ᠬᠦᠳᠡᠯᠮᠦᠷᠢ ᠵᠠᠯᠠᠭᠤ ᠨᠠᠰᠣ ᠶᠢ ᠴᠢᠮᠡᠨ᠎ᠡ
ᠨᠡᠶᠢᠲᠡᠯᠡᠭᠰᠡᠨ ᠴᠠᠭ᠄
2021/9/22
           ᠬᠦᠳᠡᠯᠮᠦᠷᠢ ᠵᠠᠯᠠᠭᠤ ᠨᠠᠰᠣ ᠶᠢ ᠴᠢᠮᠡᠨ᠎ᠡ                                                      ᠲᠠᠯ᠎ᠠ ᠤᠨ ᠡᠩ ᠢᠶᠠᠷ ᠬᠠᠷᠠᠭ᠎ᠠ ᠲᠦᠭᠦᠷᠡᠩ ᠬᠠᠷᠠᠭᠳᠠᠬᠤ ᠬᠠᠳᠣᠯᠠᠩ ᠡᠪᠡᠰᠦᠨ ᠤ ᠪᠡᠷ᠎ᠡ᠂ ᠬᠤᠯᠠ ᠣᠶᠢᠷ᠎ᠠ ᠳᠤ ᠲᠠᠭᠤ ᠠᠨᠢᠷ ᠢᠶᠠᠨ ᠦᠭᠴᠦ ᠰᠣᠨᠣᠰᠳᠠᠬᠤ ᠮᠠᠰᠢᠨ ᠣᠨᠣᠭᠠᠨ ᠤ ᠴᠢᠮᠡᠭᠡ ᠨᠠᠮᠣᠷ ᠴᠠᠭ ᠤᠨ ᠠᠵᠢᠯ ᠬᠦᠳᠡᠯᠮᠦᠷᠢ ᠶᠢᠨ ᠬᠦᠭ ᠠᠶᠠᠰ  ᠢ ᠴᠢᠪᠬᠠᠳᠠᠨ᠎ᠠ᠃
    ᠪᠣᠷᠣᠭᠠᠨ ᠬᠤᠷ᠎ᠠ ᠠᠷᠢᠯᠣᠮᠠᠭᠴᠠ ᠡᠪᠡᠰᠦ ᠬᠠᠳᠣᠯᠠᠩ ᠤᠨ ᠠᠵᠢᠯ ᠢᠶᠠᠨ ᠱᠠᠯᠠᠪᠳᠠᠨ ᠡᠬᠢᠯᠡᠭᠦᠯᠦᠭᠰᠡᠨ ᠮᠠᠯᠴᠢᠨ ᠵᠠᠯᠠᠭᠤ ᠪᠣᠶᠠᠨᠪᠠᠳᠣ᠂ ᠬᠠᠮᠳᠣ ᠣᠯᠠᠨ ᠲᠠᠢ ᠪᠠᠨ ᠡᠳᠦᠷ ᠤᠨ ᠰᠠᠶᠢᠬᠠᠨ ᠳᠤ ᠲᠠᠭᠠᠭᠠᠭᠰᠠᠨ ᠠᠵᠢᠯ ᠢᠶᠠᠨ ᠠᠮᠵᠢᠭᠤᠯᠬᠤ ᠭᠡᠵᠦ᠂ ᠪᠢᠳᠡᠨ ᠢ ᠬᠦᠷᠬᠦ ᠳᠤ ᠡᠪᠡᠰᠦ ᠲᠡᠭᠡᠭᠡᠬᠦ ᠠᠵᠢᠯ ᠢᠶᠠᠨ ᠡᠷᠳᠡ ᠡᠬᠢᠯᠡᠭᠦᠯᠦᠭᠡᠳ ᠪᠠᠶᠢᠯ᠎ᠠ᠃
