡᠭᠴᠡᠭᠦᠷ ᠮᠣᠳᠣ ᠪᠠᠷ ᠪᠠᠭᠠᠨ᠎ᠠ ᠪᠠᠨ ᠴᠣᠬᠢᠭᠠᠳ ᠬᠠᠷᠠᠩᠭᠤᠢ ᠳᠣᠲᠣᠷ᠎ᠠ ᠬᠤᠯᠠ ᠰᠢᠲᠠᠵᠤ | ᠶᠠᠪᠤᠭᠤᠯᠵᠤ᠂ ᠬᠤᠶᠠᠷ ᠲᠠᠯ᠎ᠠ ᠪᠠᠷ ᠬᠤᠶᠢᠨ᠎ᠠ ᠠᠴᠠ ᠨᠢ ᠡᠷᠢᠨ᠎ᠡ᠃ ᠠᠯᠢ ᠲᠠᠯ᠎ᠠ ᠨᠢ ᠡᠷᠢᠵᠦ ᠣᠯᠣᠭᠰᠠᠭᠠᠷ ᠮᠥᠨ | ᠨᠢᠭᠤᠴᠠ ᠪᠠᠷ ᠠᠪᠴᠠᠭᠠᠵᠤ ᠪᠠᠭᠠᠨ᠎ᠠ ᠪᠠᠨ ᠴᠣᠬᠢᠬᠤ ᠪᠠᠷ ᠴᠢᠷᠮᠠᠶᠢᠨ᠎ᠠ᠃ ᠪᠠᠭᠠᠨ᠎ᠠ ᠴᠣᠬᠢᠬᠤ ᠠᠴᠠ ᠤᠷᠢᠳ ᠣᠯᠵᠤ | ᠠᠪᠤᠭᠰᠠᠨ ᠢ ᠨᠥᠭᠦᠭᠡ ᠲᠠᠯ᠎ᠠ ᠨᠢ ᠮᠡᠳᠡᠭᠰᠡᠭᠡᠷ ᠪᠠᠭᠠᠨ᠎ᠠ ᠴᠣᠬᠢᠭᠤᠯᠬᠤ ᠦᠭᠡᠢ ᠶᠢᠨ ᠲᠥᠯᠥᠭᠡ ᠬᠦᠴᠦ ᠪᠠᠷ | ᠪᠤᠯᠢᠶᠠᠵᠤ ᠠᠪᠤᠨ᠎ᠠ᠃ ᠬᠡᠨ ᠣᠯᠵᠤ ᠠᠪᠬᠤ ᠪᠤᠶᠤ ᠪᠤᠯᠢᠶᠠᠵᠤ ᠠᠪᠤᠭᠠᠳ ᠪᠠᠭᠠᠨ᠎ᠠ ᠪᠠᠨ ᠴᠣᠬᠢᠭᠠᠳ ᠴᠢᠳᠠᠪᠠᠯ ᠲᠡᠷᠡ | ᠱᠦᠭᠦᠨ᠎ᠡ᠃ ᠱᠦᠭᠦᠭᠰᠡᠨ ᠲᠠᠯ᠎ᠠ ᠲᠠᠬᠢᠵᠤ ᠨᠠᠭᠠᠳᠤᠮ ᠢᠶᠠᠨ ᠡᠬᠢᠯᠡᠨ᠎ᠡ᠃ | | ᠪᠠᠰᠠ ︽ᠪᠤᠭᠤ ᠲᠠᠯᠪᠢᠵᠤ ᠨᠠᠭᠠᠳᠬᠤ︾ ᠪᠣᠢ᠂ ᠪᠤᠭᠤ ᠨᠠᠭᠠᠳᠬᠤ ᠪᠣᠯ ᠦᠵᠦᠮᠦᠴᠢᠨ ᠤ ᠪᠠᠰᠠ ᠨᠢᠭᠡ | ᠴᠢᠬᠤᠯᠠ ᠰᠠᠶᠢᠬᠠᠨ ᠨᠠᠭᠠᠳᠤᠮ ᠪᠣᠯᠣᠨ᠎ᠠ᠃ 2 ᠪᠤᠭᠤ᠂ 24 ᠨᠣᠬᠠᠢ ᠲᠠᠢ ᠲᠤᠰᠬᠠᠢ ᠨᠠᠭᠠᠳᠤᠮ ᠤᠨ ᠬᠥᠯᠭᠡ ᠲᠠᠢ | ᠬᠤᠶᠠᠷ ᠬᠥᠮᠥᠨ ᠤ ᠨᠠᠭᠠᠳᠤᠮ ᠶᠤᠮ᠃ ᠨᠢᠭᠡ ᠨᠢ 2 ᠪᠤᠭᠤ ᠶᠢ ᠠᠪᠴᠤ᠂ ᠨᠥᠭᠦᠭᠡ ᠨᠢ 24 ᠨᠣᠬᠠᠢ ᠶᠢ ᠪᠠᠷᠢᠨ᠎ᠠ᠃ | ᠪᠤᠭᠤ ᠠᠪᠤᠭᠰᠠᠨ ᠨᠢ ᠨᠣᠬᠠᠢ ᠶᠢ ᠢᠳᠡᠵᠦ ᠪᠠᠷᠠᠬᠤ ᠪᠠᠷ᠂ ᠨᠣᠬᠠᠢ ᠠᠪᠤᠭᠰᠠᠨ ᠨᠢ ᠪᠤᠭᠤ ᠶᠢ ᠬᠤᠷᠢᠵᠤ ᠲᠠᠯᠪᠢᠬᠤ | ᠪᠠᠷ ᠲᠣᠰ ᠲᠣᠰ ᠲᠡᠮᠡᠴᠡᠨ᠎ᠡ᠃ ᠨᠣᠬᠠᠢ ᠶᠢ ᠢᠳᠡᠵᠦ ᠬᠤᠷᠢᠭᠳᠠᠬᠤ ᠦᠭᠡᠢ ᠪᠣᠯ ᠪᠤᠭᠤ ᠱᠦᠭᠦᠨ᠎ᠡ᠃ ᠪᠤᠭᠤ ᠶᠢ | ᠨᠣᠬᠠᠢ ᠶᠢᠨ ᠳᠠᠪᠬᠤᠷ ᠬᠦᠴᠦ ᠪᠠᠷ ᠬᠤᠷᠢᠵᠤ ᠴᠢᠳᠠᠪᠠᠯ ᠨᠣᠬᠠᠢ ᠱᠦᠭᠦᠨ᠎ᠡ᠃ ᠱᠦᠭᠦᠳᠡᠯ ᠤᠨ ᠬᠡᠯᠪᠡᠷᠢ ᠨᠢ ᠠᠷᠪᠢᠨ | ᠪᠠᠶᠢᠳᠠᠭ᠃ ᠬᠠᠮᠤᠭ ᠤᠨ ᠰᠠᠶᠢᠬᠠᠨ ᠱᠦᠭᠦᠳᠡᠯ ᠨᠢ ︽ᠠᠴᠠᠨ ᠳᠤ ᠬᠤᠷᠢᠬᠤ︾ ᠪᠣᠯᠣᠨ᠎ᠠ᠃ ᠠᠩ ᠤᠨ ᠬᠥᠯ ᠲᠠᠢ | ᠲᠤᠰᠬᠠᠢ ᠨᠠᠭᠠᠳᠤᠮ ᠭᠡᠳᠡᠭ᠃ | | ︽ᠠᠮᠤᠷ ᠪᠠᠶᠠᠰᠬᠤᠯᠠᠩ ᠨᠠᠭᠠᠳᠬᠤ︾ ᠨᠠᠭᠠᠳᠤᠮ ᠭᠡᠵᠦ ᠪᠠᠰᠠ ᠪᠠᠶᠢᠳᠠᠭ᠃ ᠠᠮᠤᠷ ᠪᠠᠶᠠᠰᠬᠤᠯᠠᠩ ᠨᠠᠭᠠᠳᠬᠤ | ᠪᠣᠯ ᠦᠵᠦᠮᠦᠴᠢᠨ ᠤ ᠡᠷᠲᠡᠨ ᠤ ᠰᠠᠶᠢᠬᠠᠨ ᠨᠠᠭᠠᠳᠤᠮ ᠪᠢᠯᠡ᠃ 64 ᠬᠡᠰᠡᠭ ᠲᠥᠭᠦᠷᠢᠭ ᠵᠣᠭᠤᠰ ᠤᠨ ᠬᠡᠯᠪᠡᠷᠢ ᠲᠠᠢ | ᠠᠮᠢᠲᠠᠨ᠂ ᠲᠣᠩ ᠵᠡᠷᠭᠡ ᠶᠢᠨ ᠰᠡᠶᠢᠯᠪᠦᠷᠢ ᠲᠠᠢ ᠫᠠᠢ ᠪᠠᠶᠢᠳᠠᠭ᠃ ᠭᠤᠣᠯ ᠨᠢ ᠭᠡᠷ ᠪᠠᠷᠢᠵᠤ᠂ ᠳᠡᠶᠢᠯᠬᠦ ᠫᠠᠢ ᠨᠢ | ᠳᠡᠶᠢᠯᠦᠭᠳᠡᠬᠦ ᠫᠠᠢ ᠪᠠᠨ ᠳᠠᠷᠤᠵᠤ ᠠᠪᠴᠤ ᠨᠠᠭᠠᠳᠤᠨ᠎ᠠ᠃ ᠭᠡᠷ ᠠᠷᠪᠢᠨ ᠪᠠᠷᠢᠭᠰᠠᠨ ᠨᠢ ᠱᠦᠭᠦᠨ᠎ᠡ᠃ ᠡᠭᠦᠨ ᠠᠴᠠ | ᠭᠠᠳᠠᠨ᠎ᠠ 24 ᠫᠠᠢ 64 ᠫᠠᠢ ᠵᠡᠷᠭᠡ ᠨᠠᠭᠠᠳᠤᠮ ᠪᠠᠰᠠ ᠨᠠᠭᠠᠳᠤᠳᠠᠭ ᠶᠤᠮ᠃ | | ᠡᠳᠡᠭᠡᠷ ᠨᠠᠭᠠᠳᠤᠮ ᠪᠣᠯ ᠪᠦᠷ ᠭᠡᠷ ᠪᠦᠯᠢ ᠶᠢᠨ ᠴᠢᠨᠠᠷ ᠲᠠᠢ᠂ ᠨᠡᠶᠢᠭᠡᠮ ᠨᠡᠶᠢᠲᠡ ᠳᠤ ᠳᠡᠯᠭᠡᠷᠡᠭᠰᠡᠨ ᠰᠣᠶᠣᠯ | ᠲᠠᠢ ᠨᠠᠭᠠᠳᠤᠮ ᠪᠣᠯᠣᠨ᠎ᠠ᠃ ᠲᠡᠳᠡ ᠭᠤᠣᠯ ᠨᠢ ᠡᠪᠦᠯ ᠤᠨ ᠰᠥᠨᠢ ᠶᠢᠨ ᠤᠷᠲᠤ ᠳᠤ ᠬᠡᠮᠵᠢᠶ᠎ᠡ ᠲᠠᠢ ᠠᠰᠢᠭᠲᠠᠢ | ᠨᠠᠭᠠᠳᠤᠳᠠᠭ᠃ ᠬᠠᠪᠤᠷ ᠨᠠᠮᠤᠷ ᠤᠨ ᠴᠠᠭ ᠲᠤ ᠠᠯᠢᠪᠠ ᠨᠠᠭᠠᠳᠤᠮ ᠢ ᠦᠨᠳᠦᠰᠦᠨ ᠳᠤᠨᠢ ᠴᠡᠭᠡᠷᠯᠡᠳᠡᠭ ᠪᠠᠶᠢᠨ᠎ᠠ᠃ | | ᠦᠵᠦᠮᠦᠴᠢᠨ ᠤ ᠠᠶᠢᠯ ᠡᠷᠦᠬᠡ ᠳᠤ ᠪᠠᠰᠠ ᠡᠯ᠎ᠡ ᠵᠦᠢᠯ ᠤᠨ ᠬᠥᠭᠵᠢᠮ᠂ ᠮᠣᠷᠢᠨ ᠬᠤᠭᠤᠷ᠂ ᠳᠥᠷᠪᠡᠨ | ᠤᠲᠠᠰᠤᠲᠤ ᠬᠤᠭᠤᠷ᠂ ᠯᠢᠩᠪᠦ᠂ ᠬᠢᠳᠠ ᠁ ᠵᠡᠷᠭᠡ ᠬᠥᠭᠵᠢᠮ ᠲᠠᠢ ᠪᠠᠶᠢᠵᠠᠢ᠃ ᠰᠡᠭᠦᠯᠴᠢ ᠶᠢᠨ ᠦᠶ᠎ᠡ ᠳᠤ | ᠸᠠᠩ ᠤᠨ ᠣᠷᠳᠣᠨ᠂ ᠢᠯᠠᠩᠭᠤᠶ᠎ᠠ ᠰᠦᠮ᠎ᠡ ᠬᠡᠶᠢᠳ ᠲᠤ ᠪᠦᠷᠢᠶ᠎ᠡ ᠪᠢᠰᠬᠢᠭᠦᠷ᠂ ᠭᠠᠨᠳᠠᠩ᠂ ᠲᠣᠩ ᠵᠡᠷᠭᠡ ᠬᠥᠭᠵᠢᠮ | ᠦᠯᠡᠳᠡᠵᠡᠢ᠃ | ︽ᠦᠵᠦᠮᠦᠴᠢᠨ ᠮᠣᠩᠭᠤᠯᠴᠤᠳ︾ ᠭᠤ᠂ ᠷᠠᠬᠸ᠎ᠠ | | | |