ᠰᠢᠷ᠎ᠠ ᠲᠣᠰᠤ
ᠨᠡᠶᠢᠲᠡᠯᠡᠭᠰᠡᠨ ᠴᠠᠭ᠄
2022/12/9
                      ᠰᠢᠷ᠎ᠠ ᠲᠣᠰᠤ     ᠰᠢᠷ᠎ᠠ ᠳᠤᠰᠦ ᠪᠣᠯ ᠮᠣᠩᠭᠤᠯᠴᠤᠳ ᠤᠨ ᠠᠯᠳᠠᠷᠳᠦ ᠴᠠᠭᠠᠨ ᠢᠳᠡᠭᠡᠨ᠂ ᠦᠵᠦᠮᠦᠴᠢᠨ ᠴᠠᠭᠠᠨ ᠢᠳᠡᠭᠡᠨ ᠤ ᠣᠬᠢ ᠮᠦᠨ᠃ ᠲᠡᠷᠡ ᠦᠵᠦᠮᠦᠴᠢᠨ ᠳᠤ ᠲᠠᠬᠢᠯᠭ᠎ᠠ ᠲᠠᠶᠢᠯᠠᠯᠭ᠎ᠠ ᠶᠢᠨ ᠳᠦᠷᠦᠬᠦᠨ ᠳᠤ ᠤᠷᠤᠵᠦ᠂ ᠡᠷᠭᠦᠯ ᠪᠠᠷᠢᠯ ᠤᠨ ᠳᠦᠷᠦᠬᠦᠨ ᠳᠤ ᠶᠠᠪᠤᠳᠠᠭ᠃  ᠵᠤᠯᠠ ᠬᠦᠵᠢ ᠠᠰᠠᠭᠠᠵᠦ᠂ ᠪᠡᠯᠡᠭ ᠳᠡᠮᠪᠡᠷᠡᠯ ᠤᠨ ᠳᠡᠭᠡᠳᠦ ᠳᠤ ᠬᠡᠷᠡᠭᠯᠡᠭᠳᠡᠳᠡᠭ᠂ ᠢᠳᠡᠭᠡᠨ ᠤᠮᠳᠠᠭᠠᠨ ᠤ ᠳᠡᠭᠡᠳᠦ᠂ ᠪᠡᠯᠭᠡᠳᠡᠯ ᠪᠠ ᠬᠡᠷᠡᠭᠰᠡᠯ ᠤᠨ ᠬᠤᠣᠰ ᠬᠡᠷᠡᠭᠴᠡᠭᠡᠳᠦ ᠴᠠᠭᠠᠨ ᠢᠳᠡᠭᠡᠨ ᠪᠤᠯᠤᠨ᠎ᠠ᠃ᠰᠢᠷ᠎ᠠ ᠲᠤᠰᠣ ᠶᠢᠨ ᠬᠡᠷᠡᠭᠴᠡᠭᠡ ᠲᠤᠩ ᠤᠯᠠᠨ᠂ ᠦᠵᠦᠮᠦᠴᠢᠨ ᠮᠣᠩᠭᠤᠯᠴᠤᠳ ᠲᠤᠶᠢᠯ ᠤᠨ ᠨᠠᠷᠢᠯᠢᠭ ᠦᠢᠯᠡᠳᠪᠦᠷᠢᠯᠡᠭᠰᠡᠨ ᠰᠢᠷ᠎ᠠ ᠳᠤᠰᠦ ᠪᠠᠨ ᠰᠢᠯ ᠱᠠᠭᠠᠵᠠᠩ᠂ ᠸᠠᠭᠠᠷ ᠵᠡᠷᠭᠡ ᠪᠣᠳᠤᠩ ᠰᠠᠪᠠ ᠪᠤᠯᠤᠨ ᠭᠦᠵᠡᠭᠡ ᠳᠤ ᠰᠠᠪᠠᠯᠠᠭᠠᠳ ᠵᠢᠯ ᠤᠨ ᠳᠦᠷᠪᠡᠨ ᠤᠯᠠᠷᠢᠯ ᠳᠤ ᠬᠠᠳᠠᠭᠠᠯᠵᠦ ᠬᠡᠷᠡᠭᠯᠡᠳᠡᠭ᠃ ᠳᠡᠲᠡᠨ ᠴᠠᠢ ᠳᠠᠭᠠᠨ ᠰᠢᠷ᠎ᠠ ᠲᠤᠰᠦ ᠪᠠᠨ ᠬᠢᠵᠦ᠂ ᠴᠠᠢ ᠶᠢᠨ ᠪᠤᠳᠠᠭ᠎ᠠ ᠪᠠᠨ ᠰᠢᠷ᠎ᠠ ᠲᠤᠰᠦ ᠪᠠᠷ ᠵᠢᠭᠤᠷᠠᠵᠦ ᠢᠳᠡᠳᠡᠭ᠃ ᠬᠤᠭᠤᠯᠨ ᠱᠦᠯᠦᠨ ᠲᠡᠭᠡᠨ ᠰᠢᠷ᠎ᠠ ᠲᠤᠰᠦ ᠰᠠᠮᠤᠷᠬᠤ ᠪᠠ ᠰᠢᠷ᠎ᠠ ᠲᠤᠰᠦ ᠪᠠᠷ ᠠᠮᠤᠰᠤ᠂ ᠲᠤᠬᠤᠯᠠᠢ ᠬᠢᠵᠦ ᠢᠳᠡᠳᠡᠭ᠃ ᠡᠮ ᠤᠨ ᠬᠦᠯᠦᠭ ᠲᠤ ᠰᠢᠷ᠎ᠠ ᠲᠤᠰᠦ ᠤᠷᠤᠭᠤᠯᠵᠦ᠂ ᠤᠯᠠᠨ ᠵᠦᠢᠯ ᠤᠨ ᠡᠪᠡᠳᠴᠢᠨ ᠡᠮᠬᠡᠭ ᠢ ᠵᠠᠰᠠᠳᠠᠭ᠃ ᠰᠦᠰᠦᠭ ᠪᠢᠰᠢᠷᠡᠯ ᠢᠶᠠᠨ ᠰᠢᠷ᠎ᠠ ᠲᠤᠰᠦ ᠪᠠᠷ ᠬᠦᠢᠴᠡᠳᠬᠡᠵᠦ᠂ ᠰᠢᠷ᠎ᠠ ᠲᠤᠰᠦ ᠪᠠᠷ ᠵᠤᠯᠠ ᠠᠰᠠᠭᠠᠳᠠᠭ᠃ ᠨᠠᠰᠤᠲᠠᠨ ᠨᠢᠯᠬ᠎ᠠ᠂ ᠬᠦᠨᠳᠦᠳᠦ ᠵᠤᠴᠢᠳ ᠢᠶᠠᠨ ᠰᠢᠷ᠎ᠠ ᠲᠤᠰᠣ ᠪᠠᠷ ᠡᠷᠬᠢᠵᠦ ᠲᠤᠬᠤᠨᠢᠭᠤᠯᠵᠦ ᠦᠵᠡᠳᠡᠭ ᠲᠤᠯᠠ ᠰᠢᠷ᠎ᠠ ᠲᠤᠰᠦ ᠡᠷᠬᠢᠮ ᠪᠡᠯᠡᠭ ᠲᠤ ᠶᠠᠪᠤᠳᠠᠭ᠃ ᠡᠶᠢᠮᠦ ᠠᠴᠠ ᠰᠢᠷ᠎ᠠ ᠳᠤᠰᠦ ᠪᠣᠯ ᠪᠡᠯᠭᠡ ᠳᠡᠮᠪᠡᠷᠢᠯ ᠤᠨ ᠳᠡᠭᠡᠳᠦ᠂ ᠦᠵᠦᠮᠦᠴᠢᠨ ᠴᠠᠭᠠᠨ ᠢᠳᠡᠭᠡᠨ ᠤ ᠣᠬᠢ ᠮᠦᠨ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号