ᠮᠠᠰᠢᠨ ᠳᠠᠭᠠᠨ ᠰᠠᠶᠢᠨ ᠬᠠᠳᠤᠯᠠᠩᠴᠢᠨ ᠪᠦᠰᠡᠬᠦᠢ
ᠨᠡᠶᠢᠲᠡᠯᠡᠭᠰᠡᠨ ᠴᠠᠭ᠄
2021/9/15
              ᠮᠠᠰᠢᠨ ᠳᠠᠭᠠᠨ ᠰᠠᠶᠢᠨ ᠬᠠᠳᠤᠯᠠᠩᠴᠢᠨ ᠪᠦᠰᠡᠬᠦᠢ          ᠪᠦᠰᠡᠭᠦᠢ  ᠬᠦᠮᠦᠨ   ᠢ ᠠᠶᠢᠯ ᠠᠮᠢᠳᠣᠷᠠᠯ ᠤᠨ ᠢᠶᠠᠨ ᠬᠠᠭᠠᠰ  ᠲᠣᠯᠭᠠᠭᠤᠷᠢ ᠭᠡᠳᠡᠭ᠂ ᠦᠢᠯᠡ  ᠣᠶᠣᠳᠠᠯ ᠳᠤ ᠲᠡᠮᠳᠡᠢ᠂ ᠠᠵᠢᠯ ᠬᠦᠳᠡᠯᠮᠦᠷᠢ ᠳᠤ ᠭᠠᠷᠮᠠᠭᠠᠢ ᠦᠢ ᠣᠯᠠᠨ ᠦᠵᠦᠮᠦᠴᠢᠨ ᠪᠦᠰᠡᠭᠦᠶᠢᠴᠣᠳ ᠤᠨ ᠨᠢᠭᠡ  ᠪᠤᠯ ᠮᠥᠩᠭᠦᠨᠴᠡᠴᠡᠭ ᠶᠣᠮ᠃
   ᠡᠯ᠎ᠡ ᠵᠦᠢᠯ ᠤᠨ ᠮᠠᠰᠢᠨ ᠪᠠᠭᠠᠵᠢ ᠶᠢ ᠰᠠᠨᠠᠭ᠎ᠠ ᠪᠠᠷ ᠢᠶᠠᠨ ᠬᠡᠷᠡᠭᠯᠡᠵᠦ ᠮᠠᠯ ᠮᠠᠯᠵᠢᠯ ᠳᠠᠭᠠᠨ ᠠᠰᠢᠭᠯᠠᠵᠦ ᠶᠠᠪᠤᠭ᠎ᠠ ᠮᠠᠯᠴᠢᠨ ᠪᠦᠰᠡᠬᠦᠢ ᠮᠦᠡᠭᠬᠦᠡᠴᠡᠴᠡᠭ ᠪᠤᠯ ᠪᠠᠷᠠᠭᠤᠨ ᠦᠵᠦᠮᠦᠴᠢᠨ ᠬᠤᠰᠢᠭᠤᠨ ᠤ ᠪᠠᠶᠠᠡᠬᠤᠰᠢᠭᠤ ᠰᠤᠮᠤᠨ ᠤ ᠰᠤᠩᠬᠢᠨ᠎ᠠ ᠭᠠᠴᠠᠭᠠᠨ ᠤ ᠮᠠᠯᠴᠢᠨ ᠶᠤᠮ᠃ ᠲᠡᠷᠡ ᠠᠶᠢᠯ ᠭᠡᠷ ᠪᠤᠯᠤᠭᠰᠠᠨ ᠠᠴᠠ ᠪᠠᠨ ᠨᠠᠰᠢ ᠲᠦᠷᠪᠡᠨ ᠣᠯᠠᠷᠢᠯ ᠤᠨ ᠡᠬᠡᠯᠵᠢ ᠬᠠᠯᠠᠭ᠎ᠠ ᠦᠬᠡᠢ ᠠᠵᠢᠯ ᠤᠳ ᠢ ᠨᠦᠬᠦᠷ ᠢᠶᠠᠨ  ᠬᠠᠮᠵᠢᠨ ᠬᠤᠶᠢᠰᠢ ᠰᠠᠭᠤᠯ ᠦᠭᠡᠢ ᠬᠢᠵᠦ ᠢᠷᠡᠭᠰᠡᠨ ᠪᠦᠭᠡᠳ ᠠᠶᠢᠯ ᠬᠡᠷ ᠤᠨ ᠢᠶᠠᠨ ᠡᠳᠦᠷ ᠲᠤᠳᠤᠮ ᠤᠨ ᠠᠵᠢᠯ ᠢ ᠴᠠᠭ ᠴᠠᠭ ᠲᠤᠨᠢ ᠠᠮᠵᠢᠭᠤᠯᠤᠨ ᠬᠢᠵᠦ᠂ ᠬᠡᠤᠬᠡᠳ ᠢᠶᠠᠨ ᠦᠰᠭᠡᠨ᠂ ᠠᠵᠢᠯ ᠬᠦᠳᠡᠯᠮᠦᠷᠢ  ᠶᠢᠨ ᠠᠮᠵᠢᠯᠳᠠ᠂  ᠦᠢᠯᠡ ᠤᠶᠤᠳᠠᠯ ᠤᠨ ᠤᠷᠠᠨ ᠢᠶᠠᠷ ᠢᠶᠠᠨ ᠨᠤᠲᠤᠭ ᠤᠰᠤᠨ ᠤ ᠬᠢ ᠪᠠᠨ ᠭᠠᠶᠢᠬᠠᠭᠤᠯᠵᠦ ᠶᠠᠪᠣᠵᠠᠢ᠃
