ᠬᠦᠳᠡᠯᠮᠦᠷᠢ ᠪᠠᠷ ᠵᠢᠬᠦᠷᠯᠡᠬᠦ ᠵᠠᠯᠠᠭᠤ ᠨᠠᠰᠣ
ᠨᠡᠶᠢᠲᠡᠯᠡᠭᠰᠡᠨ ᠴᠠᠭ᠄
2021/9/7
             ᠬᠦᠳᠡᠯᠮᠦᠷᠢ ᠪᠠᠷ ᠵᠢᠬᠦᠷᠯᠡᠬᠦ ᠵᠠᠯᠠᠭᠤ ᠨᠠᠰᠣ                        ᠨᠠᠮᠣᠷ ᠤᠨ ᠦᠷᠯᠦᠭᠡᠨ ᠤ ᠰᠡᠷᠢᠬᠦᠨ ᠠᠭᠠᠷ   ᠢᠶᠠᠷ ᠣᠭᠳᠣᠭᠤᠯᠵᠣ ᠲᠡᠭᠡᠭᠡᠪᠦᠷᠢᠴᠢᠨ ᠵᠠᠯᠠᠭᠤ ᠦᠯᠵᠡᠶᠢᠪᠦ᠋ᠬᠡ ᠡᠨᠡ ᠥᠷᠯᠦᠭᠡ ᠮᠥᠨ ᠡᠷᠳᠡᠯᠡᠨ ᠪᠣᠰᠴᠣ᠂ ᠲᠣᠰᠴᠣ ᠠᠪᠣᠭᠰᠠᠨ ᠠᠵᠢᠯ ᠳᠤ ᠪᠠᠨ ᠭᠠᠷᠣᠯ᠎ᠠ᠃  ᠦᠨᠦᠳᠦᠷ ᠬᠦᠳᠡᠭᠡ ᠮᠠᠯ ᠣᠨᠤᠭ᠎ᠠ  ᠲᠡᠭᠡᠭᠡᠬᠦ ᠠᠵᠢᠯ ᠤᠨ  ᠵᠠᠬᠢᠶᠠᠯᠠᠭ᠎ᠠ ᠲᠣᠰᠣᠭᠰᠠᠨ ᠪᠣᠯᠬᠤᠷ ᠡᠶᠢᠨᠬᠦ ᠡᠳᠦᠷ ᠡᠳᠦᠷ ᠠᠴᠠ ᠡᠷᠳᠡᠯᠡᠨ  ᠮᠠᠰᠢᠨ ᠤ ᠵᠢᠯᠣᠭᠤ ᠵᠠᠯᠠᠭᠰᠠᠨ ᠨᠢ ᠡᠨᠡ ᠪᠠᠶᠢᠵᠠᠢ᠃   ᠬᠤᠳᠠ ᠳᠤ ᠠᠶᠢᠯ ᠬᠡᠷ ᠪᠣᠯᠣᠭᠰᠠᠨ ᠴᠠᠭ ᠠᠴᠠ ᠶᠠᠩᠵᠣ ᠪᠦᠷᠢ ᠶᠢᠨ ᠣᠨᠤᠭ᠎ᠠ ᠪᠠᠷ ᠲᠦᠷᠭᠡᠨ ᠬᠦᠷᠭᠡᠯᠳᠡ᠂ ᠬᠤᠯᠠ ᠣᠶᠢᠷ᠎ᠠ ᠶᠢᠨ ᠲᠡᠭᠡᠭᠡᠪᠦᠷᠢ ᠳᠤ ᠶᠠᠪᠣᠬᠤ ᠠᠵᠢᠯ ᠤᠨ ᠵᠠᠮ ᠢ ᠰᠣᠩᠭᠤᠭᠰᠠᠨ ᠲᠡᠷᠡ᠂ ᠵᠢᠯ ᠭᠠᠷᠣᠢ ᠬᠤᠳᠠ ᠲᠣᠳᠣᠷ᠎ᠠ  ᠲᠦᠷᠭᠡᠨ ᠬᠦᠷᠭᠡᠯᠳᠡ ᠶᠢᠨ ᠠᠵᠢᠯ ᠬᠢᠵᠦ  ᠪᠠᠶᠢᠭᠰᠠᠨ ᠢᠶᠠᠨ  ᠬᠠᠭᠤᠴᠢᠨ ᠲᠡᠭᠡᠭᠡᠪᠦᠷᠢ ᠶᠢᠨ ᠮᠠᠰᠢᠨ ᠠᠪᠴᠦ ᠬᠦᠳᠡᠭᠡ  ᠂ ᠬᠤᠯᠠ ᠵᠠᠮ ᠤᠨ ᠲᠡᠭᠡᠭᠡᠪᠦᠷᠢ ᠶᠢᠨ ᠦᠢᠯᠡᠴᠢᠯᠡᠭᠡ ᠶᠢ ᠬᠢᠵᠦ ᠦᠵᠡᠬᠦ ᠪᠠᠷ ᠵᠣᠷᠢᠭ ᠰᠢᠢᠳᠴᠦ᠂ ᠲᠦᠷᠪᠡᠨ ᠴᠠᠭ ᠤᠨ ᠡᠭᠡᠯᠵᠢᠨ ᠳᠤ ᠬᠠᠮᠢᠭ᠎ᠠ ᠵᠠᠬᠢᠶᠠᠯᠠᠭ᠎ᠠ ᠲᠠᠢ ᠪᠣᠯ ᠲᠡᠨᠳᠡ ᠶᠠᠪᠣᠳᠠᠭ ᠪᠣᠯᠣᠭᠰᠠᠨ ᠪᠠᠶᠢᠯ᠎ᠠ᠃       ᠶᠠᠮᠠᠷ ᠠᠵᠢᠯ ᠢ ᠬᠢᠭᠰᠡᠨ ᠴᠦ ᠬᠠᠷᠢᠭᠤᠴᠠᠯᠭ᠎ᠠ ᠲᠠᠢ ᠰᠠᠶᠢᠨ ᠬᠢᠨ᠎ᠡ ᠭᠡᠵᠦ ᠴᠢᠷᠮᠠᠶᠢᠳᠠᠭ ᠨᠢ ᠦᠯᠵᠡᠶᠢᠪᠦ᠋ᠬᠡ ᠶᠢᠨ ᠪᠠᠶᠢᠩᠭᠤ ᠶᠢᠨ ᠨᠢᠭᠡᠨ ᠪᠠᠷᠢᠮᠳᠠᠯᠠᠯ ᠪᠠᠶᠢᠯ᠎ᠠ᠃ ᠬᠦᠮᠦᠰ ᠤᠨ ᠨᠢᠳᠦᠨ ᠳᠤ ᠡᠩ ᠤᠨ ᠨᠢᠭᠡᠨ  ᠮᠠᠰᠢᠨ ᠪᠠᠷᠢᠳᠠᠭ ᠲᠡᠭᠡᠭᠡᠪᠦᠷᠢ  ᠶᠢᠨ ᠠᠵᠢᠯ ᠴᠦ ᠬᠡᠯ᠎ᠡ ᠠᠮᠢᠳᠣᠷᠠᠯ ᠦᠢᠯᠡᠰ ᠢᠶᠠᠨ  ᠪᠣᠯᠭᠠᠵᠣ ᠶᠠᠪᠣᠭ᠎ᠠ ᠲᠡᠷᠡ᠂ ᠡᠨᠡᠬᠦ ᠠᠵᠢᠯ ᠳᠤ ᠪᠠᠨ ᠡᠷᠳᠡᠯᠡᠵᠦ ᠣᠷᠣᠶᠢᠯᠠᠨ ᠵᠢᠳᠬᠦᠵᠦ ᠶᠠᠪᠣᠬᠤ ᠳᠠᠭᠠᠨ ᠬᠠᠶᠢᠷ᠎ᠠ ᠬᠠᠷᠢᠭᠤᠴᠠᠯᠭ᠎ᠠ ᠲᠠᠢ ᠬᠠᠨᠳᠣᠵᠣ ᠶᠠᠪᠣᠳᠠᠭ᠃ ᠬᠦᠳᠡᠯᠮᠦᠷᠢᠯᠡᠵᠦ ᠯᠡ ᠪᠠᠶᠢᠪᠠᠯ ᠠᠴᠢ ᠬᠠᠷᠢᠭᠤᠯᠳᠠ ᠶᠢ ᠨᠢ ᠬᠦᠷᠳᠡᠵᠦ ᠶᠠᠪᠣᠳᠠᠭ ᠤᠨ ᠵᠢᠮ᠎ᠡ ᠪᠠᠷ ᠦᠯᠵᠡᠶᠢᠪᠦ᠋ᠬᠡ ᠵᠢᠯ ᠳᠡᠭᠡᠨ ᠲᠡᠭᠡᠭᠡᠪᠦᠷᠢ ᠶᠢᠨ ᠠᠵᠢᠯ ᠳᠤ ᠲᠦᠷᠪᠡ ᠠᠴᠠ ᠵᠢᠷᠭᠤᠭᠠᠨ ᠲᠦᠮᠡ ᠭᠠᠷᠣᠢ ᠲᠦᠭᠦᠷᠢᠭ ᠤᠨ ᠴᠡᠪᠡᠷ ᠣᠷᠣᠯᠭ᠎ᠠ ᠣᠯᠳᠠᠭ ᠪᠠᠶᠢᠵᠣ᠂ ᠡᠨᠡ ᠵᠢᠯ ᠰᠢᠨ᠎ᠡ ᠲᠡᠭᠡᠭᠡᠪᠦᠷᠢ ᠶᠢᠨ ᠮᠠᠰᠢᠨ ᠲᠠᠢ ᠪᠣᠯᠵᠣ ᠠᠵᠢᠯ ᠦᠢᠯᠡᠰ ᠤᠨ ᠭᠠᠷᠣᠭᠠᠨ ᠳᠤ ᠵᠠᠯᠠᠭᠤ ᠬᠦᠮᠦᠨ ᠤ ᠣᠬᠠᠭᠠᠨ ᠲᠠᠮᠢᠷ ᠢ ᠬᠠᠷᠠᠭᠤᠯᠵᠣ ᠶᠠᠪᠣᠭ᠎ᠠ ᠪᠦᠭᠡᠳ ᠭᠡᠷ ᠣᠷᠣᠨ ᠳᠤ ᠪᠠᠨ ᠴᠢᠯᠦᠭᠡ ᠴᠠᠭ ᠭᠠᠷᠪᠠᠯ ᠮᠣᠳᠣ᠂ ᠰᠣᠷ ᠣᠷᠣᠯᠳᠣᠵᠣ᠂ ᠮᠣᠳᠣᠨ ᠰᠡᠶᠢᠯᠦᠮᠡᠯ᠂ ᠬᠠᠵᠠᠭᠠᠷ ᠨᠣᠭᠳᠣ ᠭᠡᠳ ᠴᠢᠳᠠᠳᠠᠭ ᠵᠦᠢᠯ ᠢᠶᠠᠨ ᠣᠷᠣᠯᠳᠣᠵᠣ᠂ ᠬᠢᠵᠦ ᠪᠦᠳᠦᠭᠡᠬᠦ ᠶᠢᠨ ᠣᠷᠮ᠎ᠠ ᠲᠦᠭᠦᠷᠡᠩ ᠰᠠᠭᠤᠨ᠎ᠠ᠃    
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠭᠠᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号