ᠴᠢᠨᠳᠠᠭᠠᠨ ᠴᠠᠭᠠᠨ ᠠᠳᠤᠭᠤ ᠪᠠᠷ ᠢᠶᠠᠨ ᠴᠢᠨᠳᠠᠮᠤᠨᠢᠳᠦ ᠶᠢᠨ ᠡᠩᠭᠡᠷ ᠢ ᠴᠢᠮᠡᠭᠰᠡᠨ ᠠᠳᠤᠭᠤᠴᠢᠨ
ᠨᠡᠶᠢᠲᠡᠯᠡᠭᠰᠡᠨ ᠴᠠᠭ᠄
2021/9/8
        ᠴᠢᠨᠳᠠᠭᠠᠨ ᠴᠠᠭᠠᠨ ᠠᠳᠤᠭᠤ ᠪᠠᠷ ᠢᠶᠠᠨ ᠴᠢᠨᠳᠠᠮᠤᠨᠢᠳᠦ ᠶᠢᠨ ᠡᠩᠭᠡᠷ ᠢ ᠴᠢᠮᠡᠭᠰᠡᠨ ᠠᠳᠤᠭᠤᠴᠢᠨ                                        ᠡᠨᠡ ᠵᠢᠯ ᠲᠠᠯᠠᠨ ᠨᠢᠬᠡᠳᠠᠢ ᠨᠠᠰᠤᠠᠬᠡᠷᠡᠯ ᠨᠠᠰᠤᠳᠠᠨ ᠪᠤᠯ ᠪᠠᠶᠠᠩᠬᠤᠸᠠ ᠪᠠᠯᠭᠠᠰᠤᠨ ᠤ ᠬᠠᠷᠠᠭᠠᠨᠠᠳᠠᠢ ᠭᠠᠴᠠᠭᠠᠨ ᠤ ᠬᠠᠰᠢᠷ ᠮᠠᠯᠴᠢᠨ᠂ ᠵᠠᠯᠠᠭᠤ ᠽᠠᠠᠳᠠᠨ ᠨᠠᠰᠤᠨ ᠠᠴᠠ ᠵᠠᠵᠢᠨ ᠪᠤᠭᠤᠷᠤᠯ ᠪᠤᠯᠳᠠᠯ᠎ᠠ ᠵᠢᠯ ᠤᠨ ᠲᠦᠷᠪᠡᠨ ᠤᠯᠠᠷᠢᠯ ᠤᠨ ᠨᠠᠷᠠ᠂ ᠰᠠᠯᠬᠢ ᠲᠠᠢ 365 ᠡᠳᠦᠷ ᠢ ᠰᠦᠷᠦᠭ ᠤᠨ ᠢᠶᠠᠨ ᠵᠠᠬ᠎ᠠ ᠳᠤ ᠡᠯᠡᠬᠡᠵᠦ᠂ ᠬᠢᠭᠰᠡᠨ ᠪᠦᠳᠦᠬᠡᠭᠰᠡᠨ ᠠᠵᠢᠯ ᠦᠢᠯᠡᠰ ᠢᠶᠠᠨ ᠲᠦᠮᠡᠨ ᠤ ᠨᠢᠳᠦᠨ ᠳᠤ ᠭᠠᠶᠢᠬᠠᠭᠤᠯᠵᠦ᠂ ᠬᠦᠦ ᠦᠬᠢᠨ ᠨᠠᠢᠮᠠᠨ ᠬᠡᠥᠭᠡᠳ ᠢᠶᠠᠨ ᠰᠤᠷᠭᠠᠭᠤᠯᠢ ᠰᠤᠶᠤᠯ ᠤᠨ ᠮᠦᠷ ᠬᠦᠬᠡᠬᠡᠯᠬᠡᠵᠦ᠂ ᠮᠤᠷᠢᠨ ᠨᠢᠷᠤᠭᠤᠨ ᠲᠡᠭᠡᠷ᠎ᠡ ᠠᠮᠢᠳᠤᠷᠠᠯ ᠦᠢᠯᠡᠰ ᠢᠶᠠᠨ ᠪᠤᠰᠬᠠᠨ᠂ ᠬᠦᠮᠦᠨ ᠵᠤᠨ ᠤ ᠪᠠᠨ ᠲᠤᠮᠳᠠ ᠨᠢᠷᠤᠭᠤ ᠬᠡᠳᠡᠭᠡᠷ ᠶᠠᠪᠤᠭᠰᠠᠨ ᠠᠵᠢᠯᠴᠢ ᠬᠦᠮᠦᠨ᠂ ᠠᠷᠭ᠎ᠠ ᠲᠤᠷᠰᠢᠯᠭ᠎ᠠ ᠲᠠᠢ ᠠᠬᠠᠮᠠᠳ ᠮᠠᠯᠴᠢᠨ ᠶᠤᠮ᠃ ᠤᠳᠤ ᠴᠠᠭ ᠲᠤ ᠵᠠᠯᠠᠭᠤᠴᠤᠳ ᠴᠦ ᠮᠠᠯ ᠰᠦᠷᠦᠭ ᠤᠨ ᠢᠶᠠᠨ ᠵᠠᠬ᠎ᠠ ᠪᠠᠷ ᠮᠠᠰᠢᠨ ᠮᠤᠲ᠋ᠤᠷ ᠢᠶᠠᠷ ᠡᠷᠬᠢᠭᠡᠳ ᠢᠷᠡᠵᠦ ᠪᠠᠶᠢᠬᠤ ᠳᠤ᠂ ᠨᠠᠰᠤᠳᠠᠨ ᠭᠤᠸᠠᠢ ᠬᠡᠳᠦᠶᠢᠪᠡᠷ ᠲᠠᠯᠠ ᠶᠢᠨ ᠲᠠᠪᠠᠭ᠎ᠠ ᠶᠢ ᠲᠠᠪᠠᠭᠰᠠᠨ ᠪᠤᠯᠪᠠᠴᠦ ᠪᠡᠶ᠎ᠡ ᠮᠠᠬᠠᠪᠤᠳ ᠡᠷᠡᠬᠦᠯ ᠲᠡᠩᠬᠡᠯᠡᠬᠦᠨ ᠪᠠᠶᠢᠵᠦ᠂ ᠬᠡᠥᠭᠡᠳ ᠤᠳ ᠨᠢ ᠠᠶᠢᠯ ᠬᠡᠷ ᠤᠨ ᠡᠵᠡᠨ ᠪᠤᠯᠵᠦ ᠠᠳᠤᠭᠤ ᠮᠠᠯ ᠢᠶᠠᠨ ᠡᠵᠡᠮᠳᠡᠵᠦ ᠪᠠᠶᠢᠪᠠᠴᠦ ᠨᠠᠰᠤᠳᠠᠨ ᠭᠤᠸᠠᠢ ᠮᠥᠨ ᠯᠠ ᠮᠠᠯ ᠤᠨ ᠢᠶᠠᠨ ᠵᠠᠬ᠎ᠠ ᠠᠴᠠ ᠬᠤᠯᠠᠳᠠᠵᠦ᠂ ᠮᠤᠷᠢᠨ ᠨᠢᠷᠤᠭᠤᠨ ᠠᠴᠠ ᠪᠠᠨ ᠪᠠᠭᠤᠭ᠎ᠠ ᠦᠬᠡᠢ ᠡᠳᠦᠷ ᠪᠦᠷᠢ ᠠᠳᠤᠭᠤ ᠮᠠᠯ  ᠢᠶᠠᠨ ᠡᠷᠬᠢᠵᠦ ᠬᠤᠷᠢᠶᠠᠬᠤ ᠪᠠᠷ ᠶᠠᠪᠤᠬᠤ ᠳᠠᠭᠠᠨ ᠮᠤᠷᠢᠨ ᠳᠤ ᠪᠠᠨ ᠮᠤᠷᠳᠠᠭᠰᠠᠭᠠᠷ ᠪᠠᠶᠢᠭ᠎ᠠ ᠨᠢ ᠪᠢᠰᠢᠷᠡᠭᠦᠰᠢᠲᠠᠢ ᠪᠢᠯᠡ᠃
   ᠨᠠᠰᠤᠠᠬᠡᠷᠡᠯ ᠭᠤᠸᠠᠢ᠂ ᠮᠠᠯ ᠰᠦᠷᠦᠭ ᠢ ᠡᠷᠦᠬᠡ ᠳᠤ ᠲᠠᠭᠠᠭᠠᠴᠢᠯᠠᠭᠤᠯᠬᠤ ᠦᠶ᠎ᠡ ᠳᠤ ᠬᠤᠪᠢᠳᠠᠵᠦ ᠤᠯᠤᠭᠰᠠᠨ ᠮᠠᠯ ᠰᠦᠷᠦᠭ ᠢᠶᠠᠨ ᠮᠠᠯᠴᠢᠨ ᠬᠦᠮᠦᠨ ᠤ ᠮᠢᠩᠭᠠᠨ ᠤᠬᠠᠭᠠᠨ ᠢᠶᠠᠷ ᠲᠦᠷᠪᠡᠨ ᠤᠯᠠᠷᠢᠯ ᠤᠨ ᠪᠡᠯᠴᠢᠭᠡᠷ ᠤᠰᠤ ᠶᠢ ᠨᠢ ᠲᠤᠬᠢᠷᠠᠭᠤᠯᠤᠨ ᠴᠢᠠᠳᠠᠮᠤᠨᠢᠳᠦ ᠶᠢᠨ ᠠᠭᠤᠯᠠ ᠶᠢᠨ ᠢᠶᠠᠨ ᠠᠬᠢ ᠲᠠᠭᠠᠨ᠎ᠠ ᠲᠠᠢ ᠰᠤᠷᠭᠤᠭ ᠪᠡᠯᠴᠢᠭᠡᠷ ᠲᠤ ᠮᠠᠯ ᠰᠦᠷᠦᠭ  ᠢᠶᠠᠨ ᠨᠢᠮᠪᠠᠢ ᠰᠠᠶᠢᠬᠠᠨ ᠠᠷᠠᠴᠢᠯᠠᠨ ᠮᠠᠯᠵᠢᠵᠦ ᠦᠰᠬᠡᠭᠰᠡᠨ ᠢᠶᠠᠷ ᠪᠤᠳᠠ ᠪᠤᠭ ᠮᠠᠯ ᠨᠢ 1500 ᠶᠢ ᠲᠠᠪᠠᠭᠤᠯᠵᠦ᠂ ᠬᠤᠪᠢᠳᠠᠵᠦ ᠤᠯᠤᠭᠰᠠᠨ ᠮᠠᠯ ᠢᠶᠠᠨ 15 ᠲᠠᠬᠢᠨ ᠢᠶᠠᠷ ᠦᠰᠭᠡᠵᠦ᠂ ᠰᠤᠮᠤ ᠭᠠᠴᠠᠭᠠᠨ ᠤ ᠪᠠᠨ ᠠᠷᠠᠳ ᠤᠨ ᠲᠦᠯᠦᠬᠡᠯᠡᠭᠴᠢ  ᠪᠠᠷ ᠰᠤᠩᠭᠤᠭᠳᠠᠵᠦ ᠪᠠᠶᠢᠭᠰᠠᠨ ᠮᠠᠯᠴᠢᠨ ᠬᠦᠮᠦᠨ ᠶᠤᠮ᠃
      ᠠᠳᠤᠭᠤᠨ ᠳᠤ ᠲᠤᠷ᠎ᠠ ᠲᠠᠢ᠂ ᠬᠦᠶᠦᠳᠡᠭ ᠮᠤᠷᠢᠨ ᠳᠤ ᠪᠠᠭ᠋ᠠᠳᠠᠢ ᠪᠠᠶᠢᠳᠠᠭ ᠨᠠᠰᠤᠳᠠᠨ ᠭᠤᠸᠠᠢ  ᠨᠠᠶᠠᠭᠠᠳ ᠤᠨ ᠤ ᠲᠤᠮᠳᠠᠴᠢ ᠠᠴᠠ ᠰᠠᠨᠠᠭᠠᠨ ᠳᠤᠨᠢ ᠲᠠᠭᠠᠰᠢᠶᠠᠭᠳᠠᠭᠰᠠᠨ ᠮᠤᠷᠢᠳ ᠢᠶᠠᠨ ᠤᠶᠠᠵᠦ᠂ ᠠᠳᠤᠭᠤᠴᠢᠨ ᠬᠦᠮᠦᠨ ᠤ ᠪᠠᠶᠠᠷ ᠪᠠᠭ᠋ᠠᠳᠤᠯ  ᠢ ᠡᠳ᠋ᠯᠡᠨ᠂ ᠨᠤᠳᠤᠭ ᠤᠰᠤᠨ ᠤ ᠪᠠᠨ ᠶᠡᠭᠡ ᠪᠠᠭ᠎ᠠ ᠨᠠᠶᠢᠷ ᠨᠠᠭᠠᠳᠤᠮ ᠢᠶᠠᠷ ᠮᠤᠷᠢᠳ ᠢᠶᠠᠨ ᠤᠷᠤᠯᠳᠤᠭᠤᠯᠵᠦ ᠰᠠᠶᠢᠬᠠᠨ ᠬᠦᠶᠦᠯᠬᠡᠵᠦ ᠪᠠᠶᠢᠵᠠᠢ᠃
       ᠠᠳᠤᠭᠤ ᠪᠠᠷ ᠢᠶᠠᠨ ᠪᠠᠭ᠋ᠠᠷᠬᠠᠵᠦ᠂ ᠠᠳᠤᠭᠤ ᠮᠠᠯ ᠢᠶᠠᠨ ᠦᠨᠢᠷ ᠦᠰᠭᠡᠨ᠂ ᠤᠯᠠᠨ ᠠᠳᠤᠭᠤ ᠲᠠᠢ ᠪᠤᠯᠬᠤ ᠨᠢᠬᠡ ᠯᠠ ᠬᠦᠰᠡᠯ ᠢᠶᠠᠷ ᠴᠢᠷᠮᠠᠶᠢᠭᠰᠠᠨ ᠠᠴᠠ ᠠᠳᠤᠭᠤ ᠨᠢ ᠰᠠᠶᠢᠬᠠᠨ ᠦᠰᠴᠦ᠂ 2011 ᠤᠨ ᠠᠴᠠ ᠴᠠᠭᠠᠨ ᠠᠳᠤᠭᠤ ᠶᠢ ᠭᠤᠤᠯᠳᠠᠯᠭ᠎ᠠ ᠲᠠᠢ ᠦᠰᠬᠡᠭᠰᠡᠨ ᠢᠶᠠᠷ 7 ᠴᠠᠭᠠᠨ ᠠᠵᠢᠷᠭ᠎ᠠ ᠲᠠᠢ᠂ 100 ᠭᠠᠷᠤᠢ ᠴᠠᠭᠠᠨ ᠠᠳᠤᠭᠤ ᠲᠠᠢ ᠪᠤᠯᠵᠦ᠂ ᠬᠤᠰᠢᠭᠤᠨ ᠤ ᠪᠠᠨ ᠴᠠᠭᠠᠨ ᠠᠳᠤᠭᠤᠨ ᠤ ᠭᠤᠤᠯᠳᠠᠯᠭᠠᠳᠦ ᠡᠷᠦᠬᠡ ᠪᠤᠯᠵᠠᠢ᠃ ᠤᠳᠤ ᠡᠳᠡᠨᠠᠶᠢᠬᠢᠨ 200 ᠭᠠᠷᠤᠢ ᠠᠳᠤᠭᠤ᠂ 100 ᠢᠯᠠᠬᠦᠦ ᠦᠬᠡᠷ᠂ 600 ᠭᠠᠷᠤᠢ ᠦᠵᠦᠮᠦᠴᠢᠨ ᠬᠤᠨᠢ ᠮᠠᠯᠵᠢᠵᠦ᠂ ᠵᠢᠯ ᠤᠨ ᠤᠷᠤᠯᠭ᠎ᠠ ᠨᠢ 100 ᠭᠠᠷᠤᠢ ᠲᠦᠮᠡᠨ ᠲᠦᠭᠦᠷᠢᠭ ᠲᠤ ᠬᠦᠷᠴᠦ᠂ ᠬᠡᠥᠭᠡᠳ ᠠᠴᠢ ᠨᠠᠷ ᠲᠠᠢ ᠪᠠᠨ ᠬᠡᠳᠦᠨ ᠬᠡᠷ ᠤᠨ ᠬᠤᠷᠢᠭᠠᠳ ᠬᠦᠮᠦᠨ ᠠᠮᠠ  ᠲᠠᠢ ᠵᠤᠯ ᠵᠢᠷᠭᠠᠯ ᠲᠠᠢ ᠰᠠᠶᠢᠬᠠᠨ ᠬᠡᠷ ᠪᠦᠯᠢ ᠳᠡᠭᠡᠨ ᠦᠳᠡᠯᠦᠬᠡ ᠨᠠᠰᠤᠨ ᠤ ᠪᠠᠨ ᠪᠠᠶᠠᠷ ᠵᠢᠷᠭᠠᠯ ᠢ ᠡᠳ᠋ᠯᠡᠨ᠂ ᠦᠷ᠎ᠡ ᠬᠡᠥᠭᠡᠳ ᠤᠨ ᠢᠶᠠᠨ ᠰᠠᠶᠢᠬᠠᠨ ᠢ ᠦᠵᠡᠵᠦ᠂ ᠬᠡᠥᠭᠡᠳ ᠠᠴᠢ ᠨᠠᠷ ᠤᠨ ᠢᠶᠠᠨ ᠨᠦᠮᠦᠷᠢ ᠲᠦᠰᠢᠭ ᠨᠢ ᠪᠤᠯᠵᠦ᠂ ᠴᠢᠨᠳᠠᠮᠤᠨᠢᠳᠦ ᠶᠢᠨ ᠠᠭᠤᠯᠠ ᠶᠢᠨ ᠢᠶᠠᠨ ᠲᠤᠷᠭᠠᠨ ᠪᠡᠯᠴᠢᠭᠡᠷ ᠢᠶᠠᠷ ᠢᠷᠠᠶᠢᠬᠤ ᠰᠦᠷᠦᠭ ᠤᠨ ᠢᠶᠠᠨ ᠵᠠᠬ᠎ᠠ ᠶᠢ ᠲᠠᠷᠤᠨ᠂ ᠬᠦᠯᠦᠭ ᠤᠨ ᠢᠶᠠᠨ ᠨᠢᠷᠤᠭᠤᠨ ᠳᠤ ᠬᠠᠩᠬᠠᠶᠢᠨ ᠱᠤᠭᠰᠢᠭᠤᠯᠤᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号