   ᠪᠣᠰᠣᠳ ᠬᠠᠳᠣᠯᠠᠩᠴᠢᠳ ᠲᠠᠢ ᠬᠠᠷᠢᠴᠠᠭᠤᠯᠪᠠᠯ ᠬᠡᠳᠦᠨ ᠲᠣᠮᠣ ᠮᠠᠰᠢᠨ ᠢᠶᠠᠷ ᠵᠢᠷᠭᠤᠭᠠᠨ ᠵᠠᠭᠤ ᠭᠠᠷᠣᠢ ᠵᠢᠩ ᠤᠨ ᠲᠣᠮᠣ ᠣᠷᠢᠶᠠᠯᠳᠠ ᠲᠠᠢ ᠡᠪᠡᠰᠦ ᠪᠣᠭᠤᠳᠠᠯᠯᠠᠵᠣ᠂ ᠦᠭᠡᠷᠡᠴᠢᠯᠡᠨ ᠰᠢᠨᠡᠴᠢᠯᠡᠭᠰᠡᠨ ᠣᠳᠬᠤᠭᠤᠷ ᠮᠠᠰᠢᠨ ᠢᠶᠠᠷ ᠡᠪᠡᠰᠦ ᠪᠠᠨ ᠬᠤᠷᠳᠣᠴᠠ ᠲᠠᠢ ᠰᠠᠶᠢᠬᠠᠨ  ᠲᠡᠭᠡᠭᠡᠵᠦ ᠪᠠᠶᠢᠭᠰᠠᠨ ᠨᠢ ᠪᠢᠳᠡᠨ ᠤ ᠠᠩᠬᠠᠷᠣᠯ ᠢ ᠳᠠᠳᠠᠯ᠎ᠠ᠃      ᠮᠠᠯᠴᠢᠨ ᠵᠠᠯᠠᠭᠤ ᠪᠣᠶᠠᠨᠪᠠᠳᠣ ᠪᠠᠷᠠᠭᠤᠨ ᠦᠵᠦᠮᠦᠴᠢᠨ ᠬᠤᠰᠢᠭᠤᠨ ᠤ ᠪᠠᠶᠠᠨᠬᠤᠰᠢᠭᠤ ᠰᠣᠮᠣᠨ ᠤ ᠰᠠᠶᠢᠬᠠᠨᠨᠠᠭᠤᠷ ᠭᠠᠴᠠᠭᠠᠨ ᠳᠤ ᠠᠵᠣ ᠠᠮᠢᠳᠣᠷᠠᠯ ᠢᠶᠠᠨ ᠡᠷᠬᠢᠯᠡᠳᠡᠭ᠃ ᠵᠠᠯᠠᠭᠤ ᠬᠦᠮᠦᠨ  ᠪᠣᠯᠣᠭᠰᠠᠨ ᠤ ᠬᠤᠪᠢ ᠳᠤ ᠮᠠᠰᠢᠨ ᠲᠧᠭᠨᠢᠭ ᠢ ᠴᠢᠳᠠᠮᠠᠭᠠᠢ ᠠᠰᠢᠭᠯᠠᠵᠣ  ᠂ ᠰᠢᠨ᠎ᠡ ᠵᠦᠢᠯᠡᠰ ᠢ ᠮᠠᠯᠵᠢᠬᠤ ᠣᠷᠣᠨ ᠳᠤ ᠪᠠᠨ ᠣᠷᠣᠭᠤᠯᠣᠨ ᠦᠨᠳᠦᠷ ᠪᠦᠳᠦᠮᠵᠢ ᠶᠢ ᠡᠭᠦᠳᠦᠨ᠎ᠡ ᠬᠡᠮᠡᠬᠦ ᠬᠦᠰᠡᠯ ᠲᠠᠢ ᠶᠠᠪᠣᠳᠠᠭ ᠲᠡᠷᠡ᠂ 2009 ᠣᠨ ᠳᠤ ᠬᠦᠯᠦᠨ ᠪᠣᠶᠢᠷ ᠢᠶᠠᠷ ᠠᠷᠭ᠎ᠠ  ᠲᠣᠷᠰᠢᠯᠭ᠎ᠠ ᠰᠣᠷᠣᠯᠴᠠᠬᠤ ᠳᠤ ᠪᠠᠨ  ᠪᠦᠭᠡᠷᠡᠩᠬᠡᠢ ᠬᠡᠯᠪᠡᠷᠢ ᠶᠢᠨ ᠡᠪᠡᠰᠦ ᠪᠣᠭᠤᠳᠠᠯᠯᠠᠬᠤ ᠠᠷᠭ᠎ᠠ ᠶᠢ ᠨᠠᠷᠢᠨ ᠠᠰᠠᠭᠤᠨ ᠣᠶᠢᠯᠠᠭᠠᠵᠣ ᠨᠣᠳᠤᠭ ᠣᠷᠣᠨ ᠳᠤ ᠪᠠᠨ ᠠᠪᠴᠢᠷᠠᠵᠣ ᠠᠰᠢᠭᠯᠠᠪᠠᠯ ᠦᠷ᠎ᠡ ᠪᠦᠳᠦᠮᠵᠢᠲᠠᠢ ᠪᠣᠯᠬᠤ ᠶᠢ ᠮᠡᠳᠡᠭᠰᠡᠨ ᠪᠠᠶᠢᠯ᠎ᠠ᠃ ᠲᠡᠶᠢᠨᠬᠦ ᠬᠡᠳᠦᠨ ᠵᠢᠯ ᠤᠨ ᠲᠣᠷᠰᠢ ᠠᠷᠭ᠎ᠠ ᠲᠣᠷᠰᠢᠯᠭ᠎ᠠ᠂ ᠪᠡᠯᠡ ᠮᠥᠩᠭᠦ ᠪᠠᠨ ᠬᠤᠷᠠᠮᠳᠣᠭᠤᠯᠣᠭᠰᠠᠨ ᠪᠣᠶᠠᠨᠪᠠᠳᠣ᠂ 2019 ᠣᠨ  ᠠᠴᠠ ᠨᠠᠶᠢᠵᠠ ᠲᠠᠢ ᠪᠠᠨ ᠪᠡᠯᠡ ᠨᠡᠶᠢᠯᠡᠭᠦᠯᠦᠨ  ᠪᠦᠭᠡᠷᠡᠩᠬᠡᠢ ᠬᠡᠯᠪᠡᠷᠢ ᠶᠢᠨ ᠡᠪᠡᠰᠦ ᠪᠣᠭᠤᠳᠠᠯᠯᠠᠬᠤ ᠮᠠᠰᠢᠨ᠂  ᠲᠡᠭᠡᠭᠡᠪᠦᠷᠢᠯᠡᠬᠦ ᠳᠤ ᠠᠰᠢᠭᠯᠠᠬᠤ ᠣᠳᠬᠤᠭᠤᠷ ᠮᠠᠰᠢᠨ  ᠠᠪᠬᠤ ᠶᠢᠨ ᠲᠠᠭᠠᠣ ᠭᠠᠴᠠᠭᠠᠨ ᠤ ᠪᠠᠨ ᠬᠡᠳᠦᠨ ᠬᠦᠮᠦᠨ ᠲᠠᠢ ᠬᠠᠮᠳᠣᠷᠠᠨ ᠡᠨᠡᠬᠦ ᠲᠣᠮᠣ ᠪᠣᠭᠤᠳᠠᠯ ᠲᠠᠢ ᠡᠪᠡᠰᠦ ᠪᠠᠨ ᠲᠡᠭᠡᠭᠡᠪᠦᠷᠢᠯᠡᠬᠦ  ᠦᠢᠯᠡᠴᠢᠯᠡᠭᠡ ᠶᠢ ᠭᠠᠷᠭᠠᠵᠣ᠂ ᠬᠠᠮᠳᠣᠷᠠᠨ ᠠᠵᠢᠯᠯᠠᠵᠣ ᠡᠬᠢᠯᠡᠭᠰᠡᠨ ᠪᠠᠶᠢᠨ᠎ᠠ᠃        
         
    ᠠᠮᠢᠳᠣᠷᠠᠯ ᠠᠬᠤᠢ ᠶᠢᠨ ᠲᠣᠮᠳᠠ ᠰᠢᠨ᠎ᠡ ᠵᠦᠢᠯ ᠢ ᠰᠡᠳᠬᠢᠵᠦ  ᠵᠣᠷᠢᠭᠳᠠᠢ ᠲᠣᠷᠰᠢᠵᠣ  ᠦᠵᠡᠳᠡᠭ ᠪᠣᠶᠠᠨᠪᠠᠳᠣ ᠡᠨᠡᠬᠦ ᠰᠢᠨ᠎ᠡ ᠬᠡᠯᠪᠡᠷᠢ ᠶᠢᠨ ᠡᠪᠡᠰᠦ ᠪᠣᠭᠤᠳᠠᠯᠯᠠᠬᠤ ᠠᠷᠭ᠎ᠠ ᠶᠢ ᠡᠷᠳᠡ ᠦᠵᠡᠵᠦ ᠰᠣᠳᠣᠯᠣᠭᠰᠠᠨ ᠪᠦᠭᠡᠳ ᠥᠪᠡᠷ ᠢᠶᠠᠨ ᠬᠠᠮᠤᠭ ᠲᠦᠷᠦᠭᠦᠦ ᠲᠣᠷᠰᠢᠵᠣ᠂ ᠴᠠᠭ᠂ ᠬᠦᠳᠡᠯᠮᠦᠷᠢ ᠬᠦᠴᠦᠨ ᠳᠤ ᠠᠷᠪᠢᠳᠠᠢ  ᠪᠦᠭᠡᠳ ᠡᠪᠡᠰᠦ ᠭᠡᠭᠡᠭᠳᠡᠵᠦ ᠬᠠᠶᠠᠭᠳᠠᠬᠤ ᠨᠢ ᠪᠠᠭ᠎ᠠ ᠪᠠᠶᠢᠭ᠎ᠠ ᠶᠢ ᠠᠵᠢᠭᠯᠠᠵᠣ ᠮᠡᠳᠡᠭᠰᠡᠨ ᠪᠦᠭᠡᠳ ᠲᠦᠷᠦᠭᠦᠦ ᠬᠤᠶᠠᠷ  ᠵᠢᠯ ᠣᠶᠢᠷ᠎ᠠ ᠲᠦᠰᠦᠷ ᠤᠨ ᠠᠶᠢᠯ ᠳᠤ ᠪᠠᠨ ᠪᠣᠭᠤᠳᠠᠯᠯᠠᠵᠣ ᠲᠡᠭᠡᠭᠡᠵᠦ ᠦᠭᠭᠦᠭᠰᠡᠨ ᠨᠢ ᠣᠣᠯ ᠤᠨ ᠬᠡᠳᠦᠨ ᠠᠷᠪᠠᠨ ᠬᠤᠨᠤᠭ ᠢᠶᠠᠷ ᠦᠷᠭᠦᠯᠵᠢᠯᠡᠳᠡᠭ ᠪᠠᠶᠢᠭᠰᠠᠨ ᠡᠪᠡᠰᠦ ᠣᠷᠣᠭᠤᠯᠬᠤ ᠠᠵᠢᠯ ᠢ ᠰᠠᠭᠠᠳᠠᠯ ᠦᠭᠡᠢ ᠪᠠᠶᠢᠳᠠᠯ ᠳᠤ᠂  ᠭᠡᠷᠡᠭᠰᠡᠬᠦ ᠴᠠᠭ ᠢ ᠭᠤᠷᠪᠠᠨ ᠲᠠᠬᠢᠨ ᠪᠠᠭᠠᠰᠬᠠᠭᠰᠠᠨ ᠨᠢ ᠣᠯᠠᠨ ᠬᠦᠮᠦᠨ ᠤ ᠲᠠᠭᠠᠰᠢᠶᠠᠯ ᠢ ᠣᠯᠵᠣ᠂ ᠥᠩᠭᠡᠷᠡᠭᠰᠡᠨ ᠵᠢᠯ ᠳᠤ ᠬᠤᠷᠢᠨ ᠲᠦᠮᠡᠨ ᠲᠦᠭᠦᠷᠢᠭ ᠤᠨ ᠠᠵᠢᠯ ᠢ ᠬᠦᠯᠢᠶᠡᠨ ᠠᠪᠴᠣ ᠠᠮᠵᠢᠯᠲᠠ ᠲᠠᠢ ᠬᠢᠵᠡᠢ᠃