   ᠲᠡᠷᠡᠪᠡᠷ ᠮᠠᠰᠢᠨ ᠮᠧᠬᠠᠨᠢᠭ ᠲᠤ ᠴᠦ ᠰᠠᠶᠢᠨ᠂ ᠵᠦᠪᠭᠡᠨ ᠮᠠᠰᠢᠨ ᠲᠷᠺᠲ᠋ᠤᠷ ᠵᠢᠯᠤᠭᠤᠳᠬᠤ ᠯᠡ ᠲᠡᠳᠦᠢ ᠪᠢᠰᠢ᠂ ᠡᠪᠡᠰᠦᠨ ᠮᠠᠰᠢᠨ ᠤ ᠪᠠᠨ ᠬᠢᠲᠤᠭ᠎ᠠ ᠶᠢ ᠪᠢᠯᠡᠬᠦᠳᠡᠬᠦ᠂ ᠡᠯᠡᠭᠳᠡᠭᠰᠡᠨ ᠲᠤᠨᠤᠭ ᠢ ᠵᠠᠰᠠᠵᠦ ᠰᠤᠯᠢᠬᠤ᠂ ᠰᠤᠯᠠᠷᠠᠭᠰᠠᠨ ᠡᠷᠬᠢ ᠱᠤᠷᠠᠭ ᠢ ᠨᠢ ᠴᠢᠩᠭᠠᠯᠠᠬᠤ ᠬᠡᠳ ᠶᠠᠭᠤ ᠪᠦᠬᠦᠨ ᠢ ᠦᠪᠡᠷ ᠢᠶᠠᠨ ᠤᠷᠤᠯᠳᠤᠴᠢᠬᠠᠳᠠᠭ ᠤᠷᠠᠪᠴᠢᠬᠠᠨ ᠪᠦᠰᠡᠬᠦᠢ ᠶᠤᠮ᠃    2018 ᠤᠨ ᠳᠤ ᠬᠤᠶᠠᠷ ᠬᠤᠤᠰ ᠬᠢᠲᠤᠭ᠎ᠠ ᠲᠠᠢ ᠡᠪᠡᠰᠦᠨ ᠮᠠᠰᠢᠨ ᠪᠠ ᠡᠪᠡᠰᠦ ᠪᠤᠭᠤᠵᠢᠯᠠᠬᠤ ᠮᠠᠰᠢᠨ ᠠᠪᠤᠭᠰᠠᠨ  ᠠᠴᠠ ᠪᠠᠨ ᠨᠠᠰᠢ ᠮᠦᠡᠭᠬᠦᠡᠴᠡᠴᠡᠭ ᠨᠦᠬᠦᠷ ᠲᠠᠢ ᠪᠠᠨ ᠬᠤᠶᠠᠭᠤᠯᠠ ᠦᠪᠡᠷ ᠤᠨ ᠢᠶᠠᠨ ᠬᠠᠳᠤᠯᠠᠩ   ᠢ ᠬᠠᠳᠤᠬᠤ ᠪᠠᠷ ᠪᠠᠷᠠᠬᠤ ᠦᠬᠡᠢ᠂ ᠦᠢᠷ᠎ᠠ ᠤᠷᠴᠢᠮ ᠤᠨ ᠠᠶᠢᠯ ᠤᠳ ᠤᠨ ᠢᠶᠠᠨ ᠬᠠᠳᠤᠯᠠᠩ ᠢ ᠬᠠᠳᠤᠵᠦ ᠪᠤᠭᠤᠵᠢᠯᠠᠨ᠂ ᠠᠷᠪᠠ ᠭᠠᠷᠤᠢ ᠲᠦᠮᠡᠨ ᠲᠦᠬᠦᠷᠢᠭ ᠤᠨ ᠴᠡᠪᠡᠷ ᠤᠷᠤᠯᠭ᠎ᠠ ᠤᠯᠵᠦ᠂ ᠠᠵᠦ ᠠᠮᠢᠳᠤᠷᠠᠯ ᠳᠠᠭᠠᠨ ᠨᠡᠮᠡᠷᠢ ᠪᠤᠯᠭᠠᠵᠦ ᠶᠠᠪᠤᠨ᠎ᠠ᠃
 
ᠢᠷᠡᠯᠲᠡ᠄ ᠪᠠᠷᠠᠭᠤᠨ ᠦᠵᠦᠮᠦᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号