︿ᠠᠯᠳᠠᠨ ᠬᠠᠶᠢᠴᠢ﹀ ᠪᠠᠷ ᠠᠮᠢᠳᠣᠷᠠᠯ ᠢᠶᠠᠨ ᠡᠰᠬᠡᠵᠦ ᠵᠦᠢᠵᠣ ᠶᠠᠪᠣᠨ᠎ᠠ | | ᠠᠮᠢᠳᠣᠷᠠᠯ ᠤᠨ ᠵᠠᠮ ᠳᠤ ᠢᠵᠢᠯᠭᠡᠨ ᠮᠡᠷᠭᠡᠵᠢᠯ ᠤᠨ ᠵᠠᠮ ᠳᠤ ᠲᠠᠨᠢᠯᠴᠠᠵᠣ᠂ ᠠᠮᠢ ᠠᠮᠢᠳᠣᠷᠠᠯᠭᠠ᠂ ᠠᠵᠠ ᠵᠢᠷᠭᠠᠯ ᠳᠤ | ᠬᠠᠮᠳᠣ ᠲᠡᠮᠡᠦᠯᠡᠵᠦ ᠶᠠᠪᠣᠭ᠎ᠠ ᠵᠠᠯᠠᠭᠤ ᠬᠤᠣᠰ ᠤᠳ ᠤᠨ ᠨᠢᠭᠡ ᠪᠣᠯ ᠨᠡᠶᠢᠭᠡᠮᠪᠡᠶᠡᠷ᠂ ᠣᠨᠳᠣᠷᠣᠨ᠎ᠠ ᠬᠤᠶᠠᠷ ᠶᠣᠮ᠃ | ᠺᠣᠮᠫᠢᠣᠲ᠋ᠧᠷ᠂ ᠵᠠᠰᠠᠪᠣᠷᠢ ᠶᠢᠨ ᠬᠤᠶᠠᠷ ᠣᠨᠳᠣᠣ ᠰᠠᠯᠪᠣᠷᠢ ᠪᠠᠷ ᠮᠡᠷᠭᠡᠵᠢᠯ ᠤᠨ ᠰᠣᠷᠭᠠᠭᠤᠯᠢ ᠶᠢᠨ ᠪᠣᠱᠤᠭ᠎ᠠ ᠶᠢ | ᠠᠯᠬᠤᠭᠰᠠᠨ ᠡᠳᠡ ᠬᠤᠶᠠᠷ᠂ ᠰᠣᠷᠭᠠᠭᠤᠯᠢ ᠪᠠᠨ ᠲᠡᠭᠦᠰᠭᠡᠭᠡᠳ ᠠᠳᠠᠯᠢᠬᠠᠨ ᠨᠢᠭᠡᠨ ᠮᠡᠷᠭᠡᠵᠢᠯ ᠤᠨ ᠵᠠᠮ ᠢ ᠪᠣᠯᠵᠤᠭ᠎ᠠ ᠲᠠᠢ | ᠶᠣᠮ ᠰᠢᠭ᠋ ᠰᠣᠩᠭᠤᠭᠰᠠᠨ ᠢᠶᠠᠷ ᠠᠷᠪᠠᠨ ᠵᠢᠯ ᠤᠨ ᠡᠮᠦᠨ᠎ᠡ ᠠᠵᠠ ᠲᠠᠢ ᠣᠴᠠᠷᠠᠵᠣ ᠂ ᠲᠠᠷᠠᠭ᠎ᠠ ᠳᠤ ᠨᠢ ᠠᠮᠢᠳᠣᠷᠠᠯ ᠢᠶᠠᠨ | ᠬᠤᠯᠪᠣᠵᠠᠢ᠃ | | | | | ︿ᠠᠯᠳᠠᠨ ᠬᠠᠶᠢᠴᠢ﹀ ᠭᠤᠸ᠎ᠠ ᠰᠠᠶᠢᠬᠠᠨ ᠤ ᠭᠠᠵᠠᠷ ᠥᠷᠯᠦᠬᠡ ᠪᠦᠷᠢ ᠣᠷᠭᠤᠬᠤ ᠨᠠᠷᠠ ᠲᠠᠢ ᠵᠡᠷᠭᠡᠴᠡᠨ ᠡᠭᠦᠳᠡ ᠪᠠᠨ | ᠰᠡᠭᠦᠭᠦ ᠳᠤ ᠨᠡᠶᠢᠭᠡᠮᠪᠡᠶᠡᠷ ᠣᠨᠳᠣᠷᠣᠨ᠎ᠠ ᠬᠤᠶᠠᠷ ᠤᠨ ᠨᠢᠭᠡ ᠡᠳᠦᠷ ᠤᠨ ᠠᠵᠢᠯ ᠥᠪᠡᠷ ᠥᠪᠡᠷ ᠤᠨ ᠬᠢᠨᠢ ᠬᠤᠪᠢᠳᠠᠭᠰᠠᠨ | ᠵᠦᠢᠯ ᠢᠶᠠᠷ ᠶᠠᠭᠠᠷᠠᠣᠬᠠᠨ ᠡᠬᠢᠯᠡᠵᠦ᠂ ᠡᠳᠦᠷ ᠪᠦᠷᠢ ᠲᠡᠭᠰᠢᠳᠬᠡᠬᠡᠳ ᠭᠤᠴᠢᠨ ᠦᠢᠯᠡᠴᠢᠯᠡᠭᠦᠯᠦᠭᠴᠢ ᠶᠢ ᠬᠦᠯᠢᠶᠡᠨ ᠠᠪᠴᠦ | ᠦᠢᠯᠡᠴᠢᠯᠡᠳᠡᠭ ᠪᠠᠶᠢᠯ᠎ᠠ᠃ ᠬᠤᠶᠠᠷ ᠵᠠᠯᠠᠭᠤ ᠥᠪᠡᠷ ᠥᠪᠡᠷ ᠤᠨ ᠰᠣᠷᠣᠭᠰᠠᠨ ᠮᠡᠷᠭᠡᠵᠢᠯ ᠢᠶᠠᠷ ᠢᠶᠠᠨ ᠦᠰᠦ ᠵᠠᠰᠠᠵᠣ ᠵᠢᠰᠣ | ᠭᠤᠶᠣᠯᠠᠬᠤ ᠠᠵᠢᠯ ᠢᠶᠠᠨ ᠨᠢᠭᠡ ᠬᠤᠶᠠᠳᠣᠭᠠᠷ ᠲᠠᠪᠬᠤᠷᠭ᠎ᠠ ᠳᠤ ᠪᠠᠨ ᠲᠣᠰ ᠲᠣᠰ ᠲᠠᠭᠠᠨ ᠠᠮᠵᠢᠭᠤᠯᠣᠨ᠂ ᠡᠳᠦᠷ ᠪᠦᠷᠢ ᠶᠢ | ᠡᠶᠢᠨᠬᠦ ᠶᠠᠭᠠᠷᠠᠯᠳᠠᠢ ᠥᠩᠭᠡᠷᠡᠭᠡᠳᠡᠭ ᠪᠠᠶᠢᠯ᠎ᠠ᠃ | | | | | | ︿ᠠᠯᠳᠠᠨ ᠬᠠᠶᠢᠴᠢ﹀ ᠭᠤᠸ᠎ᠠ ᠰᠠᠶᠢᠬᠠᠨ ᠤ ᠭᠠᠵᠠᠷ ᠤᠨ ᠡᠵᠡᠩᠨᠡᠭᠴᠢ ᠣᠨᠳᠣᠷᠣᠨ᠎ᠠ᠄ ︽ᠵᠠᠯᠠᠭᠤ ᠬᠦᠮᠦᠨ ᠥᠪᠡᠷ | ᠤᠨ ᠬᠡᠰᠡᠨ ᠰᠣᠷᠣᠭᠰᠠᠨ ᠮᠡᠷᠭᠡᠵᠢᠯ ᠲᠠᠢ ᠪᠠᠶᠢᠬᠤ ᠨᠢ ᠬᠠᠮᠤᠭ ᠴᠢᠬᠤᠯᠠ ᠬᠡᠵᠦ ᠦᠵᠡᠳᠡᠭ ᠨᠡᠶᠢᠭᠡᠮᠪᠡᠶᠡᠷ ᠣᠨᠳᠣᠷᠣᠨ᠎ᠠ | ᠬᠤᠶᠠᠷ᠂ ᠬᠠᠮᠤᠭ ᠠᠩᠬ᠎ᠠ ᠦᠰᠦ ᠵᠠᠰᠠᠵᠣ ᠵᠢᠰᠣ ᠭᠤᠶᠣᠯᠠᠬᠤ ᠦᠨᠳᠦᠰᠦᠨ ᠮᠡᠷᠭᠡᠵᠢᠯ ᠢ ᠬᠦᠬᠡᠬᠤᠳᠠᠨ᠎ᠠ ᠰᠣᠷᠴᠦ᠂ | ᠨᠣᠳᠤᠭ ᠲᠠᠭᠠᠨ ᠢᠷᠡᠭᠰᠡᠨ ᠤ ᠲᠠᠷᠠᠭ᠎ᠠ ᠮᠡᠷᠭᠡᠵᠢᠯ ᠲᠡᠭᠡᠭᠰᠢᠯᠡᠭᠦᠯᠵᠦ ᠲᠠᠳᠣᠯᠭ᠎ᠠ ᠪᠠᠷ ᠠᠵᠢᠯᠯᠠᠵᠣ ᠪᠠᠶᠢᠭᠰᠠᠨ ᠢᠶᠠᠨ ᠥᠪᠡᠷ | ᠤᠨ ᠬᠡᠰᠡᠨ ᠪᠡᠶ᠎ᠡ ᠲᠠᠭᠠᠭᠠᠭᠰᠠᠨ ᠲᠡᠯᠭᠡᠭᠦᠷ ᠲᠠᠢ ᠪᠣᠯᠵᠣ ᠣᠳᠣ ᠪᠣᠯᠬᠤ ᠳᠤ ᠲᠣᠯᠣᠭᠠᠨ ᠵᠢᠯ ᠤᠨ ᠨᠢᠭᠤᠷ ᠢ ᠦᠵᠡᠵᠡᠢ᠃ | ᠶᠡᠭᠡ ᠵᠦᠢᠯ ᠢ ᠪᠦᠳᠦᠭᠡᠬᠦ ᠳᠤ ᠪᠠᠭ᠎ᠠ ᠠᠴᠠ ᠡᠬᠢᠯᠡᠬᠦ ᠬᠡᠷᠡᠭᠳᠡᠢ ᠭᠡᠵᠦ ᠪᠣᠳᠣᠯ ᠨᠢᠭᠡᠳᠡᠢ ᠴᠢᠷᠮᠠᠶᠢᠭᠰᠠᠨ ᠬᠤᠶᠠᠷ ᠵᠠᠯᠠᠭᠤ | ᠮᠠᠨᠢ ᠵᠢᠯ ᠠᠴᠠ ᠵᠢᠯ ᠴᠢᠷᠮᠠᠶᠢᠭᠰᠠᠭᠠᠷ ᠡᠳᠦᠭᠡ ᠪᠣᠯᠬᠤ ᠳᠤ ᠵᠢᠯ ᠤᠨ ᠶᠠᠷᠦᠩᠬᠡᠢ ᠣᠷᠣᠯᠭ᠎ᠠ ᠨᠢ ᠲᠠᠪᠢᠭᠠᠳ ᠲᠦᠮᠡ ᠶᠢ | ᠲᠠᠪᠠᠭ᠋ᠣ ᠪᠣᠯᠵᠣ᠂ ᠬᠦᠳᠡᠯᠮᠦᠷᠢ ᠴᠢᠷᠮᠠᠶᠢᠯᠭ᠎ᠠ ᠶᠢᠨ ᠬᠢᠨᠢ ᠦᠷ᠎ᠠ ᠪᠦᠳᠦᠭᠡᠯ᠂ ᠵᠠᠯᠠᠭᠤᠬᠠᠨ ᠬᠤᠣᠰ ᠢ ᠠᠮᠢᠳᠣᠷᠠᠯ ᠤᠨ | ᠬᠠᠷᠭᠤᠢ ᠳᠤ ᠣᠷᠮ᠎ᠠ ᠵᠣᠷᠢᠭ ᠢᠶᠠᠷ ᠱᠠᠩᠨᠠᠵᠣ ᠶᠠᠪᠣᠨ᠎ᠠ᠃ |