ᠮᠠᠯᠴᠢᠨ ᠵᠠᠯᠠᠭᠤ ᠶᠢᠨ ᠮᠤᠩᠭᠤᠯ ᠭᠡᠷ ᠲᠠᠢ ᠨᠤᠮ ᠤᠨ ᠰᠠᠩ | | | ᠪᠠᠷᠠᠭᠤᠨ ᠦᠵᠦᠮᠦᠴᠢᠨ ᠬᠤᠰᠢᠭᠤᠨ ᠤ ᠤᠯᠠᠭᠠᠠᠬᠠᠭᠠᠯᠭ᠎ᠠ ᠰᠤᠮᠤᠨ ᠤ ᠳᠠᠪᠰᠢᠯᠳᠤ ᠭᠠᠴᠠᠭᠠᠨ ᠤ ᠮᠠᠯᠴᠢᠨ | ᠨᠤᠷᠪᠤᠰᠠᠩ ᠬᠡᠵᠤ ᠨᠤᠮ ᠳᠤ ᠲᠤᠷᠠᠳᠠᠢ᠂ ᠨᠤᠮ ᠬᠠᠳᠠᠭᠠᠯᠠᠵᠤ ᠴᠤᠭᠯᠠᠭᠤᠯᠬᠤ ᠲᠤᠷᠠᠳᠠᠢ᠂ ᠨᠤᠮ ᠢᠶᠠᠷ ᠪᠠᠭ᠋ᠠᠷᠬᠠᠳᠠᠭ ᠨᠢᠭᠡᠨ | ᠂ ᠨᠤᠮ ᠤᠨ ᠳᠡᠯᠭᠡᠭᠦᠷ᠂ ᠨᠤᠮ ᠤᠨ ᠬᠤᠳᠠᠯᠳᠤᠭ᠎ᠠ ᠶᠢᠨ ᠬᠠᠵᠠᠭᠤ ᠪᠠᠷ ᠦᠩᠭᠡᠷᠡᠬᠦ ᠪᠤᠯᠭᠠᠨ ᠲᠡᠰᠭᠡᠯ ᠦᠭᠡᠢ ᠤᠷᠤᠳᠠᠭ | ᠪᠦᠭᠡᠳ ᠦᠪᠡᠷ ᠤᠨ ᠳᠤᠷᠠᠲᠠᠢ ᠨᠤᠮ ᠨᠢ ᠲᠠᠭᠠᠷᠠᠭᠰᠠᠭᠠᠷ ᠦᠨ᠎ᠡ ᠬᠠᠩᠰᠢ ᠶᠢ ᠨᠢ ᠬᠠᠶᠢᠬᠤᠷᠤᠯ ᠦᠭᠡᠢ ᠪᠠᠷ ᠬᠤᠳᠠᠯᠳᠤᠨ | ᠠᠪᠳᠠᠭ ᠪᠢᠯᠡ᠃ ᠤᠳᠤ ᠪᠤᠯᠬᠤ ᠳᠤ ᠲᠡᠷᠡ ᠪᠠᠷ ᠮᠤᠩᠭᠤᠯ ᠭᠡᠷ ᠲᠡᠭᠡᠨ 1000 ᠭᠠᠷᠤᠢ ᠳᠡᠪᠲᠡᠷ ᠰᠠᠶᠢᠬᠠᠨ ᠨᠤᠮ | ᠴᠤᠭᠯᠠᠭᠤᠯᠤᠨ ᠬᠠᠳᠠᠭᠠᠯᠠᠵᠤ᠂ ᠦᠷᠦᠭᠡ ᠭᠡᠷ ᠨᠢ ᠨᠤᠮ ᠤᠨ ᠭᠡᠷᠡᠯ ᠢᠶᠠᠷ ᠲᠤᠶᠠᠭᠠᠷᠠᠨ᠎ᠠ᠃ | ᠨᠤᠷᠪᠤᠰᠠᠩ ᠦᠨᠳᠦᠷ ᠳᠤᠮᠳᠠᠳᠤ ᠶᠢᠨ ᠰᠤᠷᠭᠠᠭᠤᠯᠢ ᠪᠠᠨ ᠳᠡᠭᠦᠰᠦᠭᠡᠳ ᠬᠤᠶᠠᠷ ᠵᠢᠯ ᠴᠡᠷᠢᠭ ᠤᠨ ᠠᠯᠪᠠᠨ ᠳᠤ | ᠶᠠᠪᠤᠵᠤ᠂ ᠤᠳᠤ ᠬᠦᠳᠡᠭᠡ ᠨᠤᠳᠤᠭ ᠲᠠᠭᠠᠨ ᠮᠠᠯ ᠠᠬᠤᠢ ᠪᠠᠨ ᠳᠤᠳᠤᠮᠳᠠᠨ᠂ ᠠᠵᠤ ᠠᠮᠢᠳᠤᠷᠠᠯ ᠢᠶᠠᠨ ᠦᠭᠡᠳᠡᠯᠡᠬᠦᠯᠵᠤ | ᠶᠠᠪᠤᠨ᠎ᠠ᠃ ᠨᠤᠷᠪᠤᠰᠠᠩ ᠤᠨ ᠨᠤᠮ ᠴᠤᠭᠯᠠᠭᠤᠯᠵᠤ ᠶᠠᠪᠤᠭᠰᠠᠨ ︽ᠭᠠᠯ ᠠᠶᠠᠨ︾ ᠤ ᠡᠬᠢᠯᠡᠯᠳᠡ ᠨᠢ ᠲᠤᠷ᠎ᠠ ᠪᠠᠬ᠎ᠠ ᠳᠠᠭᠠᠨ | ᠬᠦᠳᠦᠯᠦᠭᠳᠡᠨ ᠦᠪᠡᠷ ᠤᠨ ᠪᠠᠭ᠋ᠠᠳᠠᠢ ᠨᠤᠮ ᠢᠶᠠᠨ ᠤᠩᠰᠢᠵᠤ ᠶᠠᠪᠤᠶ᠎ᠠ ᠬᠡᠰᠡᠨ ᠲᠦᠬᠦᠮᠬᠡᠨ ᠵᠤᠷᠢᠯᠭ᠎ᠠ ᠪᠠᠶᠢᠭᠰᠠᠨ ᠪᠤᠯ | ᠶᠠᠪᠤᠭᠠᠨ ᠳᠠᠭᠠᠨ ᠦᠯᠢᠭᠡᠷ ᠳᠡᠦᠬᠡ᠂ ᠤᠷᠠᠨ ᠵᠤᠬᠢᠶᠠᠯ ᠵᠡᠷᠭᠡ ᠤᠯᠠᠨ ᠲᠦᠷᠦᠯ ᠤᠨ ᠨᠤᠮ ᠴᠤᠭᠯᠠᠭᠤᠯᠬᠤ ᠰᠤᠨᠢᠷᠬᠠᠯ ᠲᠠᠢ | ᠪᠤᠯᠵᠤ ᠂ ᠪᠦᠷ ᠰᠡᠬᠦᠯ ᠳᠡᠭᠡᠨ ᠬᠡᠦᠬᠡᠳ ᠳᠡᠭᠦᠦᠨᠠᠷ ᠲᠡᠭᠡᠨ ᠦᠨᠳᠦᠰᠦᠳᠡᠨ ᠤ ᠡᠬᠡ ᠰᠤᠶᠤᠯ ᠢᠶᠠᠨ ᠳᠠᠨᠢᠭᠤᠯᠤᠨ | ᠤᠯᠠᠮᠵᠢᠯᠠᠬᠤ ᠬᠦᠰᠡᠯᠡᠩ ᠪᠤᠯᠵᠤ ᠳᠡᠯᠡᠭᠰᠡᠨ ᠢᠶᠠᠨ ᠲᠡᠷᠡ ᠨᠢᠭᠤᠯᠳᠠ ᠦᠬᠡᠢ ᠶᠠᠷᠢᠵᠤ ᠪᠠᠶᠢᠯ᠎ᠠ᠃ | ᠨᠤᠷᠪᠤᠰᠠᠩ ᠰᠤᠷᠪᠤᠯᠵᠢᠯᠠᠭ᠎ᠠ ᠬᠦᠯᠢᠶᠡᠬᠦ ᠳᠡᠭᠡᠨ᠄ ︽ᠦᠨᠦᠳᠦᠷ ᠪᠤᠯᠬᠤ ᠳᠤ ᠨᠤᠷᠪᠤᠰᠠᠩ ᠮᠤᠩᠭᠤᠯ ᠳᠡᠦᠬᠡ | ᠰᠤᠳᠤᠯᠤᠯ᠂ ᠮᠠᠯ ᠠᠵᠦ ᠠᠬᠤᠢ ᠶᠢᠨ ᠬᠡᠷᠡᠭᠯᠡᠭᠡᠨ ᠤ ᠮᠡᠷᠭᠡᠵᠢᠯ᠂ ᠦᠯᠢᠭᠡᠷ ᠲᠡᠤᠬᠡ᠂ ᠤᠷᠠᠨ ᠵᠤᠬᠢᠶᠠᠯ ᠵᠡᠷᠭᠡ 50 ᠭᠠᠷᠤᠢ | ᠲᠦᠷᠦᠯ ᠤᠨ 1000 ᠭᠠᠷᠤᠢ ᠳᠡᠪᠳᠡᠷ ᠨᠤᠮ ᠬᠠᠳᠠᠭᠠᠯᠠᠵᠤ ᠪᠠᠶᠢᠭ᠎ᠠ ᠪᠦᠬᠡᠳ ︽ ᠬᠦᠭᠡ ᠰᠤᠳᠤᠷ︾ ᠤᠨ1957 ᠤᠨ | ᠠᠴᠠ ᠨᠠᠰᠢᠬᠢ 9 ᠬᠡᠪᠯᠡᠯ ᠢ ᠢᠵᠢ ᠪᠦᠷᠢᠨ ᠴᠤᠭᠯᠠᠭᠤᠯᠤᠭᠰᠠᠨ ᠪᠠᠶᠢᠳᠠᠭ᠃ ᠡᠬᠦᠨ ᠠᠴᠠ ᠭᠠᠳᠠᠨ᠎ᠠ᠂ ᠭᠠᠳᠠᠭᠠᠳᠤ ᠶᠢᠨ | ᠤᠷᠠᠨ ᠵᠤᠬᠢᠶᠠᠯ᠂ ᠳᠡᠯᠡᠬᠡᠢ ᠶᠢᠨ ᠲᠡᠦᠬᠡ᠂ ᠳᠤᠮᠳᠠᠳᠤ ᠤᠯᠤᠰ ᠤᠨ ᠲᠡᠦᠬᠡ ᠪᠤᠯᠤᠨ ᠪᠤᠰᠤᠳ ᠳᠡᠦᠬᠡ ᠶᠢᠨ ᠬᠠᠮᠢᠶ᠎ᠠ | ᠪᠦᠬᠦᠢ ᠡᠷᠳᠡᠮ ᠰᠢᠨᠵᠢᠯᠡᠬᠡᠨ ᠤᠪᠢᠴᠢᠭ ᠮᠠᠲ᠋ᠧᠷᠢᠶᠠᠯ ᠢ ᠴᠤ ᠤᠯᠠᠨ ᠴᠤᠭᠯᠠᠭᠤᠯᠤᠭᠰᠠᠨ ᠪᠠᠶᠢᠨ᠎ᠠ᠃ ᠲᠡᠭᠡᠬᠦ ᠳᠤ ᠨᠤᠮ | ᠴᠤᠭᠯᠠᠭᠤᠯᠬᠤ ᠭᠡᠵᠦ ᠵᠢᠳᠬᠦᠭᠰᠡᠨ ᠨᠤᠷᠪᠤᠰᠠᠩ ᠶᠠᠮᠠᠷᠬᠠᠨ ᠬᠦᠴᠦ ᠬᠦᠳᠡᠯᠮᠤᠷᠢ᠂ ᠮᠦᠩᠬᠦ ᠵᠤᠭᠤᠰ ᠵᠠᠷᠤᠴᠠᠭᠤᠯᠤᠯ᠎ᠠ ᠭᠡᠵᠦ | ᠰᠠᠨᠠᠨ᠎ᠠ⁈ ᠡᠬᠡᠯ ᠵᠢᠷ ᠤᠨ ᠮᠠᠯᠴᠢᠨ ᠨᠤᠷᠪᠤᠰᠠᠩ ᠤᠨ ᠬᠤᠪᠢ ᠳᠤ ᠡᠨᠡᠬᠦ ᠮᠤᠩᠭᠤᠯ ᠭᠡᠷ ᠲᠠᠬᠢ ᠨᠤᠮ ᠤᠨ ᠰᠠᠩ ᠨᠢ | ᠠᠰᠢᠭ ᠤᠷᠤᠯᠭ᠎ᠠ ᠤᠯᠬᠤ ᠦᠢᠯᠡᠰ ᠪᠢᠰᠢ᠂ ᠬᠠᠷᠢᠨ ᠮᠠᠯᠵᠢᠯ ᠤᠨ ᠤᠷᠤᠯᠭ᠎ᠠ ᠠᠴᠠ ᠪᠠᠨ ᠬᠤᠪᠢᠶᠠᠯᠴᠠᠨ ᠪᠠᠶᠢᠵᠦ᠂ ᠨᠠᠭᠠᠳᠦ | ᠵᠠᠬ᠎ᠠ ᠨᠢ ᠦᠷ᠎ᠡ ᠬᠡᠤᠭᠡᠳ ᠰᠠᠳᠤᠨ ᠲᠦᠷᠦᠯ᠂ ᠤᠶᠢᠷ᠎ᠠ ᠵᠡᠷᠭᠡᠯᠡᠳᠡᠭᠡ ᠮᠠᠯᠴᠢᠨ ᠲᠦᠮᠡᠨ ᠳᠡᠭᠡᠨ ᠴᠦ ᠶᠠᠭᠠᠬᠢᠮᠠᠢ᠂ ᠢᠯᠡᠬᠦᠭᠡᠨ | ᠨᠤᠮ ᠤᠩᠰᠢᠭᠤᠯᠬᠤ ᠶᠣᠮᠰᠠᠨ ᠬᠡᠰᠡᠨ ᠠᠷᠢᠭᠤᠬᠠᠨ ᠪᠤᠳᠤᠯ ᠢᠶᠠᠨ ᠦᠢᠯᠡᠳᠦᠯᠭᠡᠵᠢᠬᠦᠯᠦᠭᠰᠡᠨ ᠪᠠᠶᠢᠯ᠎ᠠ︾ ᠭᠡᠯᠡ᠃ | ᠨᠤᠮ ᠪᠢᠴᠢᠭ ᠲᠠᠢ ᠨᠦᠬᠦᠷᠯᠠᠵᠦ᠂ ᠨᠤᠮ ᠤᠡᠭᠰᠢᠬᠤ ᠰᠠᠶᠢᠬᠠᠨ ᠲᠠᠳᠬᠠᠯ ᠢᠶᠠᠨ ᠤᠯᠠᠨ ᠵᠢᠯ ᠤᠨ ᠲᠤᠷᠰᠢ | ᠪᠠᠷᠢᠮᠳᠠᠯᠠᠭᠰᠠᠭᠠᠷ ᠢᠷᠡᠭᠰᠡᠨ ᠨᠤᠷᠪᠤᠰᠠᠩ ᠮᠤᠩᠭᠤᠯ ᠳᠡᠦᠬᠡ᠂ ᠦᠵᠦᠮᠦᠴᠢᠨ ᠤ ᠰᠤᠶᠤᠯ ᠳᠡᠦᠬᠡ ᠂ ᠵᠠᠩ ᠳᠠᠳᠬᠠᠯ᠂ | ᠲᠦᠷᠦ ᠶᠢᠨ ᠪᠤᠳᠤᠯᠭ᠎ᠠ ᠶᠢᠨ ᠬᠠᠮᠢᠶᠠᠳᠠᠢ ᠨᠤᠮ ᠢ ᠤᠯᠠᠨ ᠤᠩᠰᠢᠨ᠂ ᠨᠤᠮ ᠳᠡᠪᠳᠡᠷ ᠢᠶᠠᠷ ᠠᠮᠢᠳᠤᠷᠠᠯ ᠤᠨ ᠠᠭᠤᠯᠭ᠎ᠠ ᠪᠠᠨ | ᠪᠠᠶᠠᠯᠢᠭᠵᠢᠭᠤᠯᠤᠭᠰᠠᠨ ᠪᠣᠯ ᠨᠤᠮ ᠲᠡᠭᠦᠨ ᠳᠤ ᠠᠵᠠ ᠵᠢᠷᠭᠠᠯ ᠤᠨ ᠲᠦᠯᠬᠢᠬᠦᠷ ᠢ ᠭᠠᠷᠳᠠᠭᠤᠯᠵᠠᠢ᠃ ᠰᠢᠨ᠎ᠡ ᠴᠠᠭ ᠦᠶ᠎ᠡ | ᠶᠢᠨ ᠵᠠᠯᠠᠭᠤ ᠮᠠᠯᠴᠢᠨ ᠪᠤᠯᠤᠭᠰᠠ ᠲᠡᠷᠡ ᠪᠠᠷ᠂ ᠮᠦᠨᠴᠤ ᠰᠢᠨᠵᠢᠯᠡᠬᠦ ᠤᠬᠠᠭᠠᠨᠴᠢ ᠮᠠᠯ ᠠᠵᠤ ᠠᠬᠤᠢ ᠶᠢᠨ ᠡᠵᠡᠩᠨᠡᠯᠳᠠ ᠶᠢᠨ | ᠵᠠᠮ ᠢ ᠢᠳᠡᠪᠬᠢᠳᠠᠢ ᠰᠦᠪᠡᠭᠴᠢᠯᠡᠨ᠂ ᠡᠨᠡ ᠵᠢᠯ ᠤᠨ 2 ᠰᠠᠷ᠎ᠠ ᠳᠤ ᠠᠦ᠋ᠰᠲᠷᠯᠢᠶ᠎ᠠ ᠠᠴᠠ 30 ᠬᠠᠶᠢᠹᠦᠲ᠋ᠧ ᠦᠬᠡᠷ | ᠤᠷᠤᠭᠤᠯᠤᠨ ᠠᠪᠴᠢᠷᠠᠵᠤ᠂ 2000 ᠭᠠᠷᠤᠢ ᠮᠤ᠋ ᠨᠤᠳᠤᠭ ᠪᠡᠯᠴᠢᠭᠡᠷ ᠲᠡᠭᠡᠨ 200 ᠰᠢᠬᠠᠮ ᠬᠤᠨᠢ ᠲᠠᠢ ᠪᠠᠨ | ᠵᠤᠬᠢᠴᠠᠭᠤᠯᠤᠨ ᠮᠠᠯᠵᠢᠵᠤ᠂ ᠨᠢᠳᠤᠨᠤᠨ ᠵᠢᠯ ᠤᠨ ᠤᠷᠤᠯᠭ᠎ᠠ ᠪᠠᠷᠤᠭ 40 ᠲᠦᠮᠡ ᠭᠠᠷᠤᠢ ᠲᠦᠬᠦᠷᠢᠭ ᠲᠤ ᠬᠦᠷᠴᠤ᠂ | ᠦᠭᠡᠳᠡᠷᠭᠡᠭ ᠠᠮᠢᠳᠤᠷᠠᠯ ᠢᠶᠠᠨ ᠴᠤᠭᠴᠠᠯᠠᠵᠤ ᠶᠠᠪᠤᠨ᠎ᠠ᠃ | | | | | | | | | | | | | | | | | | | | |