ᠠᠯᠲᠠᠨ ᠭᠤᠣᠯ
ᠨᠡᠶᠢᠲᠡᠯᠡᠭᠰᠡᠨ ᠴᠠᠭ᠄
2022/11/17
                    ᠠᠯᠲᠠᠨ ᠭᠤᠣᠯ    ᠪᠠᠷᠠᠭᠤᠨ ᠦᠵᠤᠮᠴᠢᠨ ᠬᠤᠰᠢᠭᠤᠨ ᠤ ᠡᠮᠦᠨ᠎ᠡ ᠵᠠᠭᠠᠭ ᠪᠣᠯᠬᠤ ᠳᠤᠯᠦᠭᠠᠨ ᠳᠠᠪᠠᠭ᠎ᠠ᠂ ᠬᠠᠰᠢᠶᠠᠲᠦ ᠶᠢᠨ ᠳᠠᠪᠠᠭ᠎ᠠ ᠂ ᠬᠤᠶᠠᠷ ᠤᠯᠠᠭᠠᠨ ᠳᠠᠪᠠᠭᠠᠨ ᠤ ᠠᠷᠦ ᠶᠢᠨ ᠪᠤᠯᠠᠭ ᠤᠳ ᠠᠴᠠ ᠡᠬᠢ ᠠᠪᠴᠤ ᠤᠤᠯ ᠤᠨ ᠳᠤᠯᠤᠭᠠᠨ ᠳᠠᠪᠠᠭ᠎ᠠ ᠰᠤᠮᠦ ᠶᠢ ᠲᠤᠭᠤᠯᠤᠨ ᠬᠤᠶᠢᠰᠢ ᠤᠷᠤᠰᠴᠤ ᠠᠯᠲᠠᠨ ᠤᠳᠦ᠂ ᠠᠯᠳᠠᠨ ᠭᠤᠣᠯ ᠬᠤᠶᠠᠷ  ᠭᠠᠴᠠᠭ᠎ᠠ ᠶᠢ ᠵᠠᠭᠠᠭᠯᠠᠨ《 ᠬᠤᠰᠢᠭᠤ ᠣᠪᠣᠭ᠎ᠠ》 ᠶᠢᠨ ᠪᠠᠷᠠᠭᠤᠨ ᠰᠤᠭᠤ ᠳᠠᠬᠢ ᠠᠭᠤᠯᠵᠠᠷ ᠭᠡᠰᠡᠨ ᠭᠠᠵᠠᠷ ᠪᠠᠯᠭᠠᠷ ᠲᠠᠢ ᠤᠷᠤᠰᠬᠠᠯ ᠨᠡᠶᠢᠯᠡᠳᠡᠭ᠃ ᠠᠯᠳᠠᠨ ᠭᠤᠣᠯ ᠨᠢ ᠡᠬᠢ ᠠᠪᠤᠭᠰᠠᠨ ᠬᠡᠳᠤᠨ ᠪᠤᠯᠠᠭ ᠠᠴᠠ ᠥᠭᠡᠷ᠎ᠡ ᠤᠷᠤᠰᠬᠠᠯ ᠨᠡᠶᠢᠯᠡᠳᠡᠭ ᠦᠭᠡᠢ ᠪᠤᠯᠪᠠᠴᠤ᠂ ᠦᠨᠳᠥᠷ ᠰᠢᠷᠡᠭᠡ᠂ ᠪᠢᠯᠢᠭᠦᠲᠦ ᠬᠤᠰᠢᠭᠤ᠂ ᠤᠯᠠᠭᠠᠨ ᠡᠷᠭᠢ᠂ ᠣᠩᠭᠤᠨ ᠳᠣᠱᠢ ᠶᠢᠨ ᠬᠠᠷᠠᠵᠠ ᠪᠤᠯᠠᠭ ᠤᠳ ᠢ ᠠᠮᠢᠯᠠᠭᠤᠯᠵᠤ᠂ ᠪᠦᠷᠢᠳᠦᠨ ᠨᠠᠭᠤᠷ᠂ ᠪᠥᠭᠡᠷ᠎ᠡ ᠲᠣᠪᠤᠭ ᠤᠨ ᠨᠠᠭᠤᠷ᠂ ᠮᠠᠩᠬᠠᠲᠦ ᠨᠠᠭᠤᠷ᠂ ᠪᠣᠷᠭᠠᠰᠤᠲᠦ ᠬᠤᠭᠤᠯᠠᠢ ᠶᠢᠨ ᠬᠡᠳᠦᠨ ᠨᠠᠭᠤᠷ ᠤᠳ ᠢ ᠤᠮᠳᠠᠯᠠᠵᠤ᠂ ᠠᠯᠳᠠᠨ ᠭᠤᠣᠯ ᠤᠨ ᠰᠠᠪᠠ ᠭᠠᠵᠠᠷ ᠢ ᠨᠡᠶᠢᠳᠡᠮ ᠤᠰᠤᠯᠠᠵᠤ ᠥᠩ ᠰᠢᠮᠡᠯᠢᠭ ᠪᠤᠯᠭᠠᠳᠠᠭ᠃ ᠤᠷᠤᠰᠬᠤ ᠣᠰᠤ ᠪᠠ ᠬᠠᠶᠢᠷ ᠰᠢᠷᠤᠢ ᠳᠤ ᠨᠢ ᠪᠦᠷ ᠠᠯᠳᠠᠨ ᠤ ᠦᠷᠤᠪᠳᠡᠰᠤ ᠭᠢᠯᠲᠠᠭᠠᠨᠠᠵᠤ ᠦᠨᠡᠭᠡᠷ ᠨᠡᠷ᠎ᠡ ᠨᠢᠳᠡᠷ ᠲᠡᠭᠡᠨ ᠨᠡᠶᠢᠴᠡᠭᠰᠡᠨ ᠠᠯᠳᠠᠨ ᠭᠤᠣᠯ ᠶᠤᠮ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号