ᠮᠤᠩᠭᠤᠯ  ᠭᠡᠷ  ᠪᠤᠰᠬᠠᠬᠤ  ᠤᠷ᠎ᠠ
ᠨᠡᠶᠢᠲᠡᠯᠡᠭᠰᠡᠨ ᠴᠠᠭ᠄
2022/11/17
                  ᠮᠤᠩᠭᠤᠯ   ᠭᠡᠷ   ᠪᠤᠰᠬᠠᠬᠤ   ᠤᠷ᠎ᠠ        ᠲᠡᠦᠬᠡ ᠴᠠᠳᠢᠭ ᠤᠨ ᠭᠡᠷᠡᠯᠲᠦ ᠬᠠᠭᠤᠳᠠᠰᠤ ᠶᠢ ᠱᠦᠬᠦᠬᠦ ᠳᠤ ᠦᠵᠦᠮᠦᠴᠢᠨᠴᠦᠳ ᠠᠯᠲᠠᠢ ᠠᠭᠤᠯᠠᠨ ᠤ ᠵᠡᠭᠦᠨ ᠡᠮᠦᠨ᠎ᠡ ᠬᠤᠷᠮᠤᠢ ᠳᠠᠬᠢ ᠦᠵᠦᠮ ᠤᠨ ᠠᠭᠤᠯᠠᠨ ᠠᠴᠠ ᠲᠤᠷᠤᠨᠠᠰᠢ ᠨᠡᠭᠦᠳᠡᠯᠯᠡᠭᠰᠡᠭᠡᠷ ᠤᠳᠤ ᠶᠢᠨ ᠡᠨᠡᠬᠦ ᠨᠤᠲᠤᠭ ᠤᠰᠤᠨ ᠳᠡᠭᠡᠷ᠎ᠡ ᠤᠷᠤᠰᠢᠨ ᠠᠮᠢᠳᠤᠷᠠᠵᠠᠢ᠃ ᠤᠨ ᠵᠢᠯ ᠤᠨ ᠤᠷᠲᠤ ᠠᠶᠠᠨ ᠳᠤ ᠪᠠᠨ ᠳᠡᠳᠡ ᠪᠤᠰᠬᠠᠵᠤ ᠪᠠᠭᠤᠯᠭᠠᠬᠤ ᠳᠤ ᠲᠦᠭᠦᠮ᠂ ᠨᠡᠭᠦᠵᠦ ᠰᠠᠭᠤᠬᠤ ᠳᠤ ᠬᠢᠯᠪᠠᠷᠬᠠᠨ ᠮᠤᠩᠭᠤᠯ ᠭᠡᠷ ᠲᠤ ᠪᠠᠨ ᠤᠷᠤᠩᠨᠠᠨ ᠠᠵᠤ ᠲᠦᠷᠦᠭᠰᠡᠭᠡᠷ ᠢᠷᠡᠵᠡᠢ᠃ ᠦᠵᠦᠮᠦᠴᠢᠨ ᠬᠦᠮᠦᠰ ᠤᠷ᠎ᠠ ᠳᠠᠷᠬ᠎ᠠ ᠲᠠᠢ ᠪᠠᠶᠢᠳᠠᠭ ᠢᠶᠠᠷ ᠠᠭᠤᠯᠠ ᠶᠢᠨ ᠮᠤᠳᠤ᠂ ᠤᠩᠭᠠᠰᠤ ᠬᠢᠯᠭᠠᠰᠤ ᠶᠢ ᠠᠰᠢᠭᠯᠠᠨ ᠮᠤᠩᠭᠤᠯ ᠭᠡᠷ ᠢᠶᠠᠨ ᠦᠪᠡᠷ ᠢᠶᠠᠨ ᠬᠢᠳᠡᠭ ᠶᠤᠮ᠃ ᠳᠡᠳᠡ ᠠᠩ ᠠᠩᠨᠠᠯ ᠤᠨ ᠦᠶ᠎ᠡ ᠠᠴᠠ ᠨᠡᠭᠦᠳᠡᠯ ᠮᠠᠯᠵᠢᠯ ᠤᠨ ᠨᠡᠶᠢᠭᠡᠮ ᠳᠤ ᠰᠢᠯᠵᠢᠬᠦ ᠳᠤ ᠪᠠᠨ ᠦᠪᠦᠩ ᠲᠤᠪᠤ ᠠᠴᠠ ᠪᠠᠨ ᠠᠯᠭᠤᠷ ᠳᠠᠪᠰᠢᠨ ᠦᠷᠭᠦᠭᠡ ᠴᠠᠭᠠᠨ ᠮᠤᠩᠭᠤᠯ ᠭᠡᠷ ᠲᠤ ᠰᠠᠭᠤᠬᠤ ᠪᠤᠯᠤᠭᠰᠠᠨ ᠶᠤᠮ᠃       ᠦᠵᠦᠮᠦᠴᠢᠨ ᠮᠤᠩᠭᠤᠯ ᠭᠡᠷ ᠤᠨ ᠪᠦᠲᠦᠴᠡ ᠤᠯᠠᠮᠵᠢᠯᠠᠯ ᠨᠢ ᠮᠠᠰᠢ ᠤᠷᠠᠨ ᠨᠠᠷᠢᠯᠢᠭ ᠲᠦᠷᠢᠮ ᠭᠤᠷᠢᠮ  ᠲᠠᠢ ᠪᠠᠶᠢᠳᠠᠭ ᠶᠤᠮ᠃ ᠲᠡᠷᠡ ᠨᠢ ᠪᠤᠷᠭᠠᠰᠤ ᠬᠠᠶᠢᠯᠠᠰᠤ᠂ ᠢᠰᠡᠭᠡᠢ ᠪᠦᠷᠢᠶᠡᠰᠦ᠂ ᠤᠩᠭᠠᠰᠤ ᠬᠢᠯᠭᠠᠰᠤ ᠭᠤᠷᠪᠠ ᠪᠠᠷ ᠪᠦᠷᠢᠯᠳᠦᠳᠡᠭ ᠠᠴᠠ ᠪᠢᠰᠢ ᠲᠡᠮᠦᠷ ᠤᠨ ᠵᠦᠢᠯ ᠢ ᠤᠭᠲᠤ ᠤᠷᠤᠭᠤᠯᠳᠠᠭ ᠦᠭᠡᠢ᠃ ᠮᠤᠩᠭᠤᠯ ᠭᠡᠷ ᠤᠨ ᠪᠦᠲᠦᠴᠡ  ᠳᠤ ᠭᠤᠤᠯᠳᠠᠭᠤ ᠲᠤᠭᠤᠨᠤ᠂ ᠤᠨᠢ᠂ ᠬᠠᠨ᠎ᠠ᠂ ᠬᠠᠭᠠᠯᠭ᠎ᠠ ᠨᠢ ᠮᠤᠲᠤ ᠪᠠᠶᠢᠵᠤ︔ ᠡᠷᠦᠬᠡ᠂ ᠬᠦᠯᠲᠦᠷᠭᠡ᠂ ᠳᠡᠭᠡᠪᠦᠷ ᠂ ᠴᠠᠷᠪᠠᠭ᠂ ᠲᠤᠭᠤᠷᠭ᠎ᠠ ᠨᠢ ᠢᠰᠡᠭᠡᠢ ᠪᠠᠷ ᠪᠦᠲᠦᠭᠰᠡᠨ ᠢ ᠨᠢ ᠪᠦᠷᠢᠶᠡᠰᠦ ᠭᠡᠵᠦ︔ ᠤᠯᠤᠩ᠂ ᠤᠭᠤᠰᠤᠷ᠂ ᠪᠦᠰᠡᠯᠡᠭᠦᠷ᠂ ᠳᠠᠷᠤᠭᠤᠯᠭ᠎ᠠ ᠴᠢᠭᠳᠠᠭ᠎ᠠ ᠨᠢ ᠬᠢᠯᠭᠠᠰᠤ ᠤᠩᠭᠠᠰᠤ ᠪᠠᠷ ᠪᠦᠷᠢᠯᠳᠦᠳᠡᠭ ᠪᠠᠶᠢᠨ᠎ᠠ᠃        ᠦᠵᠦᠮᠦᠴᠢᠨ ᠮᠤᠩᠭᠤᠯ ᠭᠡᠷ ᠤᠨ ᠪᠦᠲᠦᠴᠡ ᠨᠢ ᠬᠡᠳᠦᠶᠢᠪᠡᠷ ᠲᠦᠬᠦᠮ ᠪᠠᠶᠢᠳᠠᠭ ᠪᠤᠯᠪᠠᠴᠤ ᠶᠡᠭᠡ ᠰᠠᠯᠬᠢ᠂ ᠭᠠᠵᠠᠷ ᠬᠦᠳᠡᠯᠦᠯᠲᠡ ᠳᠤ ᠳᠠᠭᠠᠭᠠᠴᠠᠲᠠᠢ ᠪᠠᠶᠢᠳᠠᠭ ᠶᠤᠮ᠃ ᠪᠦᠮᠪᠦᠷᠭᠡᠨ ᠲᠤᠭᠤᠷᠢᠭ ᠬᠡᠯᠪᠡᠷᠢ ᠪᠦᠲᠦᠴᠡ ᠨᠢ ᠤᠮᠠᠷᠠᠲᠤ ᠶᠢᠨ ᠦᠨᠳᠦᠷᠯᠢᠭ ᠤᠨ ᠤᠯᠠᠷᠢᠯ ᠤᠨ ᠰᠠᠯᠬᠢᠨ ᠤ ᠬᠦᠴᠦ ᠶᠢ ᠪᠠᠭᠠᠰᠬᠠᠵᠤ᠂ ᠬᠦᠩᠭᠡᠨ ᠬᠦᠭᠡᠪᠦᠷ ᠪᠠᠶᠢᠳᠠᠭ  ᠨᠢ ᠭᠠᠵᠠᠷ ᠬᠦᠳᠡᠯᠦᠯᠲᠡ ᠵᠡᠷᠭᠡ ᠪᠠᠶᠢᠭᠠᠯᠢ ᠶᠢᠨ ᠭᠠᠮᠰᠢᠭ ᠢ ᠠᠷᠭᠠᠴᠠᠭᠠᠵᠤ ᠴᠢᠳᠠᠳᠠᠭ ᠶᠤᠮ᠃ ᠮᠤᠩᠭᠤᠯ ᠭᠡᠷ ᠨᠢ ᠪᠠᠰᠠ ᠦᠵᠦᠮᠦᠴᠢᠨᠴᠦᠳ ᠤᠨ ᠤᠰᠤ ᠪᠡᠯᠴᠢᠭᠡᠷ ᠢᠶᠠᠨ ᠪᠠᠷᠠᠭᠠᠳᠠᠠ ᠲᠦᠷᠪᠡᠨ ᠤᠯᠠᠷᠢᠯ ᠢᠶᠠᠨ ᠳᠠᠭᠠᠵᠤ ᠨᠡᠭᠦᠳᠡᠯᠯᠡᠬᠦ  ᠳᠤ ᠨᠢ ᠶᠠᠭᠠᠬᠢᠬᠤ ᠶᠢᠨ ᠠᠷᠭ᠎ᠠ ᠦᠭᠡᠢ ᠵᠤᠬᠢᠴᠠᠯᠳᠤᠭᠰᠠᠨ ᠪᠠᠶᠢᠳᠠᠭ ᠶᠤᠮ᠃ ᠳᠠᠷᠠ ᠨᠢ ᠬᠠᠪᠤᠷ ᠡᠪᠦᠯ ᠤᠨ ᠴᠠᠭ  ᠲᠤ ᠲᠤᠯᠠᠭᠠᠬᠠᠨ᠂ ᠵᠤᠨ ᠨᠠᠮᠤᠷ ᠤᠨ ᠤᠯᠠᠷᠢᠯ ᠳᠤ ᠰᠡᠷᠢᠭᠦᠬᠡᠨ ᠪᠠᠶᠢᠳᠠᠭ ᠪᠠ ᠬᠠᠮᠢᠭ᠎ᠠ ᠭᠠᠵᠠᠷ ᠨᠡᠭᠦᠵᠦ ᠪᠠᠭᠤᠨ ᠪᠤᠰᠬᠠᠵᠤ ᠪᠠᠭᠤᠯᠭᠠᠬᠤ ᠳᠤ ᠴᠦ ᠴᠠᠭ ᠶᠠᠪᠤᠳᠠᠯ ᠳᠤ ᠠᠷᠪᠢᠲᠠᠢ᠂ ᠬᠦᠳᠡᠯᠮᠦᠷᠢ ᠬᠦᠴᠦᠨ ᠳᠤ ᠭᠠᠮᠲᠠᠢ ᠪᠠᠶᠢᠳᠠᠭ ᠢᠶᠠᠷ  ᠢᠶᠠᠨ ᠨᠡᠭᠦᠳᠡᠯᠴᠢᠨ ᠤᠭᠰᠠᠭᠠᠲᠠᠨ ᠤ ᠤᠯᠠᠮᠵᠢᠯᠠᠯᠲᠤ ᠤᠷᠠᠨ ᠪᠠᠷᠢᠯᠭ᠎ᠠ ᠶᠢᠨ ᠪᠦᠲᠦᠭᠡᠯ ᠪᠤᠯᠤᠨ ᠳᠠᠶᠠᠩ ᠳᠤ ᠭᠠᠶᠢᠬᠠᠭᠳᠠᠠ᠂ ᠵᠠᠭᠤ ᠮᠢᠩᠭᠠᠨ ᠵᠢᠯ ᠤᠨ ᠰᠠᠯᠬᠢᠨ ᠪᠤᠷᠤᠭᠠᠨ ᠢ  ᠲᠤᠭᠤᠯᠵᠦ᠂ ᠮᠤᠩᠭᠤᠯ ᠬᠦᠮᠦᠨ ᠤ ᠤᠷ᠎ᠡ ᠤᠠᠬᠠᠭᠠᠨ ᠤ ᠤᠬᠢ ᠪᠤᠯᠤᠨ ᠰᠦᠨᠳᠡᠷᠯᠡᠭᠰᠡᠭᠡᠷ ᠁
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠵᠠᠰᠠᠭ ᠤᠨ ᠤᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号