   ᠡᠨᠡ ᠵᠢᠯ ᠪᠣᠭᠤᠳᠠᠯᠯᠠᠬᠤ ᠮᠠᠰᠢᠨ᠂ ᠲᠡᠭᠡᠭᠡᠬᠦ ᠮᠠᠰᠢᠨ ᠢᠶᠠᠨ ᠨᠡᠮᠡᠭᠳᠡᠭᠦᠯᠦᠨ᠂ ᠲᠡᠭᠡᠭᠡᠪᠦᠷᠢ ᠶᠢᠨ ᠡᠩᠨᠡᠭᠡ ᠪᠠᠨ ᠥᠷᠭᠡᠳᠬᠡᠭᠰᠡᠨ ᠪᠣᠶᠠᠨᠪᠠᠳᠣ ᠨᠠᠶᠢᠵᠠ ᠲᠠᠢ ᠪᠠᠨ ᠬᠤᠶᠠᠭᠤᠯᠠ᠂ ᠣᠳᠣᠬᠠᠨ ᠪᠣᠯᠬᠤ ᠳᠤ 600 ᠵᠢᠩ ᠤᠨ ᠲᠣᠮᠣ ᠪᠣᠭᠤᠳᠠᠯ  ᠲᠠᠢ ᠡᠪᠡᠰᠦ ᠶᠢ 5000 ᠭᠠᠷᠣᠢ ᠪᠣᠭᠤᠳᠠᠯ ᠪᠣᠭᠤᠳᠠᠯᠯᠠᠵᠣ᠂  ᠲᠡᠭᠡᠭᠡᠪᠦᠷᠢᠯᠡᠬᠦ ᠠᠵᠢᠯ ᠢᠶᠠᠨ ᠬᠢᠵᠦ ᠲᠠᠭᠤᠰᠬᠠᠭᠠᠳ᠂ ᠰᠢᠨ᠎ᠡ ᠵᠠᠬᠢᠶᠠᠯᠠᠭ᠎ᠠ ᠶᠢᠨ ᠠᠵᠢᠯ ᠢᠶᠠᠨ ᠴᠠᠭ ᠲᠠᠢ ᠣᠷᠣᠯᠳᠣᠨ ᠠᠮᠵᠢᠭᠤᠯᠵᠣ᠂  ᠢᠳᠡᠭᠡᠵᠦ ᠨᠠᠶᠢᠳᠠᠭᠰᠠᠨ ᠠᠶᠢᠯ ᠣᠰᠣᠨ ᠤ  ᠪᠠᠨ ᠬᠦᠮᠦᠰ ᠲᠤ ᠡᠨᠡᠬᠦ ᠠᠵᠢᠯ ᠤᠨ ᠢᠶᠠᠨ ᠦᠷ᠎ᠠ ᠪᠦᠳᠦᠮᠵᠢ ᠪᠠᠷ ᠲᠣᠰᠠ ᠲᠡᠮ᠂ ᠠᠰᠢᠭ  ᠬᠦᠷᠳᠡᠮᠵᠢ ᠣᠯᠭᠤᠬᠤ ᠭᠡᠵᠦ ᠴᠢᠷᠮᠠᠶᠢᠵᠣ ᠶᠠᠪᠣᠨ᠎ᠠ᠃    
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号